《ᠪᠠᠶᠠᠨ》 ᠬᠢᠯᠢ ᠵᠢᠨ ᠠᠭᠤᠳᠠᠮ ᠬᠠᠷᠭᠤᠢ ᠳ᠋ᠤ
2025-05-06 16:59:30
ᠵᠣᠬᠢᠶᠠᠭ᠍ᠴᠢ᠄
ᠬᠤᠩ ᠰᠢᠶᠠ ᠢᠳᠡᠷᠡᠭᠦᠨ ᠲᠡᠭᠦᠰᠪᠢᠯᠢᠭ
ᠣᠩᠱᠢᠭ᠍ᠰᠠᠨ ᠣᠳᠠᠭ᠎ᠠ᠄
★★★☆☆

 —  ᠤᠶᠤᠳᠠᠨ ᠭᠠᠴᠠᠭᠠᠨ ᠲᠠᠷᠤᠭ᠎ᠠ ᠤᠷᠳᠤ ᠵᠢ ᠲᠡᠮᠳᠡᠭᠯᠡᠪᠡ

 ᠶᠡᠷᠦᠩᠭᠡᠢ ᠱᠦᠵᠢ ᠰᠢ ᠵᠢᠨ ᠫᠢᠩ᠄《ᠲᠤᠬᠠᠢ ᠵᠢᠨ ᠭᠠᠵᠠᠷ᠎ᠤᠨ ᠴᠢᠳᠠᠪᠤᠷᠢᠲᠠᠨ᠎ᠢ ᠢᠳᠡᠪᠬᠢᠲᠡᠢ ᠬᠦᠮᠦᠵᠢᠭᠦᠯᠵᠦ᠂ ᠭᠠᠳᠠᠬᠰᠢ ᠭᠠᠷᠤᠬᠰᠠᠨ ᠴᠢᠳᠠᠪᠤᠷᠢᠲᠠᠨ᠎ᠤ ᠨᠤᠲᠤᠬ ᠲᠠᠭᠠᠨ ᠪᠤᠴᠠᠵᠤ ᠦᠢᠯᠡᠰ ᠪᠤᠰᠬᠠᠬᠤ ᠵᠢ ᠵᠤᠷᠢᠬᠵᠢᠭᠤᠯᠵᠤ᠂ ᠤᠶᠤᠲᠠᠨ ᠭᠠᠴᠠᠭᠠᠨ ᠲᠠᠷᠤᠭ᠎ᠠ ᠵᠢᠨ ᠦᠨᠳᠦᠰᠦᠨ ᠱᠠᠲᠤᠨ ᠳ᠋ᠦ ᠦᠨᠳᠦᠰᠦᠯᠡᠬᠦ ᠵᠢ ᠵᠤᠷᠢᠬᠵᠢᠭᠤᠯᠵᠤ᠂ ᠬᠦᠳᠡᠭᠡ ᠲᠤᠰᠬᠤᠨ ᠎ᠢ ᠬᠦᠭᠵᠢᠭᠦᠯᠦᠨ ᠮᠠᠨᠳᠤᠭᠤᠯᠬᠤ ᠳ᠋ᠦ ᠴᠢᠳᠠᠪᠤᠷᠢᠲᠠᠨ᠎ᠤ ᠪᠠᠳᠤᠯᠠᠭ᠎ᠠ ᠬᠠᠩᠭᠠᠬᠤ ᠬᠡᠷᠡᠭᠳᠡᠢ》 ᠬᠡᠵᠦ ᠲᠤᠷᠠᠳᠤᠬᠰᠠᠨ ᠪᠠᠢᠳᠠᠬ᠃ ᠡᠨᠡ ᠬᠦ᠌ ᠵᠢᠭᠠᠪᠤᠷᠢ ᠪᠡᠷ ᠦᠢ ᠤᠯᠠᠨ ᠵᠠᠯᠠᠭᠤᠴᠤᠳ ᠤᠶᠤᠨ ᠤᠬᠠᠭᠠᠨ ᠪᠠ ᠠᠷᠢᠭᠤᠨ ᠬᠦᠳᠡᠯᠮᠦᠷᠢ ᠪᠡᠷ ᠵᠢᠨᠨ ᠨᠤᠲᠤᠭ ᠤᠰᠤ᠎ᠪᠠᠨ ᠴᠣᠭ᠍ᠴᠠᠯᠠᠨ᠂ ᠵᠠᠯᠠᠭᠤ ᠨᠠᠰᠤᠨ᠎ᠤ ᠢᠷᠠᠭᠤ ᠲᠤᠤᠯᠢᠰ᠎ᠢ ᠪᠢᠴᠢᠭ᠌ᠯᠡᠵᠦ ᠪᠠᠢᠨᠡᠮ᠃

ᠤᠷᠲᠤ᠂1995ᠤᠨ᠎ᠳᠤ ᠪᠠᠶᠠᠨᠨᠠᠭᠤᠷ ᠬᠤᠳᠠ ᠵᠢᠨ ᠤᠷᠠᠳ᠎ᠤᠨ ᠬᠤᠢᠲᠤ ᠬᠤᠰᠢᠭᠤᠨ᠎ᠤ ᠪᠠᠶᠠᠨᠴᠢᠨᠳᠠᠮᠤᠨᠢ ᠰᠤᠮᠤ ᠵᠢᠨ ᠪᠠᠶᠠᠨᠭᠤᠤᠯ ᠭᠠᠴᠠᠭ᠎ᠠ ᠎ᠳᠤ ᠲᠦᠷᠦᠵᠡᠢ᠃ 2018 ᠤᠨ ᠳ᠋ᠦ ᠦᠪᠦᠷ ᠮᠤᠩᠭᠤᠯ᠎ᠤᠨ ᠲᠠᠷᠢᠶᠠᠯᠠᠩ᠎ᠤᠨ ᠶᠡᠭᠡ ᠰᠤᠷᠭᠠᠭᠤᠯᠢ ᠡᠴᠡ ᠲᠡᠭᠦᠰᠴᠤ᠂ ᠨᠤᠲᠤᠬ ᠤᠰᠤᠨ᠎ᠤ ᠪᠡᠨ ᠬᠦᠭᠵᠢᠯᠲᠠ ᠳ᠋ᠤ ᠬᠦᠴᠦᠨ ᠨᠡᠮᠡᠷᠢᠯᠡᠬᠦ᠂ ᠬᠢᠯᠢ ᠵᠢᠨ ᠮᠠᠯᠴᠢᠳ᠎ᠤᠨ ᠠᠮᠢᠳᠤᠷᠠᠯ ᠎ᠢ ᠰᠠᠢᠵᠢᠷᠠᠭᠤᠯᠬᠤ ᠠᠤᠭ᠎ᠠ ᠬᠦᠰᠡᠯ ᠣᠷᠭᠢᠯᠤᠮ᠎ᠠ ᠰᠡᠳᠭᠢᠯᠭᠡ᠎ᠪᠡᠷ ᠨᠤᠲᠤᠭ᠎ᠲᠠᠭᠠᠨ ᠪᠤᠴᠠᠵᠤ ᠦᠢᠯᠡᠰ ᠪᠤᠰᠭᠠᠪᠠ᠃ 2023 ᠤᠨ ᠳ᠋ᠤ ᠪᠠᠶᠠᠨᠴᠢᠨᠳᠠᠮᠤᠨᠢ ᠰᠤᠮᠤ ᠵᠢᠨ ᠪᠠᠶᠠᠨᠬᠦᠢ᠍ᠷᠢᠶ᠎ᠡ ᠭᠠᠴᠠᠭ᠎ᠠ ᠵᠢᠨ ᠤᠶᠤᠳᠠᠨ ᠭᠠᠴᠠᠭᠠᠨ ᠲᠠᠷᠤᠭ᠎ᠠ ᠪᠤᠯᠵᠠᠢ᠃

