ᠡᠮ ᠤ᠋ᠨ ᠵᠦᠶ᠋ᠯᠡᠰ ᠢ᠋
ᠡᠵᠡᠩᠨᠡᠵᠦ᠍ ᠬᠡᠷᠡᠭ᠌ᠯᠡᠬᠦ᠌ ᠭᠣᠭ᠍ᠴᠣᠭᠠ ᠶ᠋ᠢᠨ ᠶᠠᠰᠤ ᠴᠢᠨᠠᠷ ᠤ᠋ᠨ ᠠᠮᠤᠷ ᠲᠦᠪᠱᠢᠨ ᠤ᠋ ᠬᠢᠨᠠᠯᠲᠠ
ᠬᠠᠮᠢᠶᠠᠷᠤᠯᠲᠠ ᠵᠢ ᠤᠯᠠᠮ ᠴᠢᠨᠠᠬᠰᠢᠲᠠ ᠴᠢᠩᠭᠠᠳᠭᠠᠵᠤ᠂ ᠡᠮ ᠤ᠋ᠨ ᠵᠦᠶ᠋ᠯᠡᠰ ᠢ᠋ ᠰᠤᠭᠤᠴᠢᠨ ᠪᠠᠢᠴᠠᠭᠠᠬᠤ
ᠠᠵᠢᠯ ᠤ᠋ᠨ ᠲᠦᠭ᠌ᠰᠢᠭᠦᠷᠢ ᠵᠢ ᠰᠡᠷᠭᠡᠢᠯᠡᠨ ᠡᠵᠡᠮᠳᠡᠬᠦ᠌ ᠲᠠᠯ᠎ᠠ ᠶ᠋ᠢᠨ ᠮᠡᠷᠭᠡᠵᠢᠯ ᠤ᠋ᠨ ᠲᠤᠯᠭᠠᠭᠤᠷᠢᠯᠠᠬᠤ
ᠦᠶ᠋ᠯᠡᠳᠦᠯ ᠢ᠋ ᠭᠦᠶ᠋ᠴᠡᠳ ᠪᠠᠳᠠᠷᠠᠭᠤᠯᠤᠨ᠂ ᠣᠯᠠᠨ ᠨᠡᠢᠲᠡ ᠶ᠋ᠢᠨ ᠡᠮ ᠬᠡᠷᠡᠭ᠌ᠯᠡᠬᠦ᠌ ᠠᠮᠤᠷ ᠲᠦᠪᠱᠢᠨ ᠢ᠋
ᠦᠨᠡᠨ ᠬᠦ᠌ ᠪᠠᠲᠤᠯᠠᠬᠤ ᠶ᠋ᠢᠨ ᠲᠦᠯᠦᠭᠡ᠂ ᠣᠢᠷ᠎ᠠ ᠳ᠋ᠤ᠂ ᠲᠦᠮᠡᠳ ᠵᠡᠭᠦᠨ ᠬᠣᠱᠢᠭᠤᠨ ᠤ᠋ ᠵᠠᠬ᠎ᠠ
ᠳᠡᠯᠭᠡᠭᠦᠷ ᠤ᠋ᠨ ᠬᠢᠨᠠᠯᠲᠠ ᠬᠠᠮᠢᠶᠠᠷᠤᠯᠲᠠ ᠶ᠋ᠢᠨ ᠲᠣᠪᠴᠢᠶ᠎ᠠ ᠲᠣᠰ ᠣᠷᠣᠨ ᠪᠦᠰᠡ ᠶ᠋ᠢᠨ ᠡᠮ ᠤ᠋ᠨ
ᠵᠦᠶ᠋ᠯᠡᠰ ᠲᠦ᠍ ᠬᠢᠨᠠᠯᠲᠠ ᠲᠠᠯᠪᠢᠵᠤ ᠰᠤᠭᠤᠴᠢᠨ ᠪᠠᠢᠴᠠᠭᠠᠬᠤ ᠠᠵᠢᠯ ᠢ᠋ ᠥᠷᠨᠢᠭᠦᠯᠪᠡ᠃
