ᠮᠥᠰᠥ ᠴᠠᠰᠤᠨ᠎ᠳᠦ ᠬᠤᠴᠢᠭ᠍ᠳᠠᠭ᠍ᠰᠠᠨ ᠬᠠᠯᠬᠠᠭᠤᠤᠯ ᠨᠢ ᠨᠡᠯᠦᠭᠡᠷ ᠠᠭᠤᠳᠠᠮ ᠴᠠᠰᠤᠲᠤ ᠲᠠᠯ᠎ᠠ᠎ᠳᠤ ᠱᠢᠭᠢᠳᠭᠡᠭ᠌ᠰᠡᠨ ᠬᠠᠰᠪᠦᠰᠡ ᠬᠡᠮᠡᠷ᠂ ᠦᠷᠭᠦᠯᠵᠢᠯᠡᠨ ᠵᠠᠯᠭᠠᠯᠳᠤᠬᠰᠠᠨ ᠭᠤᠷᠪᠠᠨ ᠰᠠᠢᠬᠠᠨ ᠠᠭᠤᠯᠠ ᠨᠢ ᠮᠥᠩᠭᠥᠨ ᠬᠤᠶᠠᠭ ᠨᠥᠮᠥᠷᠴᠦ᠍᠂ ᠡᠬᠡ ᠭᠠᠵᠠᠷ᠎ᠡᠴᠡ ᠤᠷᠭᠤᠵᠤ ᠭᠠᠷᠤᠭ᠍ᠰᠠᠨ ᠤᠷᠠᠯᠢᠭ᠎ᠤᠨ ᠪᠦᠲᠦᠭᠡᠯ ᠱᠢᠭ ᠪᠠᠢᠯ᠎ᠠ᠃ ᠡᠨᠡ ᠪᠣᠯ ᠬᠥᠯᠥᠨ ᠪᠤᠢ᠌ᠷ ᠬᠤᠳᠠ᠎ᠶ᠋ᠢᠨ ᠳᠣᠲᠣᠭᠠᠳᠤ᠎ᠶ᠋ᠢ ᠬᠠᠮᠠᠭᠠᠯᠠᠬᠤ ᠲᠣᠪᠴᠢᠶ᠎ᠠ᠎ᠶ᠋ᠢᠨ ᠬᠢᠯᠢ᠎ᠶ᠋ᠢᠨ ᠬᠠᠮᠢᠶᠠᠷᠤᠯᠲᠠ᠎ᠶ᠋ᠢᠨ ᠰᠠᠯᠪᠤᠷᠢ ᠠᠩᠬᠢ᠎ᠶ᠋ᠢᠨ ᠡᠪᠦᠳᠦᠭ ᠬᠢᠯᠢ᠎ᠶ᠋ᠢᠨ ᠲᠣᠮᠢᠯᠠᠭ᠍ᠰᠠᠨ ᠰᠠᠯᠪᠤᠷᠢ᠎ᠶ᠋ᠢᠨ ᠠᠷᠠᠳ᠎ᠤᠨ ᠴᠠᠭ᠍ᠳᠠᠭ᠎ᠠ᠎ᠶ᠋ᠢᠨ ᠪᠠᠢᠩᠭᠤ ᠰᠠᠬᠢᠨ ᠰᠠᠭᠤᠳᠠᠭ ᠬᠢᠯᠢ᠎ᠶ᠋ᠢᠨ ᠪᠣᠭᠣᠮᠲᠠ᠎ᠶ᠋ᠢᠨ ᠡᠮᠦᠨ᠎ᠡ ᠹᠷᠣᠨᠲ ᠪᠣᠯᠤᠨ᠎ᠠ᠃
ᠪᠢᠲᠡᠭᠦᠨ᠎ᠦ ᠥᠷᠯᠥᠭᠡ᠂ ᠲᠡᠭᠷᠢ ᠬᠡᠬᠡᠷᠡᠬᠦ᠎ᠡᠴᠡ ᠡᠮᠦᠨ᠎ᠡ ᠲᠣᠮᠢᠯᠠᠭ᠍ᠰᠠᠨ ᠰᠠᠯᠪᠤᠷᠢ᠎ᠶ᠋ᠢᠨ ᠬᠢᠨ ᠬᠥᠭ᠌ᠵᠢᠶᠡᠨ ᠨᠠᠷᠭᠢᠶᠠᠨ᠎ᠢᠶᠠᠷ ᠪᠢᠯᠬᠠᠵᠤ᠂ 《ᠬᠢᠯᠢᠴᠢᠨ》 ᠴᠠᠭ᠍ᠳᠠᠨ ᠰᠡᠷᠭᠡᠢᠯᠡᠬᠦ᠌ ᠠᠩᠭᠢ᠎ᠶ᠋ᠢᠨ ᠭᠡᠱᠢᠭᠦᠳ ᠬᠣᠣᠰ ᠤᠶᠠᠩᠭ᠎ᠠ ᠨᠠᠭᠠᠵᠤ᠂ ᠪᠠᠩᠰᠢ ᠪᠠᠷᠢᠵᠤ᠂ ᠮᠣᠷᠢᠲᠤ ᠴᠡᠷᠢᠭ᠎ᠦᠨ ᠴᠠᠭ᠍ᠳᠠᠨ ᠪᠠᠢᠴᠠᠭᠠᠬᠤ ᠠᠵᠢᠯ᠎ᠳᠤ ᠪᠡᠯᠡᠳᠭᠡᠯ ᠬᠢᠵᠦ᠍ ᠡᠬᠢᠯᠡᠪᠡ᠃
