ᠲᠠᠯ᠎ᠠ᠎ᠶᠢᠨ ᠥᠷᠭᠡᠨ ᠳᠡᠨᠵᠢᠨ᠎ᠳᠦ ᠲᠠᠨᠠᠨ ᠴᠠᠭᠠᠨ ᠭᠡᠷ ᠴᠠᠢᠯᠵᠠᠨ᠂ ᠲᠠᠩᠰᠤᠭ ᠨᠠᠢᠷ᠎ᠤᠨ ᠬᠦᠭ ᠬᠠᠯᠭᠢᠭᠤᠯᠤᠭᠰᠠᠨ ᠨᠠᠭᠠᠳᠤᠮ᠎ᠤᠨ ᠢᠳᠡ ᠤᠯᠠᠷᠢᠯ ᠠᠶᠠᠷᠯᠠᠨ᠎ᠠ᠃
ᠳᠡᠯᠭᠡᠷ ᠵᠤᠨ᠎ᠤ ᠲᠠᠩᠰᠤᠭ ᠤᠯᠠᠷᠢᠯ ᠵᠢᠡᠷ᠂ ᠬᠥᠮᠥᠨ ᠠᠷᠠᠳ᠎ᠤᠨ ᠵᠢᠡᠨ ᠰᠡᠳᠬᠢᠯ᠎ᠢ ᠰᠡᠷᠭᠦᠭᠡᠨ ᠤᠷᠮ᠎ᠠ᠎ᠶᠢ ᠬᠥᠭᠵᠢᠶᠡᠨ ᠪᠠᠢᠵᠤ᠂ ᠲᠠᠯ᠎ᠠ ᠨᠤᠲᠤᠭ᠎ᠤᠨ ᠥᠷᠥᠴᠡᠨ᠎ᠳᠦ ᠤᠯᠠᠮᠵᠢᠯᠠᠯ ᠰᠢᠨᠡᠴᠢᠯᠡᠯᠢ ᠤᠶᠠᠯᠳᠤᠭᠤᠯᠤᠨ ᠤᠯᠠᠷᠢᠭ᠍ᠰᠠᠭᠠᠷ᠂ ᠰᠢᠨ᠎ᠡ ᠳᠦᠷᠰᠦ ᠪᠠᠢᠳᠠᠯ᠎ᠢᠶᠠᠷ ᠴᠠᠭ ᠦᠶ᠎ᠡ᠎ᠶᠢᠨ ᠭᠡᠷᠡᠯ ᠭᠢᠯᠪᠠᠭ᠎ᠠ᠂ ᠥᠷᠨᠢᠯ ᠬᠥᠭᠵᠢᠯ᠎ᠢ ᠳᠡᠯᠭᠡᠨ ᠪᠠᠢᠭ᠎ᠠ ᠨᠠᠭᠠᠳᠤᠮ᠎ᠦᠨ ᠬᠤᠷᠠᠯ᠎ᠤᠨ ᠦᠨ᠎ᠡ ᠴᠠᠨ᠎ᠠ ᠬᠡᠳᠦᠢ ᠶᠡᠬᠡ ᠪᠠᠢᠳᠠᠭ ᠪᠢᠯᠡ᠃

ᠤᠯᠠᠭᠠᠨ ᠲᠤᠭᠴᠢᠳ᠎ᠤᠨ ᠡᠨᠭᠨᠡᠭᠡ

ᠵᠢᠬᠰᠠᠭᠠᠯ ᠳᠤ ᠤᠷᠤᠨ᠎ᠡ

ᠨᠠᠮᠨᠠᠭᠠᠴᠢᠨ

ᠤᠷᠠᠨ ᠪᠠᠷᠢᠯᠳᠤᠭᠠᠨ

ᠠᠶᠤᠨᠭᠭᠠ ᠠᠶ᠎ᠠ ᠲᠠᠭᠤᠤ ᠪᠠᠨ ᠡᠷᠭᠦᠯ᠎ᠡ

ᠱᠠᠨᠭᠨᠠᠯ ᠭᠠᠷᠳᠠᠭᠤᠯᠤᠨ᠎ᠠ

ᠤᠷᠠᠨ ᠪᠦᠵᠢᠭ
ᠡᠨᠡ ᠵᠢᠯ᠎ᠤᠨ 7 ᠰᠠᠷ᠎ᠠ᠎ᠠᠴᠠ ᠣᠳᠤ ᠪᠣᠯᠲᠠᠯ᠎ᠠ ᠂ ᠮᠠᠨ᠎ᠤ ᠣᠷᠣᠨ᠎ᠳᠦ ᠣᠷᠣᠨ ᠂ ᠬᠣᠲᠠ ᠂ ᠬᠣᠰᠢᠭᠤ ᠰᠢᠶᠠᠩ ᠭᠤᠷᠪᠠᠨ ᠳᠡᠰ ᠵᠢᠡᠷ ᠬᠥᠳᠡᠯᠦᠯᠴᠡᠭᠰᠡᠨ ᠂ ᠪᠦᠬᠦ ᠠᠷᠠᠳ ᠵᠢᠡᠷ ᠵᠢᠡᠨ ᠣᠷᠣᠯᠴᠠᠭᠰᠠᠨ ᠂ ᠲᠦᠮᠡᠨ ᠣᠯᠠᠨ ᠵᠢᠡᠷ ᠵᠢᠡᠨ ᠠᠩᠬᠠᠷᠤᠭᠰᠠᠨ ᠨᠠᠭᠠᠳᠤᠮ᠎ᠤᠨ ᠥᠪᠡᠳᠡᠭᠰᠢ ᠳᠠᠢᠯᠠᠯᠭ᠎ᠠ ᠬᠥᠭᠵᠢᠶᠡᠨ ᠲᠠᠢ ᠶᠠᠪᠤᠭᠳᠠᠵᠤ᠂ ᠪᠦᠷᠢᠨ ᠪᠤᠰᠤ ᠪᠦᠷᠢᠳᠬᠡᠯ᠎ᠢ ᠦᠨᠳᠦᠰᠦᠯᠡᠪᠡᠯ᠂ ᠣᠳᠣᠬᠠᠨ ᠪᠣᠯᠳᠠᠯ᠎ᠠ ᠮᠠᠨ᠎ᠤ ᠣᠷᠣᠨ᠎ᠳᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 35 ᠳ᠋ᠤᠭᠠᠷ ᠬᠤᠭᠤᠴᠠᠭᠠᠨ᠎ᠤ ᠲᠠᠯ᠎ᠠ ᠨᠤᠲᠤᠭ᠎ᠤᠨ ᠨᠠᠭᠠᠳᠤᠮ᠂ 2025 ᠣᠨ᠎ᠤ ᠬᠢᠩᠭᠠᠨ ᠠᠢᠮᠠᠭ᠎ᠤᠨ ᠨᠠᠭᠠᠳᠤᠮ᠂ ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤᠨ᠎ᠤ 35 ᠳ᠋ᠤᠭᠠᠷ ᠬᠤᠭᠤᠴᠠᠭᠠᠨ᠎ᠤ ᠨᠠᠭᠠᠳᠤᠮ᠎ᠤᠨ ᠬᠤᠷᠠᠯ ᠭᠡᠬᠦ ᠮᠡᠲᠦᠴᠢᠯᠡᠨ ᠠᠯᠪᠠᠨ᠎ᠤ ᠲᠠᠯ᠎ᠠ ᠡᠴᠡ ᠡᠷᠬᠢᠯᠡᠭᠰᠡᠨ ᠶᠡᠬᠡ ᠪᠠᠭ᠎ᠠ ᠨᠠᠢᠷ ᠨᠠᠭᠠᠳᠤᠮ ᠪᠠᠷᠤᠭ 20 ᠭᠠᠷᠤᠢ ᠲᠠᠯᠠᠪᠠᠢ ᠶᠠᠪᠤᠭᠳᠠᠭᠠᠳ ᠪᠤᠢ᠃
ᠲᠠᠯ᠎ᠠ ᠨᠤᠲᠤᠭ᠎ᠤᠨ ᠠᠷᠠᠳ ᠲᠦᠮᠡᠨ᠎ᠳᠦ ᠠᠪᠴᠤ ᠬᠡᠯᠡᠪᠡᠯ᠂ ᠨᠠᠭᠠᠳᠤᠮ ᠨᠢ ᠤᠷ᠎ᠠ ᠮᠡᠷᠭᠡᠵᠢᠯ᠎ᠤᠨ ᠠᠳᠠᠯᠢᠳᠬᠠᠯ ᠲᠡᠳᠦᠢ ᠦᠭᠡᠢ᠂ ᠪᠢᠷ᠎ᠡ ᠴᠢᠳᠠᠯ᠂ ᠰᠥᠰᠥ ᠵᠣᠷᠢᠭ᠋᠂ ᠤᠷᠢ ᠤᠬᠠᠭᠠᠨ᠎ᠦ ᠰᠣᠷᠢᠶ᠎ᠠ ᠪᠣᠯᠪᠠᠰᠤᠷᠠᠯ᠂ ᠲᠡᠷᠡᠴᠢᠯᠡᠨ ᠦᠨᠳᠦᠰᠦᠲᠡᠨ᠎ᠤ ᠰᠣᠶᠣᠯ ᠢᠷᠭᠡᠨᠰᠢᠯ ᠣᠶᠤᠨ ᠰᠠᠨᠠᠭᠠᠨ᠎ᠤ ᠤᠯᠠᠮᠵᠢᠯᠠᠯ ᠪᠠᠢᠵᠤ᠂ ᠤᠮᠠᠷᠠᠲᠤ ᠵᠢᠨ ᠦᠨᠳᠦᠰᠦᠲᠡᠨ᠎ᠦ ᠮᠢᠩᠭᠠᠨ ᠵᠢᠯ᠎ᠤᠨ ᠲᠡᠦᠬᠡᠨ ᠳᠤᠷᠠᠰᠤᠮᠵᠢ᠎ᠶᠢ ᠠᠴᠢᠶᠠᠯᠠᠭᠰᠠᠨ ᠰᠣᠶᠣᠯ᠎ᠤᠨ ᠤᠬᠢ ᠲᠠᠯᠠᠰᠲᠤ᠂ ᠠᠳᠠᠯ ᠠᠮᠢᠳᠤᠷᠠᠯ᠂ ᠠᠵᠤ ᠠᠬᠤᠢ᠂ ᠲᠡᠷᠡᠴᠢᠯᠡᠨ ᠠᠶᠠᠯᠠᠯ ᠵᠢᠭᠤᠯᠴᠢᠯᠠᠯ ᠠᠯᠢ ᠤᠯᠠᠨ ᠡᠯᠧᠮᠧᠨ᠋ᠲ᠎ᠢ ᠠᠭᠤᠯᠵᠤ ᠬᠠᠮᠤᠷᠤᠭᠰᠠᠨ ᠤᠮᠠᠷᠠᠲᠤ ᠵᠢᠨ ᠰᠣᠶᠣᠯ᠎ᠤᠨ ᠴᠢᠬᠤᠯᠠ ᠱᠣᠰᠢᠭ᠎ᠠ ᠲᠡᠮᠳᠡᠭ ᠪᠣᠯᠤᠭᠰᠠᠨ ᠪᠠᠢᠭ᠎ᠠ ᠶᠤᠮ᠃