ᠬᠥᠬᠡᠬᠣᠲᠠ ᠡᠴᠡ 《 ᠬᠥᠯᠥᠨ ᠪᠣᠶ᠋ᠢᠷ᠎ᠤᠨ ᠲᠠᠯ᠎ᠠ ᠨᠤᠲᠤᠭ 》 ᠎ᠢ ᠬᠠᠷᠠᠨ᠎ᠠ
2025-09-17 10:59:54
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

9 ᠰᠠᠷ᠎ᠠ᠎ᠶᠢᠨ 11᠎ᠦ ᠡᠳᠦᠷ᠂ 《 ᠬᠥᠯᠥᠨ ᠪᠣᠶ᠋ᠢᠷ᠎ᠤᠨ ᠲᠠᠯ᠎ᠠ ᠨᠤᠲᠤᠭ  》 ᠲᠥᠷᠥᠯ ᠲᠡᠮᠳᠡᠭᠳᠦ ᠎ᠶᠢᠨ ᠦᠷ᠎ᠡ ᠪᠦᠲᠦᠭᠡᠯ ᠎ᠦᠨ ᠲᠠᠨᠢᠯᠴᠠᠭᠤᠯᠭ᠎ᠠ ᠵᠢᠴᠢ ᠠᠯᠲᠠᠨ ᠨᠠᠮᠤᠷ᠎ᠤᠨ ᠪᠣᠷᠤᠯᠠᠭᠤᠯᠭ᠎ᠠ ᠎ᠶᠢᠨ ᠤᠯᠠᠷᠢᠯ ᠎ᠤᠨ  ᠠᠵᠢᠯᠯᠠᠭ᠎ᠠ ᠬᠥᠬᠡᠬᠣᠲᠠ᠎ᠶᠢᠨ 《ᠬᠥᠯᠥᠨ ᠪᠣᠶ᠋ᠢᠷ᠎ᠤᠨ ᠲᠠᠯ᠎ᠠ ᠨᠤᠲᠤᠭ 》 ᠲᠥᠷᠥᠯ ᠲᠡᠮᠳᠡᠭᠲᠦ᠎ᠶᠢᠨ ᠪᠣᠷᠤᠯᠠᠭᠤᠯᠭ᠎ᠠ᠎ᠶᠢᠨ ᠲᠥᠪ᠎ᠲᠦ  ᠶᠠᠪᠤᠬ᠍ᠳᠠᠪᠠ᠃ 

 ᠲᠤᠰ ᠲᠥᠪ ᠎ᠢ ᠬᠥᠯᠥᠨ ᠪᠣᠶ᠋ᠢᠷ ᠎ᠤᠨ ᠨᠦᠩ ᠺᠸᠨ ᠪᠦᠯᠦᠭᠯᠡᠯ ᠪᠠᠢᠭᠤᠯᠵᠤ᠂ ᠶᠡᠷᠦᠩᠬᠡᠢ ᠪᠠᠷᠢᠯᠭ᠎ᠠ᠎ᠶᠢᠨ ᠲᠠᠯᠠᠪᠠᠶ ᠨᠢ 3500 ᠲᠡᠭᠰᠢ ᠳᠥᠷᠪᠡᠯᠵᠢᠨ ᠮᠧᠲᠷ᠂ 《ᠠᠮᠢ ᠠᠬᠤᠢ ᠎ᠶᠢ ᠲᠡᠷᠢᠭᠦᠨ ᠎ᠳᠦ ᠲᠠᠯᠪᠢᠵᠤ᠂ ᠪᠣᠬᠢᠷᠲᠤᠯ ᠦᠭᠡᠢ᠎ᠪᠡᠷ ᠬᠥᠭᠵᠢᠭᠦᠯᠬᠦ》 ᠣᠢᠯᠠᠭᠠᠭᠳᠠᠬᠤᠨ᠎ᠢ ᠪᠠᠷᠢᠮᠲᠠᠯᠠᠨ᠂ ᠲᠠᠪᠤᠨ ᠶᠡᠬᠡ ᠭᠣᠣᠯᠯᠠᠬᠤ ᠴᠢᠳᠠᠮᠵᠢᠲᠤ ᠬᠡᠰᠡᠭ᠎ᠢ ᠲᠣᠬᠢᠷᠠᠭᠤᠯᠪᠠ ᠄ 340 ᠲᠡᠭᠰᠢ ᠳᠥᠷᠪᠡᠯᠵᠢᠨ ᠮᠧᠲᠷ᠎ᠦᠨ 33 ᠠᠵᠤ ᠠᠬᠤᠢᠯᠠᠯ᠎ᠤᠨ 420 ᠭᠠᠷᠤᠢ ᠵᠦᠢᠯ᠎ᠦᠨ  ᠪᠦᠳᠦᠭᠡᠭᠳᠡᠭᠦᠨ᠎ᠢ  ᠪᠠᠬ᠍ᠳᠠᠭᠠᠬ᠍ᠰᠠᠨ ᠬᠡᠲᠤ ᠲᠡᠯᠭᠡᠬᠦᠷ᠂ 270 ᠲᠡᠭᠰᠢ ᠳᠥᠷᠪᠡᠯᠵᠢᠨ ᠮᠧᠲᠷ ᠎ᠦᠨ ᠨᠦᠩ ᠺᠸᠨ ᠲᠦᠷᠭᠡᠨ ᠬᠣᠭᠣᠯᠠᠠ ᠎ᠤ  ᠭᠠᠵᠡᠷ᠂ 260 ᠲᠡᠭᠰᠢ ᠳᠥᠷᠪᠡᠯᠵᠢᠨ ᠮᠧᠲᠷ ᠎ᠦᠨ ᠣᠶᠤᠨᠲᠤ ᠮᠠᠯᠵᠢᠯ ᠎ᠤᠨ ᠲᠠᠯᠠᠪᠠᠶ᠎ᠶᠢᠨ ᠦᠵᠡᠭᠦᠯᠭᠡ᠎ᠶᠢᠨ ᠲᠢᠩᠬᠢᠮ᠂ 400 ᠲᠡᠭᠰᠢ ᠳᠥᠷᠪᠡᠯᠵᠢᠨ ᠮᠧᠲᠷ ᠎ᠦᠨ ᠬᠠᠯᠠᠭᠤᠨ ᠲᠤᠭᠤᠭ᠎ᠠ᠎ᠶᠢᠨ ᠦᠷᠦᠭᠡ ᠵᠢᠴᠢ ᠭᠠᠵᠠᠷ ᠣᠷᠣᠨ᠎ᠤ ᠰᠣᠶᠣᠯ᠎ᠢ ᠠᠭᠤᠰᠬᠠᠭᠰᠠᠨ  ᠢᠰᠡᠭᠡᠢ  ᠭᠡᠷ᠎ᠤᠨ  ᠵᠤᠴᠢᠯᠠᠭ᠎ᠠ ᠵᠡᠷᠭᠡ  ᠪᠠᠬ᠍ᠲᠠᠨ᠎ᠠ᠃

QQ20250917-105458.png

  

ᠰᠢᠭᠤᠳ ᠨᠡᠪᠳᠡᠷᠡᠭᠦᠯᠭᠡ ᠪᠡᠷ  ᠰᠦᠯᠵᠢᠶᠡᠨ ᠪᠤᠷᠤᠯᠠᠭᠤᠯᠭ᠎ᠠ ᠬᠢᠨ᠎ᠡ


QQ20250917-105508.png


ᠭᠡᠷᠡᠭᠯᠡᠭᠴᠢᠳ᠎ᠲᠦ  ᠨᠠᠷᠢᠨ ᠬᠢᠨᠠᠮᠠᠭᠠᠢ  ᠲᠠᠨᠢᠯᠴᠠᠭᠤᠯᠤᠨ᠎ᠠ


QQ20250917-105446.png


ᠮᠠᠯᠴᠢᠨ ᠠᠳᠢᠶᠠᠰᠦᠢ᠍ᠷᠦᠩ  ᠲᠤᠩᠭᠠᠯᠠᠭ  ᠢᠷᠡᠭᠰᠡᠨ ᠵᠤᠴᠢᠳ ᠎ᠲᠠᠭᠠᠨ  ᠰᠢᠬᠦᠰᠦ  ᠠᠮᠰᠠᠭᠤᠯᠤᠨ  ᠴᠠᠢ  ᠠᠶᠠᠭᠠᠯᠠᠵᠤ  ᠪᠠᠢᠭ᠎ᠠ   ᠨᠢ


QQ20250917-105523.png


 ᠲᠤᠬᠠᠢ᠎ᠶᠢᠨ  ᠲᠠᠯᠠᠪᠠᠢ᠎ᠳᠤ  ᠬᠤᠷᠤᠳ ᠰᠢᠷᠠᠵᠤ  ᠵᠤᠴᠢᠳ ᠲᠠᠭᠠᠨ  ᠠᠮᠰᠠᠭᠤᠯᠤᠨ᠎ᠠ


ᠲᠤᠰ ᠲᠥᠪ  ᠨᠢ  ᠬᠥᠬᠡᠬᠣᠲᠠ ᠎ᠶᠢᠨ  ᠤᠷᠤᠨ ᠪᠦᠰᠡ ᠎ᠶᠢᠨ ᠳᠠᠪᠠᠭᠤᠯᠢᠭ᠋᠎ᠲᠤ ᠲᠦᠰᠢᠭᠯᠡᠨ᠂ 《 ᠬᠥᠯᠥᠨ ᠪᠣᠶ᠋ᠢᠷ ᠎ᠤᠨ  ᠪᠦᠳᠦᠭᠡᠭᠳᠡᠭᠦᠨ ︱ ᠬᠥᠬᠡᠬᠣᠲᠠ ᠎ᠶᠢᠨ  ᠲᠡᠯᠭᠡᠨ ᠦᠵᠡᠭᠦᠯᠭᠡ ︱ ᠪᠥᠬᠥ ᠤᠯᠤᠰ ᠎ᠤᠨ ᠵᠠᠬ᠎ᠠ ᠳᠡᠯᠭᠡᠭᠦᠷ 》 ᠎ᠤᠨ ᠬᠡᠯᠬᠢᠶ᠎ᠡ᠎ᠶᠢ ᠨᠠᠪᠲᠠᠷᠡᠭᠦᠯᠵᠦ᠂ ᠣᠷᠣᠨ ᠪᠦᠰᠡ ᠎ᠶᠢᠨ ᠠᠵᠤ ᠠᠬᠤᠢ᠎ᠶᠢᠨ 《 ᠲᠥᠷᠥᠯ ᠲᠡᠮᠳᠡᠭᠲᠦ᠎ᠪᠡᠷ ᠬᠥᠳᠡᠯᠭᠡᠭᠦᠷ ᠪᠣᠯᠭᠠᠬᠤ》 ᠴᠢᠨᠠᠷ ᠰᠠᠢᠲᠠᠢ ᠬᠥᠭᠵᠢᠯᠲᠡ ᠳᠠᠢᠰᠢ ᠬᠡᠯᠪᠡᠷᠢ ᠎ᠪᠡᠨ ᠬᠤᠪᠢᠷᠠᠭᠤᠯᠬᠤ ᠎ᠶᠢ ᠲᠦᠯᠬᠢᠨ  ᠠᠬᠢᠭᠤᠯᠬᠤ᠎ᠪᠡᠷ  ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号