ᠰᠤᠷᠪᠤᠯᠵᠢᠯᠠᠭ᠍ᠴᠢ ᠳᠤᠮᠳᠠᠳᠤ ᠤᠯᠤᠰ᠎ᠤᠨ ᠤᠯᠤᠰ᠎ᠤᠨ ᠲᠡᠮᠦᠷ ᠵᠠᠮ᠎ᠤᠨ ᠪᠦᠯᠦᠭ᠌ᠯᠡᠯ᠎ᠦᠨ ᠬᠢᠵᠠᠭᠠᠷᠲᠤ ᠺᠣᠮᠫᠠᠨᠢ᠎ᠡᠴᠡ ᠣᠢᠯᠠᠭᠠᠭ᠍ᠰᠠᠨ᠎ᠢᠶᠠᠷ᠂ 2 ᠤ᠋ᠨ ᠡᠳᠦᠷ᠂ ᠪᠥᠬᠥ᠌ ᠤᠯᠤᠰ᠎ᠤᠨ ᠲᠡᠮᠦᠷ ᠵᠠᠮ ᠵᠢᠱ᠌ᠢᠯᠲᠡ᠎ᠪᠡᠷ 1790 ᠲᠦᠮᠡᠨ ᠬᠦᠮᠦᠨ ᠤᠳᠠᠭ᠎ᠠ ᠠᠶᠠᠨᠴᠢᠳ᠎ᠢ ᠬᠦᠷᠭᠡᠵᠦ᠍᠂ 1279 ᠠᠶᠠᠨᠴᠢᠳ᠎ᠤᠨ ᠭᠠᠯᠲᠦ ᠲᠡᠷᠭᠡ ᠨᠡᠮᠡᠵᠦ᠍ ᠶᠠᠪᠤᠭᠤᠯᠬᠤ᠎ᠪᠠᠷ ᠲᠥᠯᠥᠪᠯᠡᠵᠦ᠍ ᠪᠣᠶ᠃ 6 ᠰᠠᠷ᠎ᠠ᠎ᠶ᠋ᠢᠨ 1 ᠤ᠋ ᠡᠳᠦᠷ᠂ ᠪᠥᠬᠥ᠌ ᠤᠯᠤᠰ᠎ᠤᠨ ᠲᠡᠮᠦᠷ ᠵᠠᠮ ᠠᠶᠠᠨᠴᠢᠳ᠎ᠢ 1190.2 ᠲᠦᠮᠡᠨ ᠬᠥᠮᠦᠨ ᠤᠳᠠᠭ᠎ᠠ ᠬᠦᠷᠭᠡᠵᠦ᠍᠂ ᠲᠡᠮᠦᠷ ᠵᠠᠮ᠎ᠤᠨ ᠲᠡᠭᠡᠭᠡᠪᠦᠷᠢ ᠠᠮᠤᠷ ᠲᠦᠪᠱᠢᠨ ᠪᠥᠭᠡᠳ ᠡᠮᠬᠢ ᠵᠢᠷᠤᠮ᠎ᠲᠠᠶ ᠶᠠᠪᠤᠭ᠍ᠳᠠᠪᠠ᠃
ᠲᠡᠮᠦᠷ ᠵᠠᠮ᠎ᠤᠨ 12306 ᠪᠡᠷ ᠲᠡᠷᠭᠡᠨ ᠪᠢᠯᠧᠲ᠎ᠢ ᠤᠷᠢᠳᠴᠢᠯᠠᠨ ᠬᠤᠳᠠᠯᠳᠤᠭ᠍ᠰᠠᠨ ᠪᠠᠢᠳᠠᠯ᠎ᠡᠴᠡ ᠦᠵᠡᠪᠡᠯ᠂ 2 ᠤ᠋ᠨ ᠡᠳᠦᠷ ᠭᠤᠤᠯᠳᠠᠭᠤ ᠪᠡᠭᠡᠵᠢᠩ᠂ ᠴᠧᠩᠳᠦ᠋᠂ ᠭᠤᠸᠠᠩᠵᠧᠦ᠂ ᠨᠠᠨᠵᠢᠩ᠂ ᠬᠠᠩᠵᠧᠦ᠂ ᠱᠠᠩᠬᠠᠶ᠂ ᠵᠸᠩᠵᠸᠦ᠂ ᠦᠬᠠᠨ᠂ ᠰᠢ ᠠᠨ᠂ ᠴᠦᠩᠴᠢᠩ ᠡᠴᠡ ᠮᠤᠷᠳᠠᠬᠤ ᠠᠶᠠᠨᠴᠢᠳ ᠤᠯᠠᠨ ᠪᠤᠢ; ᠪᠡᠭᠡᠵᠢᠩ᠂ ᠱᠠᠩᠬᠠᠶ᠂ ᠭᠤᠸᠠᠩᠵᠧᠦ᠂ ᠴᠧᠩᠳᠦ᠋᠂ ᠦᠬᠠᠨ᠂ ᠬᠠᠩᠵᠧᠦ᠂ ᠵᠸᠩᠵᠸᠦ᠂ ᠱᠧᠨᠵᠧᠨ᠂ ᠰᠢ ᠠᠨ᠂ ᠨᠠᠨᠵᠢᠩ ᠳ᠋ᠤ ᠬᠦᠷᠬᠦ ᠠᠶᠠᠨᠴᠢᠳ ᠤᠯᠠᠨ ᠪᠣᠶ; ᠨᠠᠨᠨᠢᠩ᠎ᠡᠴᠡ ᠭᠤᠸᠠᠩᠵᠧᠦ ᠬᠦᠷᠬᠦ᠂ ᠮᠦᠭ᠌ᠳᠡᠨ᠎ᠡᠴᠡ ᠪᠡᠭᠡᠵᠢᠩ ᠬᠦᠷᠬᠦ᠂ ᠴᠧᠩᠳᠥ᠋ ᠡᠴᠡ ᠰᠢ ᠠᠨ ᠬᠦᠷᠬᠦ᠂ ᠰᠢ ᠠᠨᠡᠴᠡ ᠴᠧᠩᠳᠥ᠋ ᠬᠦᠷᠬᠦ᠂ ᠴᠠᠩᠱᠠ᠎ᠡᠴᠡ ᠦᠬᠠᠨ ᠬᠦᠷᠬᠦ᠂ ᠵᠸᠩᠵᠸᠦ᠍ᠡᠴᠡ ᠪᠡᠭᠡᠵᠢᠩ ᠬᠦᠷᠬᠦ᠂ ᠬᠥᠬᠡᠬᠣᠲᠠ᠎ᠡᠴᠡ ᠪᠡᠭᠡᠵᠢᠩ ᠬᠦᠷᠬᠦ᠂ ᠪᠡᠭᠡᠵᠢᠩ᠎ᠡᠴᠡ ᠱᠠᠩᠬᠠᠶ ᠬᠦᠷᠬᠦ᠂ ᠲᠠᠢᠶᠤᠸᠠᠨ᠎ᠡᠴᠡ ᠪᠡᠭᠡᠵᠢᠩ ᠬᠦᠷᠬᠦ᠂ ᠵᠢᠨᠠᠨ᠎ᠡᠴᠡ ᠪᠡᠭᠡᠵᠢᠩ ᠬᠦᠷᠬᠦ ᠵᠡᠷᠭᠡ ᠬᠠᠯᠠᠮᠱᠢᠯ ᠣᠷᠣᠨ᠎ᠤ ᠬᠣᠭᠣᠷᠣᠨᠳᠣᠬᠢ ᠠᠶᠠᠨᠴᠢᠳ᠎ᠤᠨ ᠤᠷᠤᠰᠴᠠ ᠨᠡᠯᠢᠶᠡᠳ ᠲᠥᠪᠯᠡᠷᠡᠵᠦ᠍ ᠪᠠᠢᠨ᠎ᠠ᠃
