ᠲᠦᠷᠦᠭᠦᠬᠡᠨ᠂ ︽ᠥᠪᠡᠷᠲᠡᠭᠡᠨ ᠵᠠᠰᠠᠬᠤ ᠣᠷᠣᠨ᠎ᠤ᠋ ᠬᠠᠪᠤᠷ᠎ᠤ᠋ᠨ ᠲᠠᠷᠢᠶᠠᠯᠠᠭ᠎ᠠ᠎ᠶ᠋ᠢᠨ ᠠᠨᠵᠢᠰᠦ︾ ᠵᠢ ᠡᠩ ᠲᠡᠷᠢᠬᠦᠨ᠎ᠳᠤ ᠪᠠᠶᠠᠨᠨᠠᠭᠤᠷ ᠬᠣᠲᠠᠳ᠋ᠤ᠌ ᠬᠦᠳᠡᠯᠭᠡᠪᠡ᠂ ᠡᠨᠡ ᠨᠢ ᠮᠠᠨ᠎ᠤ᠋ ᠣᠷᠣᠨ᠎ᠤ᠋ ᠬᠠᠪᠤᠷ᠎ᠤ᠋ᠨ ᠲᠠᠷᠢᠶᠠᠯᠠᠭ᠎ᠠ᠎ᠶ᠋ᠢᠨ ᠠᠵᠢᠯ ᠪᠠᠷᠠᠭᠤᠨ ᠡᠴᠡ ᠵᠡᠭᠦᠨᠰᠢ ᠢᠳᠡᠭ ᠢᠳᠡᠭ᠎ᠢᠶᠡᠷ ᠡᠬᠢᠯᠡᠭᠰᠡᠨᠢ᠋ ᠬᠠᠷᠠᠭᠤᠯᠵᠤ ᠪᠣᠢ᠃
ᠬᠠᠩᠭᠢᠨ ᠬᠣᠢᠲᠤ ᠬᠤᠰᠢᠭᠤᠨ᠎ᠤ᠋ ᠮᠧᠩ ᠬᠠᠢ ᠪᠠᠯᠭᠠᠰᠤᠨ᠎ᠤ᠋ ᠯᠢ ᠡᠯ ᠲᠣᠰᠬᠣᠨ᠎ᠤ᠋ ᠵᠢᠷᠭᠤᠳᠤᠭᠠᠷ ᠳᠤᠭᠤᠢᠯᠠᠩ᠎ᠤ᠋ᠨ ᠲᠠᠷᠢᠶᠠᠨ ᠳ᠋ᠤ ᠠᠷᠪᠠᠨ ᠬᠡᠳᠦᠨ ᠰᠠᠤᠷᠢ ᠲᠠᠷᠢᠶᠠᠯᠠᠩ᠎ᠤᠨ ᠮᠠᠰᠢᠨ ᠨᠠᠭᠠᠰᠢ ᠴᠠᠭᠠᠰᠢ ᠰᠦᠯᠵᠢᠯᠳᠦᠨ᠂ ᠡᠮᠬᠢ ᠴᠡᠭᠴᠡᠲᠡᠢ ᠠᠵᠢᠯᠯᠠᠵᠤ᠂ ᠮᠥᠬᠥᠯᠢᠭ ᠮᠦᠬᠦᠯᠢᠭ ᠪᠤᠭᠤᠳᠠᠢ᠎ᠶ᠋ᠢᠨ ᠦᠷ᠎ᠡ᠎ᠶ᠋ᠢ ᠵᠢᠭᠳᠡᠬᠡᠨ ᠲᠠᠷᠢᠨ᠎ᠠ᠃ 《ᠡᠨᠡ ᠵᠢᠯ ᠪᠢ 1000 ᠮᠦ᠍ ᠪᠤᠭᠤᠳᠠᠢ ᠲᠠᠷᠢᠬᠤ᠎ᠪᠠᠷ ᠲᠥᠯᠥᠪᠯᠡᠵᠦ ᠪᠠᠢᠨ᠎ᠠ᠂ ᠵᠢᠩ ᠪᠦᠷᠢ᠎ᠳ᠋ᠦ᠍ 1.5 ᠲᠥᠭᠥᠷᠢᠭ᠎ᠦ᠋ᠨ ᠪᠤᠭᠤᠳᠠᠢ ᠬᠤᠳᠠᠯᠳᠤᠨ ᠠᠪᠬᠤ ᠦᠨ᠎ᠡ᠎ᠪᠡᠷ ᠵᠦᠩ ᠯᠢᠶᠠᠩ ᠺᠣᠮᠫᠠᠨᠢ᠎ᠲᠠᠢ ᠬᠡᠯᠡᠯᠴᠡᠭᠡᠷ ᠲᠣᠭᠲᠠᠪᠠ᠂ ᠡᠭᠦᠨ᠎ᠦ᠌ ᠳᠡᠭᠡᠷ᠎ᠡ ᠤᠯᠤᠰ᠎ᠤ᠋ᠨ ᠨᠥᠬᠥᠪᠥᠷᠢ ᠵᠢᠴᠢ ᠪᠤᠭᠤᠳᠠᠢ᠎ᠶ᠋ᠢᠨ ᠳᠠᠷᠠᠭᠠᠬᠢ ᠳᠠᠬᠢᠨ ᠲᠠᠷᠢᠭᠰᠠᠨ ᠣᠷᠣᠯᠭ᠎ᠠ ᠪᠠᠨ ᠨᠡᠮᠡᠪᠡᠯ ᠮᠦ᠍ ᠪᠦᠷᠢ᠎ᠶ᠋ᠢᠨ ᠣᠷᠣᠯᠭ᠎ᠠ ᠪᠠᠷᠤᠭ 1800 ᠲᠥᠭᠥᠷᠢᠭ ᠣᠷᠴᠢᠮ ᠬᠦᠷᠦᠨ᠎ᠡ》 ᠭᠡᠵᠦ ᠯᠢ ᠡᠯ ᠲᠣᠰᠬᠣᠨ᠎ᠤ᠋ ᠲᠠᠷᠢᠶᠠᠴᠢᠨ ᠡᠦ ᠪᠢᠨ ᠪᠠᠷᠳᠠᠮᠬᠠᠨ ᠶᠠᠷᠢᠨ᠎ᠠ᠃
ᠣᠢᠯᠠᠭᠠᠭᠰᠠᠨ᠎ᠢ᠋ᠶ᠋ᠠᠷ᠂ ᠡᠨᠡ ᠵᠢᠯ ᠥᠪᠡᠷᠲᠡᠭᠡᠨ ᠵᠠᠰᠠᠬᠤ ᠣᠷᠣᠨ ︽ᠭᠣᠣᠯ ᠪᠣᠯᠬᠤ ᠠᠮᠤ ᠪᠤᠳᠠᠭ᠎ᠠ ᠲᠣᠰᠣᠨᠤ᠋ ᠲᠠᠷᠢᠮᠠᠯ᠎ᠤ᠋ᠨ ᠶᠡᠬᠡ ᠬᠡᠪᠴᠢᠶᠡᠨ᠎ᠤ ᠲᠠᠯᠠᠪᠠᠢ ᠨᠢᠭᠡᠴᠢ᠎ᠶ᠋ᠢᠨ ᠤᠨᠠᠯᠲᠠ᠎ᠶ᠋ᠢ ᠳᠡᠭᠡᠭᠰᠢᠯᠡᠭᠦᠯᠬᠦ ᠪᠦᠲᠦᠭᠡᠨ ᠪᠠᠢᠭᠤᠯᠤᠯᠲᠠ᠎ᠶ᠋ᠢᠨ ᠣᠨ︾ ᠢ᠋ ᠡᠬᠢᠯᠡᠭᠦᠯᠵᠦ᠂ ᠰᠢᠨ᠎ᠡ ᠨᠢᠭᠡ ᠡᠭᠡᠯᠵᠢ᠎ᠶ᠋ᠢᠨ ᠮᠢᠩᠭᠠᠨ ᠳ᠋ᠦᠩᠰᠢᠭᠤᠷ ᠵᠢᠩ ᠠᠮᠤ ᠪᠤᠳᠠᠭᠠᠨ᠎ᠤ᠋ ᠦᠢᠯᠡᠳᠪᠦᠷᠢᠯᠡᠯ᠎ᠦ᠋ᠨ ᠴᠢᠳᠠᠪᠤᠷᠢ᠎ᠶ᠋ᠢ ᠳᠡᠭᠡᠭᠰᠢᠯᠡᠭᠦᠯᠬᠦ ᠠᠵᠢᠯᠯᠠᠭ᠎ᠠ᠎ᠶ᠋ᠢ ᠪᠦᠬᠦ ᠬᠦᠴᠦᠨᠢ᠋ᠶ᠋ᠡᠷ ᠨᠠᠢᠳᠠᠪᠤᠷᠢᠵᠢᠭᠤᠯᠵᠤ᠂ ︽ᠲᠠᠷᠢᠮᠠᠯ᠎ᠤᠨ ᠲᠠᠯᠠᠪᠠᠢ᠎ᠵᠢ ᠲᠤᠭᠲᠠᠪᠤᠷᠢᠲᠠᠢ ᠪᠠᠢᠯᠭᠠᠬᠤ᠂ ᠮᠦ᠍ ᠨᠢᠭᠡᠴᠢ᠎ᠶᠢᠨ ᠤᠨᠠᠯᠲᠠ᠎ᠵᠢ ᠲᠡᠭᠡᠭᠰᠢᠯᠡᠭᠦᠯᠬᠦ᠂ ᠪᠦᠲᠦᠴᠡ᠎ᠶ᠋ᠢ ᠰᠢᠯᠢᠳᠡᠭᠵᠢᠭᠦᠯᠬᠦ᠂ ᠭᠠᠮᠰᠢᠭᠢ᠋ ᠪᠠᠭᠠᠰᠬᠠᠬᠤ︾ ᠪᠠᠷ ᠭᠣᠣᠯ ᠰᠢᠪᠲᠤᠯᠬᠤ ᠴᠢᠭᠯᠡᠯ ᠪᠣᠯᠭᠠᠵᠤ᠂ ᠠᠮᠤ ᠪᠤᠳᠠᠭ᠎ᠠ ᠲᠠᠷᠢᠬᠤ ᠲᠠᠯᠠᠪᠠᠢ᠎ᠶ᠋ᠢ ᠳ᠋ᠦᠩᠰᠢᠭᠤᠷ ᠮᠦ᠍᠎ᠡᠴᠡ ᠳᠡᠭᠡᠭᠰᠢ ᠲᠣᠭᠲᠠᠪᠤᠷᠢᠵᠢᠭᠤᠯᠵᠤ᠂ ᠤᠨᠠᠯᠲᠠ᠎ᠵᠢ 840 ᠳ᠋ᠦᠩᠰᠢᠭᠤᠷ ᠵᠢᠩ᠎ᠡᠴᠡ ᠳᠠᠪᠠᠭᠤᠯᠬᠤ ᠪᠠᠷ ᠴᠢᠷᠮᠠᠢᠨ᠎ᠠ᠃
ᠤᠯᠤᠰ᠎ᠤ᠋ᠨ ᠴᠢᠬᠤᠯᠠ ᠲᠠᠸᠠᠷ᠎ᠤ᠋ᠨ ᠠᠮᠤ ᠲᠣᠰᠣᠨᠤ᠋ ᠰᠠᠭᠤᠷᠢᠨ ᠪᠣᠯᠤᠭᠰᠠᠨ᠎ᠤ᠋ ᠬᠤᠪᠢ᠎ᠳ᠋ᠤ᠌᠂ ᠪᠠᠶᠠᠨᠨᠠᠭᠤᠷ ᠬᠣᠲᠠ ᠡᠨᠡ ᠵᠢᠯ ᠠᠮᠤ ᠪᠤᠳᠠᠭ᠎ᠠ ᠲᠠᠷᠢᠬᠤ ᠲᠠᠯᠠᠪᠠᠢ᠎ᠶ᠋ᠢ 595 ᠲᠦᠮᠡᠨ ᠮᠦ᠍᠂ ᠪᠤᠭᠤᠳᠠᠢ ᠲᠠᠷᠢᠬᠤ ᠲᠠᠯᠠᠪᠠᠢ᠎ᠶ᠋ᠢ 45 ᠲᠦᠮᠡᠨ ᠮᠦ᠍ ᠨᠠᠢᠳᠠᠪᠤᠷᠢᠵᠢᠭᠤᠯᠬᠤ᠎ᠪᠠᠷ ᠲᠥᠯᠥᠪᠯᠡᠵᠦ ᠪᠠᠢᠨ᠎ᠠ᠃ ᠲᠤᠰ ᠬᠣᠲᠠ ᠲᠥᠷᠥ᠎ᠶ᠋ᠢᠨ ᠪᠣᠳᠣᠯᠭ᠎ᠠ᠎ᠪᠠᠷ ᠳᠡᠮᠵᠢᠬᠦ ᠡᠷᠴᠢᠮᠢ᠋ᠶ᠋ᠡᠨ ᠦᠷᠭᠦᠯᠵᠢᠯᠡᠨ ᠴᠢᠩᠭᠠᠷᠠᠭᠤᠯᠵᠤ᠂ ᠪᠤᠭᠤᠳᠠᠢ᠎ᠶ᠋ᠢᠨ 《ᠨᠢᠭᠡ ᠰᠦᠷᠴᠢᠯ ᠭᠤᠷᠪᠠᠨ ᠰᠡᠷᠭᠡᠢᠯᠡᠯᠲᠡ》᠂ ᠲᠠᠷᠢᠶᠠᠨ ᠭᠠᠵᠠᠷ᠎ᠤ᠋ᠨ ᠬᠦᠴᠦᠨ᠎ᠦ᠌ ᠬᠠᠮᠠᠭᠠᠯᠠᠯᠲᠠ᠎ᠶ᠋ᠢᠨ ᠨᠥᠬᠥᠪᠥᠷᠢ ᠵᠡᠷᠭᠡ ᠪᠡᠯᠡ ᠮᠥᠩᠭᠥ᠎ᠶ᠋ᠢ ᠤᠷᠢᠳᠴᠢᠯᠠᠨ ᠪᠠᠭᠤᠯᠭᠠᠵᠤ᠂ ᠲᠥᠷᠥ᠎ᠶ᠋ᠢᠨ ᠪᠣᠳᠣᠯᠭ᠎ᠠ᠎ᠶᠢᠨ ᠵᠢᠯᠤᠭᠤᠳᠤᠮᠵᠢ ᠪᠤᠯᠤᠨ ᠪᠡᠯᠡ ᠮᠥᠩᠭᠥᠨ᠎ᠦ᠌ ᠦᠷ᠎ᠡ ᠪᠦᠲᠦᠮᠵᠢ᠎ᠶ᠋ᠢ ᠦᠨᠡᠨ ᠬᠦ᠌ ᠪᠠᠳᠠᠷᠠᠭᠤᠯᠤᠨ᠎ᠠ᠃ ᠡᠭᠦᠨ᠎ᠦ᠌ ᠬᠠᠮᠲᠤ᠂ ᠪᠤᠭᠤᠳᠠᠢ᠎ᠵᠢ ᠠᠯᠠᠭᠯᠠᠨ ᠲᠠᠷᠢᠬᠤ᠂ ᠡᠷᠳᠡᠨᠢ ᠰᠢᠰᠢ᠎ᠵᠢ ᠨᠢᠭᠲᠠ ᠲᠠᠷᠢᠬᠤ ᠵᠡᠷᠭᠡ 10 ᠵᠦᠢᠯ᠎ᠦ᠋ᠨ ᠦᠨᠳᠦᠷ ᠤᠨᠠᠯᠲᠠ᠎ᠶ᠋ᠢᠨ ᠮᠡᠷᠭᠡᠵᠢᠯ᠎ᠢ᠋ ᠲᠥᠯᠥᠪᠯᠡᠨ ᠳᠡᠯᠭᠡᠷᠡᠭᠦᠯᠵᠦ᠂ ᠰᠢᠨᠵᠢᠯᠡᠬᠦ ᠤᠬᠠᠭᠠᠨ ᠲᠸᠬᠨᠢᠭ ᠮᠡᠷᠭᠡᠵᠢᠯᠢ᠋ᠶ᠋ᠡᠷ ᠴᠢᠳᠠᠪᠤᠷᠢ ᠣᠯᠭᠣᠵᠤ᠂ ᠠᠮᠤ ᠪᠤᠳᠠᠭᠠᠨ᠎ᠤ᠋ ᠤᠨᠠᠯᠲᠠ᠎ᠵᠢ ᠨᠡᠮᠡᠭᠳᠡᠭᠦᠯᠬᠦ᠂ ᠲᠠᠷᠢᠶᠠᠴᠢᠳ᠎ᠤ᠋ᠨ ᠣᠷᠣᠯᠭ᠎ᠠ᠎ᠶ᠋ᠢ ᠨᠡᠮᠡᠭᠳᠡᠭᠦᠯᠬᠦ᠎ᠳᠤ ᠬᠦᠴᠦᠨ ᠨᠡᠮᠡᠷᠢᠯᠡᠨ᠎ᠡ᠃