《ᠡᠪᠦᠳᠦᠭ᠎ᠤᠨ ᠬᠠᠷᠢᠶ᠎ᠠ ᠣᠷᠣᠨ᠎ᠤ ᠶᠡᠷᠦᠩᠬᠡᠢ ᠲᠠᠯᠠᠪᠠᠢ 225 ᠲᠡᠭ᠌ᠰᠢ ᠳᠥᠷᠪᠡᠯᠵᠢᠨ ᠺᠢᠯᠤᠮᠸᠲᠷ᠂ ᠶᠡᠬᠡᠩᠬᠢ ᠭᠠᠵᠠᠷ ᠣᠷᠣᠨ᠎ᠳᠤ ᠵᠠᠰᠠᠮᠠᠯ ᠵᠠᠮ ᠨᠡᠪᠲᠡᠷᠡᠬᠡ ᠦᠭᠡᠢ᠂ ᠴᠢᠮᠡᠬᠡ ᠬᠤᠯᠪᠤᠭᠠᠨ᠎ᠤ ᠳᠤᠬᠢᠶ᠎ᠠ ᠴᠤ᠌ ᠪᠠᠢᠬᠤ ᠦᠭᠡᠢ᠂ 58 ᠡᠷᠦᠬᠡ ᠮᠠᠯᠴᠢᠳ ᠲᠠᠷᠠᠬᠠᠢ ᠪᠤᠲᠠᠷᠬᠠᠢ ᠰᠠᠭᠤᠷᠢᠱᠢᠵᠤ ᠪᠠᠢᠨ᠎ᠠ᠃ ᠡᠨᠡ ᠮᠤᠷᠢᠲᠦ ᠴᠡᠷᠢᠭ᠎ᠤᠨ ᠠᠩᠬᠢ᠎ᠶ᠋ᠢ ᠪᠠᠢᠭᠤᠯᠤᠭ᠍ᠰᠠᠨ ᠨᠢ ᠤᠯᠠᠨ ᠲᠦᠮᠡᠨ ᠬᠡᠷᠡᠭ᠌ᠴᠡᠭᠡ ᠲᠠᠢ ᠦᠶ᠎ᠠ ᠳ᠋ᠤ ᠲᠡᠷᠡ ᠲᠤᠤᠷ᠎ᠠ ᠨᠢ ᠬᠦᠷᠴᠤ ᠲᠡᠢᠯᠬᠦ ᠵᠢᠨ ᠲᠥᠯᠥᠭᠡ ᠶᠤᠮ》᠃ ᠲᠤᠮᠢᠯᠠᠬᠰᠠᠨ ᠰᠠᠯᠪᠤᠷᠢ ᠵᠢᠨ ᠳᠠᠷᠤᠭ᠎ᠠ ᠪᠦᠦ ᠬᠠᠶ ᠱᠧᠩ᠎ᠦᠨ ᠲᠠᠨᠢᠯᠴᠠᠭᠤᠯᠤᠭ᠍ᠰᠠᠨ᠎ᠢᠶᠠᠷ᠂ 《ᠬᠢᠯᠢᠴᠢᠨ》 ᠭᠡᠳᠡᠭ ᠨᠢ ᠮᠣᠩᠭᠣᠯ ᠦᠭᠡᠨ᠎ᠳᠤ ᠬᠢᠯᠢ ᠰᠠᠬᠢᠭ᠍ᠴᠢ ᠭᠡᠰᠡᠨ ᠤᠳᠭ᠎ᠠ᠎ᠲᠠᠶ᠂ ᠴᠠᠭ᠍ᠳᠠᠨ ᠰᠡᠷᠭᠡᠢᠯᠡᠬᠦ᠌ ᠠᠩᠭᠢ ᠨᠢ ᠪᠠᠰᠠ 《ᠳᠤᠮᠳᠠᠳᠤ ᠮᠣᠩᠭᠣᠯ᠎ᠤᠨ ᠨᠢᠭᠡᠳᠦᠭᠡᠷ ᠬᠥᠭᠥᠷᠭᠡ》 ᠪᠣᠯᠬᠤ ᠡᠪᠦᠳᠦᠭ ᠬᠢᠯᠢ᠎ᠶᠢᠨ ᠪᠣᠭᠣᠮᠲᠠ ᠵᠢᠴᠢ 38.125 ᠺᠢᠯᠣᠮᠧᠲ᠋ᠷ᠎ᠦᠨ ᠳᠤᠮᠳᠠᠳᠤ ᠮᠣᠩᠭᠣᠯ᠎ᠤᠨ ᠬᠢᠯᠢ᠎ᠶ᠋ᠢᠨ ᠱᠤᠭᠤᠮ᠎ᠤᠨ ᠠᠮᠤᠷ ᠲᠦᠪᠱᠢᠨ᠎ᠢ ᠬᠠᠮᠢᠶᠠᠷᠤᠨ ᠬᠠᠮᠠᠭᠠᠯᠠᠬᠤ ᠡᠭᠦᠷᠭᠡ᠎ᠶ᠋ᠢ ᠡᠭᠦᠷᠭᠡᠯᠡᠵᠦ᠍ ᠪᠤᠢ᠃
《ᠥᠨᠥᠳᠦᠷ ᠠᠭᠤᠷ ᠠᠮᠢᠰᠭᠤᠯ ᠬᠦᠶ᠋ᠲᠡᠨ᠂ ᠵᠤᠵᠠᠭᠠᠯᠠᠵᠤ ᠡᠮᠦᠰᠭᠦ ᠬᠡᠷᠡᠭᠳᠡᠢ᠂ ᠪᠡᠭᠡᠯᠡᠶ᠎ᠪᠡᠨ ᠬᠠᠮᠤᠭ᠎ᠤᠨ ᠵᠤᠵᠠᠭᠠᠨᠢ ᠨᠢ ᠵᠡᠭᠦᠵᠦ᠍᠂ ᠪᠡᠯᠡᠳᠭᠡᠵᠦ᠍ ᠪᠠᠷᠠᠮᠠᠭ᠍ᠴᠠ ᠮᠣᠷᠳᠠᠶ᠎ᠠ》᠃ ᠪᠦᠦ ᠬᠠᠢ ᠱᠧᠩ ᠡᠮᠡᠭᠡᠯ᠎ᠢᠶᠡᠨ ᠴᠢᠩᠭᠠᠯᠠᠨ ᠮᠤᠷᠳᠠᠬᠤ᠎ᠪᠡᠷ ᠪᠡᠯᠡᠳᠬᠡᠬᠦ ᠵᠢᠨ ᠲᠠᠭᠠᠤ ᠤᠯᠠᠨ᠎ᠢ ᠳᠠᠭᠤᠳᠠᠪᠠ᠃
ᠮᠣᠷᠳᠠᠭᠠᠳ ᠳᠡᠮᠡᠶ ᠤᠳᠠᠭ᠍ᠰᠠᠨ ᠦᠭᠡᠢ᠂ ᠲᠡᠭ᠎ᠡᠴᠡ ᠳᠣᠷᠣᠭ᠍ᠰᠢ 30°C᠎ᠤ᠋ᠨ ᠬᠠᠬᠢᠷ ᠬᠦᠢᠲᠡᠨ᠎ᠳᠦ ᠮᠣᠷᠢᠨ᠎ᠤ ᠬᠢᠨᠢ ᠬᠠᠮᠠᠷᠲᠡᠭᠡᠷᠡ ᠮᠥᠰᠥ ᠬᠦᠯᠳᠡᠵᠦ᠂ ᠭᠡᠱᠢᠭᠦᠳ᠎ᠦᠨ ᠨᠢᠭᠤᠷ᠎ᠤᠨ ᠪᠦᠲᠡᠭᠡᠯᠭᠡ ᠳᠡᠭᠡᠷ᠎ᠡ ᠴᠸ᠋ ᠮᠥᠰᠥ᠍ ᠪᠠᠷᠢᠯᠳᠤᠨ ᠬᠥᠯᠳᠡᠪᠡ᠃ 《ᠵᠤᠨ ᠡᠨᠳᠡ ᠬᠡᠳᠦᠢ ᠭᠤᠶᠤ ᠪᠣᠯ ᠡᠪᠦᠯ ᠲᠡᠳᠦᠢ ᠬᠦᠢᠲᠡᠨ》᠃ ᠪᠦᠦ ᠬᠠᠢ ᠱᠧᠩ ᠮᠣᠷᠢᠲᠦ ᠴᠡᠷᠢᠭ᠎ᠤᠨ ᠠᠨᠭᠬᠢ᠎ᠪᠠᠨ ᠳᠠᠭᠠᠭᠤᠯᠤᠨ ᠬᠠᠮᠤᠭ᠎ᠤᠨ ᠡᠮᠦᠨ᠎ᠡ ᠨᠢ ᠶᠠᠪᠤᠨ᠎ᠠ᠂ ᠤᠢ᠍ᠢᠷ᠎ᠡ᠎ᠶ᠋ᠢᠨ ᠬᠤᠭᠤᠴᠠᠭᠠᠨ᠎ᠤ ᠴᠠᠰᠤ ᠨᠢ ᠴᠠᠭ᠍ᠳᠠᠨ ᠲᠣᠭᠣᠷᠢᠬᠤ ᠵᠠᠮ᠎ᠢ ᠪᠤᠯᠠᠵᠤ᠂ ᠮᠠᠰᠢ ᠤᠯᠠᠨ ᠭᠠᠵᠠᠷ᠎ᠲᠤ 1 ᠮᠸᠲᠷ ᠭᠠᠷᠤᠢ ᠵᠤᠵᠠᠭᠠᠨ ᠴᠠᠰᠤ ᠬᠤᠷᠠᠪᠠ᠃
《ᠲᠠ᠎ᠨᠠᠷ ᠢᠷᠡᠭᠦ ᠪᠤᠯᠭᠠᠨ ᠮᠢᠨᠦ᠍ ᠠᠮᠢᠳᠤᠷᠠᠯ᠎ᠤᠨ ᠡᠳ᠋ ᠪᠣᠳᠠᠰ᠎ᠢ ᠬᠤᠳᠠᠯᠳᠤᠨ ᠠᠪᠴᠤ᠌ ᠥᠭ᠌ᠭᠦᠨ᠎ᠡ》 ᠭᠡᠵᠦ᠍ ᠮᠠᠯᠴᠢᠨ ᠵᠤᠤ ᠶᠢᠦ ᠰᠡᠳᠭᠢᠯ ᠳᠣᠭ᠍ᠳᠣᠯᠤᠨ ᠬᠡᠯᠡᠪᠡ᠃
《ᠬᠢᠯᠢ᠎ᠶ᠋ᠢᠨ ᠱᠤᠭᠤᠮ ᠳᠡᠭᠡᠷᠡᠬᠢ ᠮᠠᠯᠴᠢᠳ᠎ᠤᠨ ᠠᠮᠢᠳᠤᠷᠠᠯ ᠲᠠᠷᠠᠬᠠᠶ ᠪᠤᠲᠠᠷᠬᠠᠶ ᠪᠠᠢᠵᠤ᠂ ᠴᠠᠰᠤ ᠤᠷᠤᠪᠠᠯ ᠵᠠᠮ᠎ᠢ ᠪᠢᠲᠡᠭᠦᠮᠵᠢᠯᠡᠵᠦ᠂ ᠠᠮᠤ ᠪᠤᠳᠠᠭ᠎ᠠ᠂ ᠭᠤᠯᠢᠷ ᠵᠡᠷᠭᠡ ᠠᠮᠢᠳᠤᠷᠠᠯ᠎ᠤᠨ ᠡᠳ᠋ ᠪᠣᠳᠠᠰ ᠬᠤᠳᠠᠯᠳᠤᠨ ᠠᠪᠬᠤ ᠨᠢ ᠲᠤᠢᠯ᠎ᠤᠨ ᠪᠡᠷᠬᠡ ᠶᠠᠪᠤᠳᠠᠯ ᠪᠣᠯᠳᠠᠭ᠃ ᠡᠢᠮᠦ ᠡᠴᠡ ᠪᠢᠳᠡ ᠦᠷᠬᠦᠯᠵᠢ ᠲᠡᠳᠡᠨ᠎ᠦ ᠵᠠᠬᠢᠬᠰᠠᠨ ᠠᠮᠢᠳᠦᠷᠠᠯ᠎ᠤᠨ ᠡᠳ᠋ ᠪᠤᠳᠠᠰ᠎ᠢ ᠨᠢ ᠬᠦᠷᠬᠡᠵᠤ ᠦᠭᠳᠡᠭ᠂ ᠢᠩᠭᠢᠵᠦ᠍ ᠮᠠᠯᠴᠢᠳ ᠪᠣᠯᠤᠨ ᠴᠠᠭ᠍ᠳᠠᠨ ᠰᠡᠷᠭᠡᠢᠯᠡᠬᠦ᠌ ᠠᠩᠭᠢ ᠲᠤᠢᠯ᠎ᠤᠨ ᠲᠠᠨᠢᠯ ᠲᠠᠰᠤᠯ ᠪᠣᠯᠤᠬᠰᠠᠨ ᠶᠤᠮ》᠃ ᠠᠷᠠᠳ᠎ᠤᠨ ᠴᠠᠭ᠍ᠳᠠᠭ᠎ᠠ ᠵᠠᠩ ᠵᠢᠶᠦ᠋ᠨ᠂ 《ᠬᠢᠯᠢᠴᠢᠨ》 ᠮᠣᠷᠢᠨ ᠨᠢᠷᠤᠭᠤᠨ ᠳᠡᠭᠡᠷᠡᠬᠢ ᠴᠠᠭ᠍ᠳᠠᠨ ᠰᠡᠷᠭᠡᠢᠯᠡᠬᠦ᠌ ᠠᠩᠭᠢ ᠬᠢᠯᠢ᠎ᠶ᠋ᠢᠨ ᠠᠮᠤᠷ ᠲᠦᠪᠱᠢᠨ᠎ᠢ ᠬᠠᠮᠠᠭᠠᠯᠠᠭ᠍ᠰᠠᠨ᠎ᠢᠶᠠᠷ ᠪᠠᠷᠠᠬᠤ ᠥᠬᠡᠶ ᠪᠠᠰᠠ ᠮᠠᠯᠴᠢᠳ᠎ᠤᠨ ᠠᠮᠢᠳᠤᠷᠠᠯ᠎ᠢ ᠬᠠᠯᠠᠮᠵᠢᠯᠠᠵᠤ᠂ ᠮᠠᠯᠴᠢᠳ ᠴᠤ᠌ ᠬᠣᠢᠨ᠎ᠠ ᠬᠣᠢᠨ᠎ᠠ᠎ᠡᠴᠡ᠎ᠪᠠᠨ ᠴᠠᠭ᠍ᠳᠠᠨ ᠰᠡᠷᠭᠡᠢᠯᠡᠬᠦ᠌ ᠠᠩᠭᠢ᠎ᠳᠤ ᠣᠷᠣᠯᠴᠠᠵᠤ᠂ 《ᠮᠠᠯ ᠬᠠᠷᠢᠭᠤᠯᠬᠤ ᠬᠠᠷᠠᠭᠤᠯ ᠵᠣᠭ᠍ᠰᠣᠬᠤ᠎ᠶ᠋ᠢ ᠬᠠᠮᠳᠤ ᠳ᠋ᠤᠨᠢ ᠬᠠᠷᠠᠭᠠᠯᠵᠠᠬᠤ᠂ ᠦᠶ᠋ᠯᠡᠳᠪᠦᠷᠢᠯᠡᠯ ᠪᠠ ᠬᠢᠯᠢ ᠬᠢᠵᠠᠭᠠᠷ᠎ᠢ ᠬᠠᠮᠠᠭᠠᠯᠠᠬᠤ᠎ᠶ᠋ᠢ ᠵᠡᠷᠭᠡ᠎ᠪᠡᠷ ᠶᠠᠪᠤᠭ᠍ᠳᠠᠭᠤᠯᠬᠤ》 ᠥᠨᠳᠥᠷ ᠪᠦᠲᠦᠮᠵᠢᠲᠡᠶ ᠬᠠᠮᠢᠶᠠᠷᠤᠨ ᠬᠠᠮᠠᠭᠠᠯᠠᠬᠤ ᠵᠠᠭ᠍ᠪᠤᠷ᠎ᠢ ᠪᠦᠷᠢᠯᠳᠦᠭᠦᠯᠪᠡ ᠭᠡᠵᠡᠶ᠃ ᠴᠠᠭ᠍ᠳᠠᠨ ᠰᠡᠷᠭᠡᠢᠯᠡᠬᠦ᠌ ᠠᠩᠭᠢ ᠪᠠᠢᠭᠤᠯᠤᠭ᠍ᠳᠠᠭ᠍ᠰᠠᠨ᠎ᠡᠴᠡ ᠨᠠᠭᠠᠰᠢ᠂ ᠭᠡᠱᠢᠭᠦᠳ ᠬᠢᠯᠢ᠎ᠶ᠋ᠢᠨ ᠱᠤᠭᠤᠮ᠎ᠢ ᠨᠡᠢᠳᠡ 4000 ᠭᠠᠷᠤᠶ ᠺᠢᠯᠣᠮᠧᠲ᠋ᠷ ᠪᠠᠢᠴᠠᠭᠠᠨ ᠦᠵᠡᠵᠦ᠍᠂ 100 ᠭᠠᠷᠤᠶ ᠲᠡᠮᠦᠷ ᠤᠲᠠᠰᠤᠨ ᠲᠤᠤᠷ᠎ᠢ ᠬᠠᠮᠠᠭᠠᠯᠠᠨ ᠪᠡᠬᠢᠵᠢᠭᠦᠯᠵᠦ᠍᠂ ᠲᠠᠯ᠎ᠠ ᠨᠤᠲᠤᠭ᠎ᠤᠨ ᠪᠠᠢᠳᠠᠯ᠎ᠢ ᠰᠠᠢᠨ ᠣᠢᠯᠠᠭᠠᠬᠤ ᠪᠠ ᠬᠤᠷᠴᠠ ᠰᠡᠷᠭᠡᠭ ᠠᠵᠢᠭ᠍ᠯᠠᠬᠤ ᠴᠢᠳᠠᠪᠤᠷᠢ᠎ᠳᠠᠭᠠᠨ ᠲᠦᠱᠢᠭ᠌ᠯᠡᠨ᠂ ᠮᠠᠯᠴᠢᠳ᠎ᠢ ᠬᠠᠪᠰᠤᠷᠤᠨ 2200 ᠭᠠᠷᠤᠶ ᠭᠡᠭᠡᠭ᠌ᠰᠡᠨ ᠦᠬᠡᠷ ᠬᠣᠨᠢ᠎ᠶ᠋ᠢ ᠨᠢ ᠡᠷᠢᠵᠦ᠍ ᠤᠯᠵᠤ ᠦᠭᠬᠦᠭᠰᠡᠨ ᠪᠠᠢᠨ᠎ᠠ᠃ 《ᠮᠣᠷᠢᠨᠡᠴᠡᠪᠠᠨ ᠪᠠᠭᠤᠵᠤ ᠡᠨᠳᠡ ᠢᠳᠡᠶ᠎ᠡ᠂ ᠬᠤᠷᠳᠤᠨ ᠭᠠᠯ ᠨᠣᠴᠣᠭᠠᠵᠤ ᠪᠠᠩᠰᠢ ᠴᠢᠨᠠᠶᠠ》᠃ ᠠᠷᠠᠳ᠎ᠤᠨ ᠴᠠᠭ᠍ᠳᠠᠭ᠎ᠠ ᠴᠡᠩᠭᠡᠯ ᠮᠣᠷᠢ᠎ᠪᠠᠨ ᠤᠶᠠᠵᠤ ᠮᠣᠳᠣᠨ ᠭᠡᠷ᠎ᠲᠦ ᠣᠷᠣᠵᠤ ᠲᠦᠯᠡᠭᠡ ᠲᠡᠭᠦᠵᠦ᠍ ᠭᠠᠯ ᠨᠣᠴᠣᠭᠠᠪᠠ᠃
ᠠᠷᠠᠳ᠎ᠤᠨ ᠴᠠᠭ᠍ᠳᠠᠭ᠎ᠠ ᠯᠢᠦ ᠴᠢᠩ ᠯᠸᠢ᠎ᠶ᠋ᠢᠨ ᠡᠭᠦᠷᠴᠤ ᠶᠠᠪᠤᠭ᠎ᠠ ᠤᠰᠤ ᠨᠢ ᠨᠢᠭᠡᠨᠲᠡ ᠬᠥᠯᠳᠡᠭᠡᠳ ᠮᠥᠰᠥ᠍ ᠪᠣᠯᠵᠠᠶ᠂ ᠲᠡᠷᠡ ᠭᠠᠷᠤᠨ ᠠᠶ᠎ᠠ᠎ᠪᠠᠷ᠎ᠢᠶᠡᠨ ᠨᠢᠬᠡ ᠲᠦᠨᠭ᠌ᠰᠡ ᠴᠠᠰᠤᠠᠪᠴᠤ ᠢᠷᠡᠭᠡᠳ ᠤᠰᠤ ᠪᠤᠴᠠᠯᠭᠠᠵᠤ ᠪᠠᠨᠭᠰᠢ ᠴᠢᠨᠠᠵᠤ ᠡᠬᠢᠯᠡᠪᠡ᠃
ᠦᠳᠡ᠎ᠶᠢᠨ ᠬᠣᠭᠣᠯᠠᠨ᠎ᠤ ᠳᠠᠷᠠᠭ᠎ᠠ ᠵᠢᠭᠠᠬᠠᠨ ᠠᠮᠠᠷᠠᠭᠠᠳ ᠵᠠᠯᠭᠠᠭᠠᠳ ᠵᠠᠮ᠎ᠢᠶᠡᠨ ᠬᠥᠭᠡᠭᠡᠨ᠎ᠡ᠃ 14 ᠴᠠᠭ᠎ᠤᠨ ᠦᠶ᠎ᠡ᠎ᠪᠡᠷ ᠴᠠᠭ᠍ᠳᠠᠨ ᠰᠡᠷᠭᠡᠢᠯᠡᠬᠦ᠌ ᠠᠩᠭᠢ ᠳᠤᠮᠳᠠᠳᠤ ᠮᠣᠩᠭᠣᠯ᠎ᠤᠨ ᠬᠢᠯᠢ᠎ᠶ᠋ᠢᠨ 1424 ᠳ᠋ᠤᠭᠡᠷ ᠨᠣᠮᠧᠷᠲᠤ ᠬᠢᠯᠢ᠎ᠶ᠋ᠢᠨ ᠬᠥᠱᠢᠶ᠎ᠡ᠎ᠳᠦ ᠬᠦᠷᠪᠡ᠃ ᠭᠡᠱᠢᠭᠦᠳ ᠦᠰᠦᠨ ᠪᠢᠷ᠎ᠢᠶᠡᠨ ᠭᠠᠷᠭᠠᠵᠤ ᠱᠢᠩᠬᠤ ᠰᠢᠩᠬᠡᠬᠡᠵᠤ᠂ ᠬᠢᠯᠢ᠎ᠶ᠋ᠢᠨ ᠬᠥᠱᠢᠶ᠎ᠡ ᠳᠡᠭᠡᠷᠡᠬᠢ 《ᠳᠤᠮᠳᠠᠳᠤ ᠤᠯᠤᠰ》 ᠭᠡᠬᠦ᠌ ᠦᠰᠦᠭ ᠵᠢᠴᠢ ᠳ᠋ᠤᠭᠠᠷ᠎ᠢ ᠤᠯᠠᠭᠠᠨ᠎ᠢᠶᠠᠷ ᠬᠦᠨ ᠪᠤᠳᠤᠵᠤ᠂ ᠰᠡᠳᠭᠢᠯ ᠳᠣᠲᠣᠷᠠᠬᠢ ᠦᠨᠡᠨᠴᠢ ᠱᠢᠳᠤᠷᠭᠤ᠎ᠪᠠᠨ ᠡᠨᠡ ᠬᠦ᠌ ᠭᠠᠯ ᠤᠯᠠᠭᠠᠨ ᠢᠮ ᠲᠡᠮᠳᠡᠭᠲᠦ ᠳᠡᠮᠳᠡᠭᠯᠡᠪᠡ᠃ 《ᠰᠦᠷ ᠵᠢᠪᠬᠤᠯᠠᠩᠲᠤ ᠪᠥᠭᠡᠳ ᠠᠷᠢᠭᠤᠨ ᠳᠠᠷᠬᠠᠨ ᠬᠢᠯᠢ᠎ᠶ᠋ᠢᠨ ᠬᠥᠱᠢᠶ᠎ᠡ ᠨᠢ ᠤᠯᠤᠰ᠎ᠤᠨ ᠨᠤᠲᠤᠭ ᠳᠡᠪᠢᠰᠭᠡᠷ ᠪᠠ ᠡᠷᠬᠡ ᠮᠡᠳᠡᠯ᠎ᠢ ᠪᠡᠯᠭᠡᠳᠡᠵᠦ᠍ ᠪᠠᠢᠳᠠᠭ》᠃ ᠪᠦᠦ ᠬᠠᠶ ᠱᠧᠩ᠂ ᠬᠢᠯᠢ᠎ᠶ᠋ᠢᠨ ᠬᠥᠱᠢᠶ᠎ᠡ ᠪᠣᠯ ᠬᠢᠯᠢ ᠴᠠᠭ᠍ᠳᠠᠭᠴᠢᠶᠢᠨ ᠣᠶᠤᠨ ᠰᠠᠨᠠᠭᠠᠨ᠎ᠤ ᠲᠣᠲ᠋ᠧᠮ ᠮᠥᠨ ᠭᠡᠵᠡᠢ᠃
ᠦᠳᠡᠰᠢ᠎ᠶ᠋ᠢᠨ ᠪᠦᠷᠦᠢ ᠪᠣᠯᠵᠤ᠂ ᠴᠠᠰᠤᠲᠤ ᠲᠠᠯ᠎ᠠ ᠳ᠋ᠤ ᠪᠤᠰᠬᠠᠬᠰᠠᠨ ᠮᠤᠨᠭᠭᠤᠯ ᠭᠡᠷ᠎ᠲᠦ ᠭᠠᠯ᠎ᠤᠨ ᠣᠴᠢ ᠭᠢᠯᠠᠯᠵᠠᠨ᠎ᠠ᠃
《ᠬᠠᠢ ᠱᠧᠩ᠂ ᠪᠢᠲᠡᠭᠦᠨ᠎ᠦ ᠬᠣᠭᠣᠯᠠ᠎ᠪᠠᠨ ᠰᠠᠢᠨ ᠢᠳᠡᠭ᠌ᠰᠡᠨ ᠦᠦ᠂ ᠲᠠᠨ᠎ᠤ ᠲᠡᠨᠳᠠ ᠰᠦᠨᠢ ᠬᠦᠢᠲᠡᠨ ᠪᠠᠢᠨ᠎ᠠ ᠪᠠ?》 ᠭᠡᠵᠦ ᠪᠦᠦ ᠬᠠᠢ ᠱᠧᠩ᠎ᠦᠨ ᠡᠵᠢ ᠨᠢ ᠬᠠᠯᠠᠮᠵᠢᠯᠠᠨ ᠠᠰᠠᠭᠤᠪᠠ᠃ 《ᠠᠪᠤ ᠡᠵᠢ ᠡ᠂ ᠴᠠᠭᠠᠨ ᠰᠠᠷ᠎ᠠ᠎ᠶ᠋ᠢᠨ ᠮᠡᠨᠳᠦ ᠠᠢᠯᠠᠳᠬᠠᠶ᠎ᠠ᠂ ᠪᠡᠶ᠎ᠡ ᠴᠢᠨᠢ ᠮᠠᠨᠳᠤ ᠰᠠᠢᠨ ᠪᠢᠵᠡ?》