ᠡᠯ᠎ᠡ ᠭᠠᠵᠠᠷ᠎ᠤᠨ ᠲᠡᠮᠦᠷ ᠵᠠᠮ᠎ᠤᠨ ᠰᠠᠯᠠᠭ᠎ᠠ ᠮᠥᠴᠢᠷ᠎ᠦᠨ᠎ᠬᠢᠨ ᠪᠤᠴᠠᠬᠤ ᠠᠶᠠᠨᠴᠢᠳ᠎ᠤᠨ ᠤᠷᠤᠰᠴᠠ᠎ᠶᠢᠨ ᠣᠷᠭᠢᠯ᠎ᠤᠨ ᠬᠤᠭᠤᠴᠠᠭ᠎ᠠ᠎ᠶ᠋ᠢ ᠢᠳᠡᠪᠬᠢᠲᠡᠶ ᠠᠷᠭᠠᠴᠡᠭᠠᠵᠤ᠂ ᠲᠡᠭᠡᠭᠡᠪᠦᠷᠢ᠎ᠶ᠋ᠢᠨ ᠬᠦᠴᠦᠨ᠎ᠦ ᠣᠷᠣᠭᠤᠯᠤᠯᠲᠠ᠎ᠶ᠋ᠢ ᠨᠡᠮᠡᠭ᠌ᠳᠡᠭᠦᠯᠵᠦ᠍᠂ ᠦᠶ᠋ᠯᠡᠴᠢᠯᠡᠭᠡᠨ᠎ᠦ ᠪᠠᠲᠤᠯᠠᠭ᠎ᠠ᠎ᠶ᠋ᠢᠨ ᠡᠷᠴᠢᠮ᠎ᠢᠶᠡᠨ ᠴᠢᠩᠭᠠᠷᠠᠭᠤᠯᠵᠤ᠂ ᠠᠶᠠᠨᠴᠢᠳ᠎ᠤᠨ ᠠᠮᠤᠷ ᠲᠦᠪᠱᠢᠨ ᠳᠥᠭᠥᠮ ᠳᠥᠲᠡ ᠬᠠᠯᠠᠭᠤᠨ ᠳᠤᠯᠠᠭᠠᠨ ᠶᠠᠪᠤᠵᠤ ᠰᠠᠭᠤᠬᠤ᠎ᠳᠤ ᠦᠶ᠋ᠯᠡᠴᠢᠯᠡᠪᠡ᠃ ᠤᠯᠤᠰ᠎ᠤᠨ ᠲᠡᠮᠦᠷ ᠵᠠᠮ᠎ᠤᠨ ᠲᠠᠢᠶᠤᠸᠠᠨ᠎ᠤ ᠲᠣᠪᠴᠢᠶᠠᠨ᠎ᠤ ᠪᠦᠯᠦᠭ᠌ᠯᠡᠯ ᠺᠣᠮᠫᠠᠨᠢ ᠯᠢᠦᠶ ᠯᠢᠶᠠᠩ᠎ᠡᠴᠡ ᠳ᠋ᠠᠲ᠋ᠦ᠋ᠩ ᠬᠥᠷᠬᠥ᠌ ᠠᠶᠠᠨᠴᠢᠳ᠎ᠤᠨ ᠭᠠᠯᠲᠤ ᠲᠡᠷᠭᠡ᠎ᠶ᠋ᠢ ᠨᠡᠮᠡᠵᠦ᠍᠂ ᠯᠢᠦᠶ ᠯᠢᠶᠠᠩ᠎ᠤᠨ ᠬᠤᠪᠢᠰᠭᠠᠯ᠎ᠤᠨ ᠡᠷᠲᠡ ᠴᠢᠯᠥᠭᠡᠯᠡᠭ᠌ᠳᠡᠭ᠌ᠰᠡᠨ ᠣᠷᠣᠨ ᠪᠣᠯᠤᠨ ᠱᠠᠨ ᠰᠢ᠎ᠶ᠋ᠢᠨ ᠬᠣᠢᠲᠤ ᠬᠡᠰᠡᠭ᠎ᠦᠨ ᠬᠣᠲᠠ᠎ᠶ᠋ᠢᠨ ᠬᠣᠭᠣᠷᠣᠨᠳᠣᠬᠢ ᠠᠶᠠᠨᠴᠢᠳ᠎ᠤᠨ ᠠᠮᠠᠷᠠᠯᠲᠠ᠎ᠶ᠋ᠢᠨ ᠡᠳᠦᠷ ᠭᠠᠳᠠᠭ᠍ᠰᠢ ᠭᠠᠷᠬᠤ᠎ᠳᠤ ᠲᠥᠬᠥᠮ ᠦᠵᠡᠭᠦᠯᠪᠡ; ᠤᠯᠤᠰ᠎ᠤᠨ ᠲᠡᠮᠦᠷ ᠵᠠᠮ᠎ᠤᠨ ᠱᠠᠩᠬᠠᠢ᠎ᠶ᠋ᠢᠨ ᠲᠣᠪᠴᠢᠶ᠎ᠠ ᠪᠦᠯᠦᠭ᠌ᠯᠡᠯ ᠺᠣᠮᠫᠠᠨᠢ ᠲᠤᠬᠠᠢ᠎ᠶ᠋ᠢᠨ ᠭᠠᠵᠠᠷ᠎ᠤᠨ ᠰᠣᠶᠣᠯ ᠵᠢᠭᠤᠯᠴᠢᠯᠠᠯ᠎ᠤᠨ ᠰᠠᠯᠠᠭ᠎ᠠ ᠮᠥᠴᠢᠷ᠎ᠲᠡᠶ ᠬᠠᠮᠲᠤᠷᠠᠨ ᠡᠦ ᠬ᠍ᠤ ᠥᠷᠲᠡᠭᠡᠨ᠎ᠳᠦ ᠤᠷᠠᠨ ᠰᠠᠢᠬᠠᠨ᠎ᠤ ᠲᠣᠭ᠍ᠯᠠᠯᠲᠠ ᠭᠠᠷᠭᠠᠵᠤ᠂ ᠰᠸᠴᠤᠸᠠᠨ ᠵᠦᠴᠦᠭᠡ᠎ᠶ᠋ᠢᠨ ᠴᠢᠷᠠᠢ ᠬᠤᠪᠢᠷᠠᠬᠤ ᠵᠡᠷᠭᠡ ᠲᠣᠭ᠍ᠯᠠᠯᠲᠠ ᠨᠢ ᠪᠠᠶᠠᠷ᠎ᠤᠨ ᠡᠳᠦᠷ᠎ᠦᠨ ᠠᠭᠤᠷ ᠠᠮᠢᠰᠭᠤᠯ᠎ᠢ ᠬᠦᠭᠵᠢᠭᠡᠵᠦ ᠤᠷᠬᠢᠯ᠎ᠳᠤᠨᠢ ᠬᠦᠷᠭᠡᠪᠡ; ᠤᠯᠤᠰ᠎ᠤᠨ ᠲᠡᠮᠦᠷ ᠵᠠᠮ᠎ᠤᠨ ᠴᠧᠩᠳᠥ᠋ ᠶ᠋ᠢᠨ ᠲᠣᠪᠴᠢᠶᠠᠨ᠎ᠤ ᠪᠦᠯᠦᠭ᠌ᠯᠡᠯ ᠺᠣᠮᠫᠠᠨᠢ᠎ᠶ᠋ᠢᠨ ᠴᠧᠩᠳᠦ᠋ ᠶ᠋ᠢᠨ ᠬᠦᠳᠡᠯᠭᠡᠬᠦ ᠬᠦᠴᠦᠨᠲᠦ ᠭᠠᠯᠲᠦ ᠲᠡᠷᠭᠡ᠎ᠶᠢᠨ ᠬᠡᠰᠡᠭ᠎ᠡᠴᠡ ᠬᠦᠳᠡᠯᠭᠡᠬᠦ ᠬᠦᠴᠦᠨᠲᠦ ᠭᠠᠯᠲᠦ ᠲᠡᠷᠭᠡ᠎ᠶᠢᠨ ᠳᠤᠭᠤᠢᠯᠠᠩ᠎ᠢ ᠣᠷᠭᠢᠯ᠎ᠤᠨ ᠬᠤᠭᠤᠴᠠᠭ᠎ᠠ᠎ᠶ᠋ᠢ ᠵᠥᠷᠢᠭᠦᠯᠦᠨ ᠪᠠᠢᠴᠠᠭᠠᠨ ᠵᠠᠰᠠᠬᠤ᠎ᠪᠠᠷ ᠲᠣᠬᠢᠷᠠᠭᠤᠯᠵᠤ᠂ ᠠᠮᠠᠷᠠᠯᠲᠠ᠎ᠶ᠋ᠢᠨ ᠬᠤᠭᠤᠴᠠᠭᠠᠨ᠎ᠤ ᠰᠥᠨᠢ᠎ᠶ᠋ᠢᠨ ᠪᠠᠢᠴᠠᠭᠠᠨ ᠵᠠᠰᠠᠬᠤ ᠦᠶ᠋ᠯᠡᠳᠪᠦᠷᠢᠯᠡᠯ᠎ᠦᠨ ᠣᠷᠣᠭᠤᠯᠤᠯᠲᠠ᠎ᠶ᠋ᠢ ᠨᠡᠮᠡᠭ᠌ᠳᠡᠭᠦᠯᠵᠦ᠍᠂ ᠡᠳᠦᠷ᠎ᠦᠨ ᠠᠶᠠᠨᠴᠢᠳ᠎ᠤᠨ ᠵᠦᠭᠡᠭᠡᠪᠦᠷᠢ ᠳ᠋ᠤ ᠪᠥᠬᠥ᠌ ᠵᠦᠭᠡᠭᠡᠪᠦᠷᠢ ᠵᠢᠨ ᠴᠢᠳᠠᠪᠤᠷᠢ᠎ᠶ᠋ᠢ ᠪᠠᠳᠠᠷᠠᠭᠤᠯᠪᠠ; ᠤᠯᠤᠰ᠎ᠤᠨ ᠲᠡᠮᠦᠷ ᠵᠠᠮ᠎ᠤᠨ ᠦᠷᠦᠮᠴᠢ᠎ᠶ᠋ᠢᠨ ᠲᠣᠪᠴᠢᠶᠠᠨ᠎ᠤ ᠪᠦᠯᠦᠭ᠌ᠯᠡᠯ ᠺᠣᠮᠫᠠᠨᠢ ᠨᠢ ᠬᠣᠲᠠ᠎ᠶ᠋ᠢᠨ ᠶᠠᠪᠤᠳᠠᠯ᠎ᠤᠨ ᠵᠠᠮ ᠬᠠᠷᠢᠯᠴᠠᠭᠠᠨ᠎ᠤ ᠰᠠᠯᠠᠭ᠎ᠠ ᠮᠥᠴᠢᠷ᠎ᠢ ᠵᠣᠬᠢᠴᠠᠭᠤᠯᠤᠨ ᠨᠡᠢᠲᠡ᠎ᠶ᠋ᠢᠨ ᠮᠠᠱᠢᠨ ᠲᠡᠷᠭᠡᠨ᠎ᠦ ᠡᠭᠡᠯᠵᠢ ᠤᠳᠠᠭ᠎ᠠ᠎ᠶ᠋ᠢ ᠨᠢᠭᠲᠠᠷᠠᠭᠤᠯᠵᠤ᠂ ᠰᠦᠯᠵᠢᠶ᠎ᠡ ᠪᠡᠷ ᠳᠠᠭᠤᠳᠠᠭᠰᠠᠨ ᠲᠡᠷᠭᠡ ᠵᠢ ᠬᠦᠯᠢᠶᠡᠬᠦ᠌ ᠲᠣᠭᠣᠷᠢᠭ ᠭᠠᠷᠭᠠᠵᠤ᠂ ᠠᠶᠠᠨᠴᠢᠳ᠎ᠤᠨ ᠶᠠᠪᠤᠵᠤ ᠰᠠᠭᠤᠬᠤ 《ᠡᠴᠦᠰ᠎ᠦᠨ ᠨᠢᠭᠡ ᠺᠢᠯᠣᠮᠧᠲ᠋ᠷ》 ᠢ᠋ ᠰᠠᠭᠠᠳ ᠥᠬᠡᠶ ᠨᠡᠪᠲᠡᠷᠡᠭᠦᠯᠪᠡ᠃