2 ᠰᠠᠷ᠎ᠠ᠎ᠶ᠋ᠢᠨ 21 ᠤ᠋ ᠡᠳᠦᠷ᠂ ᠰᠤᠷᠪᠤᠯᠵᠢᠯᠠᠭ᠍ᠴᠢ ᠥᠪᠥᠷ ᠮᠣᠩᠭᠣᠯ᠎ᠤᠨ ᠺᠢᠨᠣ᠋᠎ᠶ᠋ᠢᠨ ᠪᠦᠯᠦᠭ᠌ᠯᠡᠯ᠎ᠡᠴᠡ ᠣᠢᠯᠠᠭᠠᠭ᠍ᠰᠠᠨ᠎ᠢᠶᠠᠷ᠂ ᠱᠢᠯᠢ᠎ᠶ᠋ᠢᠨ ᠭᠣᠣᠯ ᠠᠢᠮᠠᠭ᠎ᠤᠨ ᠨᠠᠮ᠎ᠤᠨ ᠬᠣᠷᠢᠶ᠎ᠠ ᠵᠢᠨ ᠤᠬᠠᠭᠤᠯᠬᠤ ᠬᠡᠯᠲᠡᠰ ᠪᠣᠯᠤᠨ ᠥᠪᠥᠷ ᠮᠣᠩᠭᠣᠯ᠎ᠤᠨ ᠺᠢᠨᠣ᠋᠎ᠶ᠋ᠢᠨ ᠪᠦᠯᠦᠭ᠌ᠯᠡᠯ᠎ᠦᠨ ᠬᠠᠮᠲᠤᠷᠠᠨ ᠦᠢᠯᠡᠳᠦᠭ᠌ᠰᠡᠨ《ᠮᠣᠩᠭᠣᠯ ᠮᠣᠷᠢ》 ᠭᠡᠬᠦ᠌ ᠪᠠᠷᠢᠮᠲᠠᠲᠤ ᠹᠢᠯᠢᠮ ᠢ᠋ ᠴᠠᠭᠠᠨ ᠰᠠᠷ᠎ᠠ᠎ᠶ᠋ᠢᠨ ᠱᠢᠨ᠎ᠡ᠎ᠶ᠋ᠢᠨ ᠬᠣᠶᠠᠷ ᠡᠴᠡ ᠱᠢᠨ᠎ᠡ᠎ᠶ᠋ᠢᠨ ᠲᠤᠯᠤᠭᠠᠨ ᠪᠣᠯᠲᠠᠯ᠎ᠠ ᠲᠥᠪ ᠤ᠋ᠨ ᠲᠧᠯᠸᠢᠰ ᠬᠤᠷᠢᠶ᠎ᠠ ᠵᠢᠨ ᠪᠠᠷᠢᠮᠳᠠᠳᠤ ᠹᠢᠯᠢᠮ ᠤ᠋ᠨ ᠰᠤᠪᠠᠭ᠎ᠲᠤ ᠠᠩᠬ᠎ᠠ ᠨᠡᠪᠲᠡᠷᠡᠭᠦᠯᠪᠡ᠃ ᠬᠣᠶᠠᠷ ᠵᠢᠯ ᠤ᠋ᠨ ᠴᠠᠭ ᠢ᠋ ᠬᠡᠷᠡᠭᠰᠡᠨ ᠨᠠᠷᠢᠨ ᠨᠢᠮᠪᠠᠢ ᠦᠢᠯᠡᠳᠦᠭᠰᠡᠨ ᠲᠤᠰ ᠪᠦᠲᠦᠭᠡᠯ ᠨᠢ ᠲᠠᠯ᠎ᠠ ᠨᠤᠲᠤᠭ᠎ᠤᠨ ᠮᠤᠯᠤᠷ ᠡᠷᠳᠡᠨᠢ ᠪᠤᠯᠬᠤ ᠮᠤᠷᠢ᠎ᠪᠠᠷ ᠠᠴᠢᠶᠠᠯᠠᠪᠤᠷᠢ ᠪᠣᠯᠭᠠᠵᠤ᠂ ᠳᠦᠷᠰᠦ ᠱᠢᠩᠭᠡᠭᠡᠯᠲᠡ᠎ᠪᠡᠷ ᠤᠶᠤᠨ ᠰᠠᠨᠠᠭᠠᠨ᠎ᠤ ᠠᠭᠤᠯᠤᠭ᠍ᠳᠠᠬᠤᠨ᠎ᠢ ᠲᠠᠢᠯᠪᠤᠷᠢᠯᠠᠵᠤ᠂ ᠮᠣᠩᠭᠣᠯ ᠮᠤᠷᠢᠨ᠎ᠤ ᠵᠣᠷᠢᠭ ᠰᠠᠨᠠᠭ᠎ᠠ᠎ᠶ᠋ᠢ ᠲᠦᠮᠡᠨ ᠤᠯᠠᠨ᠎ᠳᠦ ᠮᠡᠳᠡᠷᠡᠬᠦᠯᠪᠡ᠃
ᠲᠤᠰ ᠪᠠᠷᠢᠮᠲᠠᠲᠤ ᠹᠢᠯᠢᠮ ᠨᠢ ᠬᠥᠮᠦᠨ ᠬᠢᠭᠡᠳ ᠮᠣᠩᠭᠣᠯ ᠮᠤᠷᠢᠨ᠎ᠤ ᠬᠠᠷᠢᠯᠴᠠᠨ ᠲᠦᠱᠢᠯᠴᠡᠨ ᠤᠷᠤᠰᠢᠬᠤ ᠪᠡᠷ ᠰᠢᠵᠢᠮ ᠪᠣᠯᠭᠠᠵᠤ᠂ ᠵᠢᠷᠭᠤᠭᠠᠨ ᠪᠦᠯᠦᠭᠬᠤᠪᠢᠶᠠᠵᠤ ᠬᠥᠮᠦᠨ ᠪᠠ ᠮᠣᠷᠢᠨ ᠤ᠋ ᠬᠠᠮᠲᠤ ᠪᠡᠷ ᠤᠷᠤᠰᠢᠵᠤ ᠠᠮᠢᠳᠤᠷᠠᠬᠤ ᠠᠮᠢ ᠨᠠᠰᠤᠨ᠎ᠤ ᠬᠠᠭᠤᠳᠠᠰᠤ᠎ᠶ᠋ᠢ ᠳᠡᠯᠭᠡᠨ ᠦᠵᠡᠭᠦᠯᠪᠡ᠃ ᠦᠢᠯᠡᠳᠬᠦ ᠳᠤᠭᠤᠢᠯᠠᠩ ᠤ᠋ᠨ ᠬᠢᠨ ᠤᠯᠠᠭᠠᠶ᠂ ᠱᠢᠯᠢ᠎ᠶ᠋ᠢᠨ ᠭᠤᠤᠯ ᠵᠡᠷᠭᠡ ᠲᠠᠯ᠎ᠠ ᠨᠤᠲᠤᠭ᠎ᠤᠨ ᠬᠦᠨᠳᠦ ᠭᠦᠨᠵᠡᠭᠡᠢᠷᠡᠵᠦ᠍᠂ ᠰᠠᠯᠬᠢ ᠱᠢᠭᠤᠷᠭᠠᠨ᠎ᠢ ᠰᠥᠷᠥᠨ ᠦᠨᠡᠨ ᠪᠣᠳᠠᠲᠠᠶ ᠦᠵᠡᠭᠳᠡᠯ ᠢ᠋ ᠰᠢᠩᠬᠡᠬᠡᠨ ᠲᠡᠮᠳᠡᠭᠯᠡᠪᠡ᠃ ᠮᠣᠷᠢᠨ ᠨᠢᠷᠤᠭᠤᠨ ᠳᠡᠭᠡᠷᠡᠬᠢ ᠴᠠᠭ᠍ᠳᠠᠭ᠎ᠠ᠎ᠶ᠋ᠢᠨ ᠠᠩᠭᠢ ᠵᠢᠨ ᠬᠢᠨ ᠤ᠋ ᠲᠡᠭ᠎ᠡᠴᠡ ᠳᠣᠷᠣᠭ᠍ᠰᠢ 30 °C ᠤ᠋ᠨ ᠬᠦᠢᠳᠡᠨ ᠰᠠᠯᠬᠢᠨ᠎ᠳᠤ ᠬᠢᠯᠢ ᠬᠢᠵᠠᠭᠠᠷ᠎ᠢ ᠰᠠᠬᠢᠨ ᠬᠠᠮᠠᠭᠠᠯᠠᠵᠤ ᠪᠠᠢᠬᠤ ᠦᠨᠡᠨᠴᠢ ᠱᠢᠳᠤᠷᠭᠤ ᠵᠢ ᠲᠡᠮᠳᠡᠭᠯᠡᠭᠰᠡᠨ ᠡᠴᠡ ᠠᠪᠤᠭᠠᠳ ᠬᠡᠤᠬᠡᠳ ᠬᠢᠭᠡᠳ ᠮᠣᠷᠢᠨ ᠤ᠋ ᠳᠠᠰᠤᠯᠴᠠᠯ᠎ᠤᠨ ᠦᠯᠢᠬᠡᠷ᠎ᠢ ᠬᠦᠦᠷᠨᠢᠭᠰᠡᠨ ᠬᠦᠷᠳᠡᠯ᠎ᠠ; ᠮᠤᠷᠢᠨ ᠤ᠋ ᠡᠮᠴᠢ ᠦᠨ᠎ᠡ ᠲᠥᠯᠥᠪᠦᠷᠢ ᠥᠬᠡᠶ ᠪᠡᠷ ᠮᠤᠷᠢ ᠡᠮᠨᠡᠵᠤ ᠶᠠᠪᠤᠬᠰᠨᠨ ᠦᠢᠯᠡ ᠠᠵᠢᠯᠯᠠᠭ᠎ᠠ ᠡᠴᠡ ᠠᠪᠤᠭᠠᠳ ᠡᠮᠨᠢᠭ ᠰᠤᠷᠭᠠᠭ᠍ᠴᠢ᠎ᠶ᠋ᠢᠨ ᠤᠶᠤᠨ ᠤᠬᠠᠭᠠᠨ ᠬᠦᠷᠲᠡᠯ᠎ᠡ; ᠡᠮᠡᠭ᠌ᠲᠡᠢ ᠤᠨᠤᠭᠠᠴᠢ᠎ᠶ᠋ᠢᠨ ᠬᠠᠷᠪᠤᠵᠤ ᠨᠠᠮᠨᠠᠬᠤ ᠵᠢ ᠰᠤᠷᠤᠬᠰᠠᠨ ᠬᠠᠲᠠᠭᠤ ᠪᠠᠷᠢᠮᠲᠠᠯᠠᠯ ᠡᠴᠡ ᠠᠪᠤᠭᠠᠳ 20 ᠵᠢᠯ ᠠᠳᠤᠭᠤᠨ ᠰᠣᠶᠣᠯ᠎ᠢ ᠤᠯᠠᠮᠵᠢᠯᠠᠨ ᠵᠠᠯᠭᠠᠮᠵᠢᠯᠠᠭᠰᠠᠨ ᠠᠬᠠᠮᠠᠳ ᠳᠠᠰᠭᠠᠯᠵᠢᠭᠤᠯᠤᠭ᠍ᠴᠢ᠎ᠶ᠋ᠢᠨ ᠪᠠᠷᠢᠮᠲᠠᠯᠠᠯ ᠬᠦᠷᠲᠡᠯ᠎ᠡ ᠁ ᠠᠯᠢ ᠤᠯᠠᠨ ᠬᠠᠯᠠᠭᠤᠨ ᠳᠤᠯᠠᠭᠠᠨ᠂ ᠠᠮᠢᠳᠤᠯᠢᠭ ᠰᠠᠢᠬᠠᠨ ᠦᠯᠢᠭᠡᠷ ᠤ᠋ᠳ ᠨᠢ ᠬᠥᠮᠦᠨ ᠪᠠ ᠮᠣᠷᠢ᠎ᠶ᠋ᠢᠨ ᠲᠦᠰᠢᠯᠴᠡᠨ ᠤᠷᠤᠰᠢᠬᠤ ᠪᠠᠢᠳᠠᠯ ᠢ᠋ ᠦᠵᠡᠭᠦᠯᠵᠤ᠂ ᠨᠢᠳᠦᠨ ᠳ᠋ᠤ ᠦᠵᠡᠭᠳᠡᠵᠤ ᠭᠠᠷ ᠲᠤ᠌ ᠪᠠᠷᠢᠬᠳᠠᠬᠤ ᠠᠬᠤᠢ ᠠᠮᠢᠳᠦᠷᠠᠯ᠎ᠢᠶᠡᠷ ᠮᠣᠩᠭᠣᠯ ᠮᠤᠷᠢᠨ᠎ᠤ ᠵᠣᠷᠢᠭ ᠰᠠᠨᠠᠭ᠎ᠠ᠎ᠶ᠋ᠢ ᠲᠠᠢᠯᠪᠤᠷᠢᠯᠡᠪᠠ᠃
ᠣᠢᠯᠠᠭᠠᠭ᠍ᠰᠠᠨ᠎ᠢᠶᠠᠷ᠂ ᠲᠣᠰ ᠹᠢᠯᠢᠮ᠎ᠨᠢ ᠮᠣᠩᠭᠣᠯ ᠮᠣᠷᠢᠨ᠎ᠤ ᠬᠦᠶ᠋ᠲᠡᠨ᠎ᠳᠦ ᠲᠡᠰᠪᠦᠷᠢᠲᠡᠶ᠂ ᠦᠯᠦᠰᠭᠦᠯᠡᠩ ᠳ᠋ᠤ ᠲᠡᠰᠪᠦᠷᠢᠲᠡᠶ ᠠᠮᠢᠳᠤ ᠪᠣᠳᠠᠰ᠎ᠤᠨ ᠣᠨᠴᠠᠯᠢᠭ᠎ᠢ ᠢᠯᠡᠷᠡᠭᠦᠯᠦᠭ᠌ᠰᠡᠨ᠎ᠢᠶᠡᠷ ᠪᠠᠷᠠᠬᠤ ᠥᠬᠡᠶ᠂ ᠨᠠᠩ ᠴᠤ᠌ ᠲᠡᠭᠦᠨ᠎ᠦ ᠵᠤᠷᠢᠭ ᠰᠠᠨᠠᠭᠠᠨ᠎ᠤ ᠣᠲᠣ ᠦᠶ᠎ᠡ ᠳ᠋ᠡᠬᠢ ᠤᠯᠠᠮᠵᠢᠯᠠᠯᠳᠤ ᠠᠩᠬᠠᠷᠤᠯ᠎ᠢᠶᠠᠨ ᠲᠥᠪᠯᠡᠷᠡᠭᠦᠯᠵᠡᠶ᠄ ᠡᠮᠨᠢᠭ ᠰᠤᠷᠭᠠᠬᠤ ᠤᠯᠠᠮᠵᠢᠯᠠᠯᠲᠤ ᠠᠷᠭ᠎ᠠ ᠵᠢ ᠪᠠᠢᠭᠠᠯᠢᠯᠢᠭ ᠠᠷᠭ᠎ᠠ ᠳᠠᠢᠰᠢ ᠬᠤᠪᠢᠷᠠᠭᠤᠯᠤᠭᠰᠠᠨ᠂ ᠮᠣᠩᠭᠣᠯ ᠮᠣᠷᠢ᠎ᠶ᠋ᠢ ᠬᠣᠲᠠ᠎ᠳᠤ ᠣᠷᠣᠭᠤᠯᠵᠤ ᠬᠡᠦᠬᠡᠳ᠎ᠦᠨ ᠵᠢᠭᠠᠨ ᠰᠤᠷᠭᠠᠯᠲᠠ᠎ᠳᠤ ᠬᠡᠷᠡᠭ᠌ᠯᠡᠬᠦ᠌ ᠮᠣᠷᠢ ᠪᠤᠯᠭᠠᠭᠰᠠᠨ᠂ ᠠᠳᠤᠭᠤᠨ ᠰᠣᠶᠣᠯ ᠬᠢᠭᠡᠳ ᠤᠷᠤᠯᠳᠤᠭᠠᠨ ᠢ᠋ ᠠᠭᠤᠰᠤᠯᠴᠠᠭᠤᠯᠤᠭᠰᠠᠨ ᠵᠡᠷᠭᠡ᠎ᠨᠢ ᠮᠣᠩᠭᠣᠯ ᠮᠣᠷᠢᠨ᠎ᠤ ᠵᠣᠷᠢᠭ ᠰᠠᠨᠠᠭ᠎ᠠ᠎ᠶ᠋ᠢ ᠴᠠᠭ ᠦᠶ᠎ᠡ᠎ᠲᠡᠶ ᠵᠡᠷᠭᠡ᠎ᠪᠡᠷ ᠤᠷᠤᠭ᠍ᠰᠢᠯᠠᠭᠤᠯᠵᠤ᠂ ᠱᠢᠨ᠎ᠡ ᠴᠠᠭ ᠦᠶ᠎ᠡ᠎ᠳᠦ ᠱᠢᠨ᠎ᠡ ᠠᠮᠢᠵᠢᠷᠠᠯ᠎ᠤᠨ ᠬᠦᠴᠦᠨ᠎ᠲᠡᠶ ᠪᠣᠯᠭᠠᠵᠠᠶ᠃
ᠡᠨᠡ ᠬᠦ᠌ ᠰᠣᠳᠣᠨ ᠪᠦᠲᠦᠭᠡᠯ᠎ᠨᠢ ᠥᠪᠥᠷ ᠮᠣᠩᠭᠣᠯ᠎ᠤᠨ ᠰᠣᠶᠣᠯ᠎ᠢ ᠭᠦᠨ ᠠᠭᠤᠳᠠᠯᠵᠤ᠂ ᠮᠣᠷᠢ᠎ᠪᠠᠷ ᠬᠥᠮᠦᠨ᠎ᠢ ᠵᠦᠢᠷᠯᠡᠵᠦ᠍᠂ ᠬᠠᠢᠷ᠎ᠠ ᠰᠡᠳᠭᠢᠯᠭᠡ᠎ᠪᠡᠷ ᠬᠥᠮᠦᠨ᠎ᠢ ᠳᠣᠭ᠍ᠳᠣᠯᠤᠭᠤᠯᠵᠤ᠂ ᠦᠵᠡᠭ᠌ᠴᠢᠳ᠎ᠲᠦ ᠳᠦᠷᠰᠦ ᠰᠢᠩᠭᠡᠭᠡᠯᠳᠡ ᠪᠡᠷ ᠲᠠᠯ᠎ᠠ ᠨᠤᠲᠤᠭ᠎ᠤᠨ ᠪᠠᠲᠤ ᠰᠠᠬᠢᠯᠲᠠ᠎ᠶ᠋ᠢ ᠣᠢᠯᠠᠭᠠᠭᠤᠯᠵᠤ᠂ ᠦᠨᠳᠦᠰᠦᠲᠡᠨ᠎ᠦ ᠬᠠᠳᠠᠨ ᠵᠣᠷᠢᠭ᠎ᠢ ᠮᠡᠳᠡᠷᠡᠭᠦᠯᠵᠦ᠍᠂ ᠱᠢᠨ᠎ᠡ ᠴᠠᠭ ᠦᠶ᠎ᠡ᠎ᠶ᠋ᠢᠨ ᠤᠳᠭ᠎ᠠ ᠤᠷᠠᠯᠢᠭ᠎ᠤᠨ ᠵᠣᠬᠢᠶᠠᠨ ᠪᠦᠲᠦᠭᠡᠯᠭᠡ᠎ᠳᠦ ᠦᠵᠡᠰᠭᠦᠯᠡᠩᠲᠦ ᠰᠠᠢᠬᠠᠨ ᠥᠪᠥᠷ ᠮᠣᠩᠭᠣᠯ᠎ᠤᠨ ᠥᠩᠭᠡ ᠪᠤᠳᠤᠭ᠎ᠢ ᠨᠡᠮᠡᠷᠢᠯᠡᠭ᠌ᠰᠡᠨ ᠪᠠᠢᠨ᠎ᠠ᠃