᠃ 5 ᠵᠢᠯ ᠳᠠᠷᠠᠭᠠᠯᠠᠨ ᠠᠵᠢᠯ᠎ᠤᠨ ᠪᠠᠢᠷᠢ ᠳᠡᠭᠡᠷ᠎ᠡ᠎ᠪᠡᠨ ᠱᠢᠨᠡᠯᠡᠭ᠌ᠰᠡᠨ ᠪᠦᠦ ᠬᠠᠢ ᠱᠧᠩ ᠭᠡᠷ᠎ᠦᠨ ᠬᠥᠮᠦᠰ᠎ᠲᠡᠶ᠎ᠪᠡᠨ ᠸᠢᠳᠢᠣ᠋᠎ᠪᠠᠷ ᠶᠠᠷᠢᠯᠴᠠᠵᠤ 《ᠡᠭᠦᠯᠡᠨ ᠵᠣᠯᠭᠠᠯᠲᠠ》 ᠬᠢᠪᠡ᠃ ᠭᠡᠷ᠎ᠦᠨ ᠬᠥᠮᠦᠰ᠎ᠦᠨ᠎ᠢᠶᠡᠨ ᠮᠡᠨᠳᠦᠴᠢᠯᠡᠯ᠎ᠢ ᠰᠣᠨᠣᠰᠤᠭᠠᠳ᠂ ᠲᠡᠬᠦᠨ᠎ᠤ ᠨᠢᠳᠤᠨ ᠡᠴᠡ ᠨᠢᠯᠪᠤᠰᠤ ᠠᠰᠬᠠᠷᠠᠨ᠎ᠠ᠃ ᠠᠪᠤ ᠡᠵᠢ ᠵᠢᠨ ᠬᠢᠨ ᠳᠡᠮᠵᠢᠯᠭᠡ ᠪᠣᠯᠤᠨ ᠬᠠᠢᠷ᠎ᠠ ᠬᠠᠯᠠᠮᠵᠢ ᠨᠢ ᠲᠡᠭᠦᠨ᠎ᠦ 25 ᠵᠢᠯᠬᠢᠯᠢ ᠬᠢᠵᠠᠭᠠᠷ᠎ᠢ ᠰᠠᠬᠢᠨ ᠬᠠᠮᠠᠭᠠᠯᠠᠬᠤ ᠠᠵᠢᠯ ᠳ᠋ᠤ ᠠᠯᠢᠪᠠ ᠪᠠᠨ ᠵᠤᠷᠢᠭᠤᠯᠤᠬᠰᠠᠨ ᠬᠥᠳᠡᠯᠭᠡᠬᠦ᠌ ᠬᠦᠴᠦᠨ ᠪᠠᠢᠵᠤ ᠪᠢᠯᠠ᠃
ᠬᠠᠯᠬ᠎ᠠ ᠭᠤᠤᠯ᠎ᠢ 《ᠤᠯᠤᠰ᠎ᠤᠨ ᠬᠢᠯᠢ᠎ᠡᠴᠡ ᠭᠠᠷᠤᠭ᠍ᠰᠠᠨ᠎ᠤ ᠳᠠᠷᠠᠭ᠎ᠠ ᠭᠡᠳᠡᠷᠭᠦ᠌ ᠤᠷᠤᠰᠬᠤ》 ᠤᠷᠤᠰᠬᠠᠯ ᠭᠡᠳᠡᠭ᠂ ᠡᠨᠡ ᠬᠦ᠌ ᠭᠠᠵᠠᠷ ᠵᠦᠶ᠎ᠶ᠋ᠢᠨ ᠥᠪᠡᠷᠮᠢᠴᠡ ᠣᠨᠴᠠᠯᠢᠭ ᠡᠴᠡ ᠪᠤᠯᠵᠤ ᠲᠡᠭᠦᠨ᠎ᠢ 《ᠤᠯᠤᠰ᠎ᠢᠶᠠᠨ ᠬᠠᠢᠷᠠᠯᠠᠬᠤ ᠭᠤᠤᠯ》 ᠭᠡᠵᠦ᠍ ᠨᠡᠷᠡᠢᠳᠴᠡᠶ᠃ ᠲᠠᠰᠤᠷᠠᠰᠢ ᠦᠭᠡᠢ ᠤᠷᠤᠰᠴᠤ᠌ ᠪᠠᠢᠭ᠎ᠠ ᠬᠠᠯᠬ᠎ᠠ ᠭᠣᠣᠯ ᠣᠨ ᠵᠢᠯ᠎ᠤᠨ ᠤᠷᠴᠢᠯ ᠰᠣᠯᠢᠭ᠍ᠳᠠᠯ᠎ᠢ ᠭᠡᠷᠡᠴᠢᠯᠡᠨ᠎ᠠ᠂ ᠨᠠᠩ ᠴᠤ᠌ ᠦᠶ᠎ᠡ ᠦᠶ᠎ᠡ᠎ᠶ᠋ᠢᠨ ᠬᠢᠯᠢ ᠰᠠᠬᠢᠭᠴᠢ᠎ᠶᠢᠨ ᠪᠠᠲᠤ ᠰᠠᠬᠢᠶ᠎ᠠ᠎ᠶ᠋ᠢ ᠭᠡᠷᠡᠴᠢᠯᠡᠵᠦ᠍ ᠪᠤᠢ᠃