ᠲᠣᠰ ᠤᠳᠠᠭᠠᠨ ᠤ᠋ ᠰᠤᠭᠤᠴᠢᠨ
ᠪᠠᠢᠴᠠᠭᠠᠬᠤ ᠬᠡᠪᠴᠢᠶ᠎ᠡ ᠳ᠋ᠤ ᠡᠮᠨᠡᠯᠭᠡ ᠶ᠋ᠢᠨ ᠬᠣᠷᠢᠶ᠎ᠠ᠂ ᠡᠷᠡᠭᠦᠯ ᠬᠠᠮᠠᠭᠠᠯᠠᠯ ᠤ᠋ᠨ ᠬᠣᠷᠢᠶ᠎ᠠ᠂
ᠡᠷᠡᠭᠦᠯ ᠬᠠᠮᠠᠭᠠᠯᠠᠯ ᠤ᠋ᠨ ᠲᠠᠰᠤᠭ᠂ ᠡᠮᠴᠢᠯᠡᠭᠡᠨ ᠤ᠋ ᠭᠠᠵᠠᠷ᠂ ᠡᠮ ᠤ᠋ᠨ ᠳᠡᠯᠭᠡᠭᠦᠷ ᠢ᠋ ᠪᠠᠬᠲᠠᠭᠠᠵᠤ᠂ ᠥᠯᠢᠭᠡᠷ ᠡᠳ᠋ ᠠᠪᠬᠤ ᠡᠴᠡ ᠡᠮᠦᠨ᠎ᠡ ᠡᠮ ᠤ᠋ᠨ ᠵᠦᠶ᠋ᠯᠡᠰ ᠢ᠋ ᠬᠠᠳᠠᠭᠠᠯᠠᠬᠤ ᠨᠥᠬᠥᠴᠡᠯ ᠪᠠ ᠣᠷᠴᠢᠨ
ᠲᠣᠭᠣᠷᠢᠨ ᠤ᠋ ᠳᠤᠯᠠᠭᠠᠨ ᠴᠢᠭᠢᠭ ᠤ᠋ᠨ ᠬᠡᠮᠵᠢᠶ᠎ᠡ ᠵᠡᠷᠭᠡ ᠳ᠋ᠤ ᠲᠤᠬᠠᠶ ᠶ᠋ᠢᠨ ᠲᠠᠯᠠᠪᠠᠶ ᠶ᠋ᠢᠨ ᠪᠠᠢᠴᠠᠭᠠᠯᠲᠠ
ᠬᠢᠵᠦ᠂ ᠥᠯᠢᠭᠡᠷ ᠡᠳ᠋ ᠠᠪᠬᠤ ᠶᠠᠪᠤᠴᠠᠳᠤ᠂ ᠰᠡᠭᠦᠳᠡᠷᠯᠡᠬᠦ᠌᠂ ᠳᠦᠷᠰᠦ ᠱᠢᠩᠭᠡᠭᠡᠬᠦ᠌᠂ ᠬᠠᠮᠢᠶ᠎ᠠ
ᠪᠥᠬᠥᠶ ᠫᠢᠶᠣᠣ ᠪᠠᠷᠢᠮᠲᠠ ᠵᠢ ᠦᠯᠡᠳᠡᠭᠡᠨ ᠬᠠᠳᠠᠭᠠᠯᠠᠬᠤ ᠠᠷᠭ᠎ᠠ ᠬᠡᠯᠪᠡᠷᠢ ᠪᠡᠷ ᠳᠠᠮᠵᠢᠭᠤᠯᠤᠨ ᠥᠯᠢᠭᠡᠷ