《ᠪᠢᠳᠡ ᠬᠠᠪᠤᠷ᠎ᠤ᠋ᠨ ᠲᠠᠷᠢᠶᠠᠯᠠᠭ᠎ᠠ᠎ᠶ᠋ᠢᠨ ᠦᠢᠯᠡᠳᠪᠦᠷᠢᠯᠡᠯ᠎ᠦ᠋ᠨ 〈ᠠᠩᠬᠠᠨ᠎ᠤ ᠲᠠᠢᠯᠠᠯᠳᠤᠭᠠᠨ〉 ᠢ᠋ ᠰᠠᠢᠲᠤᠷ ᠬᠢᠬᠦ ᠢᠲᠡᠭᠡᠯ ᠵᠣᠷᠢᠭᠲᠠᠢ ᠪᠠᠢᠵᠤ᠂ ᠪᠦᠬᠦ ᠵᠢᠯ᠎ᠦ᠋ᠨ ᠠᠮᠤ ᠪᠤᠳᠠᠭᠠᠨ᠎ᠤ᠋ ᠡᠯᠪᠡᠭ ᠬᠤᠷᠢᠶᠠᠯᠲᠠ᠂ ᠲᠠᠷᠢᠶᠠᠴᠢᠳ᠎ᠤ᠋ᠨ ᠣᠷᠣᠯᠭ᠎ᠠ᠎ᠶ᠋ᠢᠨ ᠨᠡᠮᠡᠭᠳᠡᠯᠢ᠋ ᠪᠠᠲᠤᠯᠠᠵᠤ᠂ ᠤᠯᠤᠰ᠎ᠤ᠋ᠨ ᠠᠮᠤ ᠪᠤᠳᠠᠭᠠᠨ᠎ᠤ᠋ ᠠᠮᠤᠷ ᠲᠦᠪᠰᠢᠨ᠎ᠢ᠋ ᠪᠠᠲᠤᠯᠠᠬᠤ᠂ ᠤᠯᠤᠰ᠎ᠤ᠋ᠨ ᠴᠢᠬᠤᠯᠠ ᠮᠠᠯ᠎ᠤ᠋ᠨ ᠠᠰᠢᠭ ᠰᠢᠮ᠎ᠡ ᠲᠠᠷᠢᠶᠠᠯᠠᠩ᠎ᠤᠨ ᠪᠦᠲᠦᠭᠡᠭᠳᠡᠬᠦᠨᠦ᠌ ᠦᠢᠯᠡᠳᠪᠦᠷᠢᠯᠡᠯ᠎ᠦ᠋ᠨ ᠰᠠᠭᠤᠷᠢᠨᠢ᠋ ᠪᠠᠢᠭᠤᠯᠬᠤᠳ᠋ᠤ᠌ ᠪᠠᠶᠠᠨᠨᠠᠭᠤᠷ᠎ᠤᠨ ᠬᠦᠴᠦ᠎ᠪᠡᠨ ᠡᠷᠭᠦᠨ᠎ᠡ》 ᠭᠡᠮᠡᠨ ᠪᠠᠶᠠᠨᠨᠠᠭᠤᠷ ᠬᠣᠲᠠ᠎ᠶ᠋ᠢᠨ ᠲᠠᠷᠢᠶᠠᠯᠠᠩ ᠮᠠᠯ ᠠᠵᠤ ᠠᠬᠤᠢ᠎ᠶ᠋ᠢᠨ ᠲᠣᠪᠴᠢᠶ᠎ᠠ᠎ᠶ᠋ᠢᠨ ᠲᠠᠷᠢᠮᠠᠯ᠎ᠤ᠋ᠨ ᠦᠢᠯᠡᠰ᠎ᠦ᠋ᠨ ᠰᠠᠯᠠᠭ᠎ᠠ᠎ᠶ᠋ᠢᠨ ᠳᠠᠷᠤᠭ᠎ᠠ ᠳ᠋ᠠᠩ ᠬᠣᠩ ᠪᠦᠸᠧ ᠢᠯᠡᠷᠬᠡᠢᠯᠡᠪᠡ᠃