ᠡᠳ᠋ ᠠᠪᠬᠤ ᠵᠠᠩᠭᠢᠯᠠᠭ᠎ᠠ ᠶ᠋ᠢᠨ ᠭᠣᠭ᠍ᠴᠣᠭᠠ᠂ ᠥᠯᠢᠭᠡᠷ ᠡᠳ᠋ ᠤ᠋ᠨ ᠮᠡᠳᠡᠭᠡ ᠵᠠᠩᠭᠢ᠂ ᠥᠯᠢᠭᠡᠷ ᠡᠳ᠋
ᠠᠪᠬᠤ ᠣᠷᠴᠢᠨ ᠲᠣᠭᠣᠷᠢᠨ ᠵᠡᠷᠭᠡ ᠮᠡᠳᠡᠭᠡ ᠵᠠᠩᠭᠢ ᠵᠢ ᠨᠠᠷᠢᠨ ᠲᠡᠮᠳᠡᠭ᠌ᠯᠡᠪᠡ᠃ ᠦᠯᠢᠭᠡᠷ ᠡᠳ᠋ ᠢ᠋ ᠰᠤᠭᠤᠴᠢᠨ
ᠪᠠᠢᠴᠠᠭᠠᠬᠤ ᠠᠵᠢᠯ ᠳ᠋ᠤ ᠬᠥᠬᠡᠬᠣᠲᠠ ᠶ᠋ᠢᠨ ᠱᠢᠯᠭᠠᠨ ᠪᠠᠢᠴᠠᠭᠠᠵᠤ ᠬᠢᠨᠠᠨ ᠬᠡᠮᠵᠢᠬᠦ᠌ ᠲᠥᠪ ᠡᠴᠡ ᠱᠢᠯᠭᠠᠨ
ᠪᠠᠢᠴᠠᠭᠠᠬᠤ ᠵᠢ ᠬᠠᠷᠢᠭᠤᠴᠠᠪᠠ᠃
ᠣᠳᠣᠬᠠᠨ ᠪᠣᠯᠲᠠᠯ᠎ᠠ᠂
ᠨᠡᠢᠲᠡ 42
ᠪᠦᠯᠦᠭ ᠤᠳᠠᠭ᠎ᠠ ᠶ᠋ᠢᠨ ᠡᠮ ᠤ᠋ᠨ ᠵᠦᠶ᠋ᠯ ᠢ᠋ ᠰᠤᠭᠤᠴᠢᠨ ᠪᠠᠢᠴᠠᠭᠠᠵᠤ᠂ ᠡᠭᠦᠨ ᠳ᠋ᠤ 19 ᠪᠦᠯᠦᠭ ᠤᠳᠠᠭ᠎ᠠ ᠶ᠋ᠢᠨ ᠬᠢᠲᠠᠳ ᠴᠢᠨᠠᠬᠤ ᠡᠮ᠂ 14 ᠪᠦᠯᠦᠭ ᠤᠳᠠᠭ᠎ᠠ ᠶ᠋ᠢᠨ ᠬᠢᠲᠠᠳ (ᠮᠣᠩᠭᠣᠯ) ᠡᠮ᠂ 8 ᠪᠦᠯᠦᠭ ᠤᠳᠠᠭ᠎ᠠ ᠶ᠋ᠢᠨ ᠬᠢᠮᠢ ᠶ᠋ᠢᠨ ᠡᠮ ᠤ᠋ᠨ
ᠵᠦᠶ᠋ᠯ᠂ 1 ᠪᠦᠯᠦᠭ ᠤᠳᠠᠭ᠎ᠠ
ᠶ᠋ᠢᠨ ᠴᠤᠭ᠍ᠯᠠᠭᠤᠯᠤᠨ ᠬᠤᠳᠠᠯᠳᠤᠨ ᠠᠪᠤᠬᠰᠠᠨ ᠡᠮ ᠤ᠋ᠨ ᠵᠦᠶ᠋ᠯ ᠢ᠋ ᠪᠠᠭ᠍ᠲᠠᠭᠠᠨᠠ᠃