ᠭᠣᠪᠢ ᠴᠦᠯ ᠪᠣᠢᠳᠠ ᠪᠦᠭ᠌ᠯᠡᠭᠦᠦ᠂ ᠪᠠᠷᠠᠭᠠᠨ᠎ᠤ ᠭᠦᠶ᠋ᠯᠭᠡᠭᠡ ᠳᠥᠭᠥᠮ ᠦᠭᠡᠢ᠂ ᠨᠤᠳᠤᠭ᠎ᠤᠨ  ᠪᠠᠢᠭᠠᠯᠢᠯᠢᠬ ᠴᠢᠨᠠᠷ ᠰᠠᠢᠲᠠᠶ ᠪᠦᠲᠦᠭᠡᠭ᠌ᠳᠡᠬᠦᠨ᠎ᠢ ᠵᠠᠬ᠎ᠠ ᠳᠡᠯᠭᠡᠭᠦᠷ᠎ᠲᠦ ᠭᠠᠷᠭᠠᠬᠤ ᠳ᠋ᠦ ᠬᠦᠴᠢᠷ ᠪᠠᠢᠳᠠᠯ᠎ᠢ ᠬᠠᠷᠠᠬᠠᠨ ᠪᠠᠭ᠎ᠠ ᠡᠴᠡ ᠪᠡᠨ ᠦᠵᠡᠵᠦ ᠬᠠᠷᠠᠵᠤ ᠪᠠᠢᠬᠰᠠᠨ ᠲᠡᠷᠡ ᠪᠡᠷ ᠠᠯᠢ ᠬᠡᠵᠢᠶ᠎ᠡ ᠡᠴᠡ ᠡᠨᠡ ᠬᠦ᠌  ᠪᠠᠢᠳᠠᠯ᠎ᠢ ᠡᠴᠦᠰᠯᠡᠭᠦᠯᠬᠦ ᠵᠢ ᠪᠤᠳᠤᠵᠤ ᠰᠡᠳᠬᠢᠵᠦ ᠶᠠᠪᠤᠯ᠎ᠠ᠃  2019 ᠤᠨ ᠳ᠋ᠦ ᠲᠡᠷᠡ ᠦᠪᠦᠷ ᠮᠤᠩᠭᠤᠯ᠎ᠤᠨ ᠪᠸᠢ ᠳ᠋ᠢ ᠲᠠᠷᠢᠶᠠᠯᠠᠩ ᠮᠠᠯ ᠠᠵᠤ ᠠᠬᠤᠢ ᠵᠢᠨ ᠬᠢᠵᠠᠭᠠᠷᠲᠤ ᠺᠤᠮᠫᠠᠨᠢ ᠵᠢ ᠪᠠᠢᠭᠤᠯᠵᠤ᠂ ᠲᠤᠷᠰᠢᠯᠭ᠎ᠠ ᠲᠤᠳᠠᠮᠠᠬ ᠡᠴᠡ ᠪᠤᠯᠵᠤ ᠡᠭᠦᠳᠡ ᠪᠡᠨ ᠬᠠᠭᠠᠪᠠ᠃ ᠢᠯᠠᠬᠳᠠᠯ ᠳ᠋ᠦ ᠵᠤᠷᠢᠬ ᠮᠤᠬᠤᠰᠢ ᠦᠭᠡᠢ ᠲᠡᠷᠡ ᠶᠠᠪᠤᠵᠤ ᠦᠩᠭᠡᠷᠡᠭᠰᠡᠨ ᠵᠠᠮ ᠡᠴᠡ ᠪᠡᠨ ᠤᠶᠤᠨ ᠤᠬᠠᠭᠠᠨ ᠰᠢᠩᠭᠡᠭᠡᠵᠦ᠂ ᠡᠷᠬᠢᠮ ᠲᠤᠷᠰᠢᠯᠭ᠎ᠠ ᠬᠤᠷᠠᠮᠳᠤᠭᠤᠯᠵᠤ ᠲᠠᠬᠢᠨᠳᠠ ᠦᠢᠯᠡᠰ ᠪᠤᠰᠬᠠᠪᠠ᠃ 2021 ᠣᠨ᠎ᠳᠤ᠂ ᠬᠢᠵᠢᠭ᠎ᠢ ᠰᠡᠷᠭᠡᠢᠯᠡᠬᠦ᠌ ᠮᠡᠷᠭᠡᠵᠢᠯ᠂ ᠱᠢᠮ᠎ᠡ ᠰᠠᠢᠳᠠᠢ ᠲᠡᠵᠢᠭᠡᠯ ᠪᠣᠷᠳᠣᠭ᠎ᠠ᠂ ᠤᠳᠤᠮᠯᠠᠯ᠎ᠤᠨ ᠡᠭᠦᠯᠳᠡᠷ ᠪᠣᠢᠵᠢᠭᠤᠯᠬᠤ᠂ ᠦᠶ᠋ᠯᠡᠳᠪᠦᠷᠢᠯᠡᠯ ᠬᠠᠮᠢᠶᠠᠷᠤᠯᠲᠠ᠎ᠪᠠᠷ ᠭᠤᠤᠯ ᠪᠣᠯᠭᠠᠭ᠍ᠰᠠᠨ ᠶᠡᠷᠦᠩᠬᠡᠢᠯᠡᠭ᠌ᠰᠡᠨ ᠴᠢᠨᠠᠷᠲᠠᠶ ᠮᠠᠯ ᠠᠵᠤ ᠠᠬᠤᠶ᠎ᠶ᠋ᠢᠨ ᠦᠶ᠋ᠯᠡᠴᠢᠯᠡᠭᠡᠨ᠎ᠦ ᠺᠤᠮᠫᠠᠨᠢ᠎ᠶ᠋ᠢ ᠪᠠᠢᠭᠤᠯᠵᠦ᠂ ᠮᠠᠯᠴᠢᠳ ᠲᠸ᠋ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠦᠶ᠋ᠯᠡᠴᠢᠯᠡᠭᠡ ᠪᠠ ᠵᠢᠯᠣᠭᠣᠳᠣᠯᠭ᠎ᠠ ᠬᠠᠩᠭᠠᠪᠠ᠃ ᠪᠦᠬᠦ ᠵᠢᠯ᠎ᠳᠤ 1000 ᠭᠠᠷᠤᠢ ᠤᠳᠠᠭ᠎ᠠ ᠮᠠᠯᠵᠢᠬᠤ ᠤᠷᠤᠨ ᠵᠢᠡᠷ ᠬᠦᠨᠵᠡᠭᠡᠢᠷᠡᠵᠦ᠂  56000 ᠭᠠᠷᠤᠶ ᠺᠢᠯᠣᠮᠧᠲ᠋ᠷ ᠠᠶᠠᠯᠠᠨ᠂ ᠮᠠᠯᠴᠢᠳ ᠪᠣᠯᠤᠨ ᠬᠠᠮᠲᠤ᠎ᠶ᠋ᠢᠨ ᠠᠵᠤ ᠠᠬᠤᠶ᠎ᠶ᠋ᠢᠨ 30 ᠲᠦᠮᠡ ᠭᠠᠷᠤᠶ ᠲᠥᠭᠥᠷᠢᠭ᠎ᠤᠨ ᠬᠣᠬᠢᠷᠠᠯ᠎ᠢ ᠡᠭᠡᠭᠦᠯᠵᠦ᠍ ᠠᠪᠴᠢᠷᠠᠵᠠᠶ᠃ 2022 ᠣᠨ᠎ᠳᠤ᠂ ᠤᠷᠠᠳ᠎ᠤᠨ ᠬᠤᠢᠲᠤ ᠬᠤᠰᠢᠭᠤᠨ᠎ᠤ ᠴᠤᠬᠠᠦ᠋ᠨᠳᠦᠷ ᠪᠠᠯᠭᠠᠰᠤ᠎ᠪᠠ ᠤᠷᠠᠳ᠎ᠤᠨ ᠡᠮᠦᠨᠡᠲᠦ ᠬᠣᠱᠢᠭᠤᠨ᠎ᠤ ᠪᠠᠶᠠᠨᠬᠤᠸᠠ ᠪᠠᠯᠭᠠᠰᠤᠨ ᠳ᠋ᠦ ᠮᠠᠯ ᠠᠵᠤ ᠠᠬᠤᠶ᠎ᠶ᠋ᠢᠨ ᠦᠶ᠋ᠯᠡᠴᠢᠯᠡᠭᠡᠨ᠎ᠦ ᠴᠡᠭ ᠪᠠᠢᠭᠤᠯᠤᠨ᠂ ᠠᠰᠢᠲᠠᠢ ᠡᠯᠧᠺᠲ᠋ᠷᠣᠨ ᠬᠤᠳᠠᠯᠳᠤᠭᠠᠨ᠎ᠤ ᠲᠠᠪᠴᠠᠩ ᠎ᠢ᠋ ᠪᠠᠢᠭᠤᠯᠵᠤ᠂ ᠤᠷᠠᠳ ᠨᠤᠲᠤᠭ᠎ᠤᠨ ᠣᠨᠴᠠ ᠭᠠᠷᠤᠯᠲᠠ᠎ᠶ᠋ᠢ ᠵᠠᠬ᠎ᠠ ᠳᠡᠯᠭᠡᠭᠦᠷ᠎ᠲᠦ ᠭᠠᠷᠭᠠᠬᠤ ᠶ᠋ᠢᠨ ᠬᠠᠮᠲᠤ ᠮᠠᠯᠴᠢᠳ᠎ᠤᠨ ᠣᠷᠣᠯᠭ᠎ᠠ᠎ᠶ᠋ᠢ ᠨᠡᠮᠡᠭ᠌ᠳᠡᠭᠦᠯᠪᠡ᠃          

ᠤᠯᠠᠭᠠᠨ ᠲᠡᠮᠡᠭᠡᠨ᠎ᠤ ᠪᠦᠳᠦᠭᠡᠭᠳᠡᠬᠦᠨ ᠪᠤᠯ ᠭᠤᠪᠢ ᠨᠤᠳᠤᠭ᠎ᠤᠨ ᠰᠢᠮ᠎ᠡ ᠰᠠᠢᠳᠠᠢ ᠤᠨᠴᠠ  ᠭᠠᠷᠤᠯᠳᠠ ᠪᠤᠯᠤᠨ᠎ᠠ᠃ ᠭᠡᠪᠡᠴᠦ ᠨᠤᠳᠤᠭ᠎ᠤᠨ ᠬᠦᠮᠦᠰ ᠵᠠᠬ᠎ᠠ ᠲᠡᠯᠭᠡᠬᠦᠷᠴᠢᠯᠡᠵᠦ ᠴᠢᠳᠠᠬᠤ ᠦᠭᠡᠢ᠂ ᠮᠢᠬ᠎ᠠ᠂ ᠰᠦ ᠵᠡᠷᠭᠡ ᠠᠳᠠᠯᠢ ᠪᠤᠰᠤ ᠪᠦᠳᠦᠭᠡᠭᠳᠡᠬᠦᠨ ᠵᠢᠡᠷ ᠵᠢᠡᠨ  ᠬᠠᠷᠢᠯᠴᠠᠨ ᠰᠤᠯᠢᠯᠴᠠᠭ᠎ᠠ ᠬᠢᠳᠡᠭ ᠲᠡᠳᠦᠢ ᠯᠡ ᠪᠠᠢᠯ᠎ᠠ᠃ 2023 ᠤᠨ ᠳ᠋ᠤ ᠤᠶᠤᠳᠠᠨ ᠭᠠᠴᠠᠠᠭᠠᠨ ᠲᠠᠷᠤᠭ᠎ᠠ ᠪᠤᠯᠤᠭᠰᠠᠨ ᠲᠡᠷᠡ ᠪᠡᠷ ᠡᠨᠡᠬᠦ ᠤᠯᠠᠨ ᠵᠢᠯ᠎ᠤᠨ ᠪᠤᠭᠤᠮᠢ ᠵᠢ ᠰᠢᠢᠳᠪᠦᠷᠢᠯᠡᠵᠦ᠂ ᠬᠢᠯᠢ ᠵᠢᠨ ᠮᠠᠯᠴᠢᠳ᠎ᠤᠨ ᠤᠷᠤᠯᠭ᠎ᠠ ᠵᠢ ᠨᠡᠮᠡᠭᠳᠡᠬᠦᠯᠬᠦ ᠵᠢᠨ ᠲᠦᠯᠦᠭᠡ᠂ ᠤᠢᠷ᠎ᠠ ᠬᠠᠪᠢ ᠵᠢᠨ ᠬᠢᠯᠢ ᠵᠢᠨ ᠭᠠᠴᠠᠭ᠎ᠠ ᠲᠠᠢ ᠬᠠᠮᠳᠤᠷᠠᠨ ᠭᠤᠪᠢ ᠨᠤᠳᠤᠭ᠎ᠤᠨ ᠤᠨᠴᠠ ᠭᠠᠷᠤᠯᠳᠠ ᠵᠢ ᠵᠠᠬ᠎ᠠ ᠲᠡᠯᠭᠡᠬᠦᠷᠴᠢᠯᠡᠬᠦᠯᠬᠦ ᠵᠠᠭᠪᠤᠷ᠎ᠢ ᠬᠠᠢᠨ ᠰᠦᠪᠡᠭᠴᠢᠯᠡᠵᠡᠢ᠃  ᠡᠢᠨᠬᠦ᠂ 2024 ᠣᠨ᠎ᠳᠤ᠂ ᠪᠠᠶᠠᠨᠬᠦᠷᠢᠶ᠎ᠡ ᠭᠠᠴᠠᠭ᠎ᠠ᠂ ᠪᠠᠶᠠᠨᠮᠠᠨᠳᠤᠬᠤ ᠭᠠᠴᠠᠭ᠎ᠠ᠂ ᠪᠠᠶᠠᠨᠴᠠᠭᠠᠨ ᠭᠠᠴᠠᠭ᠎ᠠ  ᠭᠤᠷᠪᠠᠨ ᠬᠢᠯᠢ ᠵᠢᠨ ᠭᠠᠴᠠᠭ᠎ᠠ᠎ᠵᠢᠨ ᠡᠬᠢ ᠪᠠᠶᠠᠯᠢᠬ᠎ᠢ ᠨᠡᠢᠳᠭᠡᠨ《ᠺᠤᠮᠫᠠᠨᠢ + ᠬᠤᠷᠰᠢᠶ᠎ᠠ + ᠰᠠᠭᠤᠷᠢᠨ + ᠮᠠᠯᠴᠢᠨ ᠠᠢᠯ》 ᠠᠵᠤ ᠦᠢᠯᠡᠰᠵᠢᠭᠰᠡᠨ ᠡᠵᠡᠩᠨᠡᠯᠲᠡ ᠵᠢᠨ ᠬᠡᠯᠪᠡᠷᠢ ᠵᠢ ᠡᠬᠦᠳᠴᠦ᠂  ᠦᠪᠦᠷ ᠮᠤᠩᠭᠤᠯ᠎ᠤᠨ ᠪᠠᠶᠠᠨ ᠬᠢᠯᠢ ᠬᠦᠳᠡᠭᠡ ᠠᠵᠤ ᠠᠬᠤᠢ ᠵᠢᠨ ᠬᠢᠵᠠᠭᠠᠷᠲᠤ ᠺᠣᠮᠫᠠᠨᠢ ᠵᠢ ᠪᠠᠢᠭᠤᠯᠪᠠ᠃ 2025 ᠣᠨ᠎ᠳᠤ ᠺᠤᠮᠫᠠᠨᠢ ᠵᠢᠨ ᠠᠩᠬᠠᠨ᠎ᠤ ᠪᠦᠲᠦᠭᠡᠭᠳᠡᠭᠦᠨ《ᠬᠢᠯᠢ ᠬᠢᠵᠠᠭᠠᠷ᠎ᠤᠨ ᠤᠯᠠᠭᠠᠨ ᠲᠡᠮᠡᠭᠡᠨ᠎ᠦ ᠢᠩᠭᠡᠨ ᠰᠦ》ᠶ᠋ᠢ ᠵᠢᠩᠬᠢᠨᠢ᠎ᠪᠡᠷ ᠰᠤᠳᠤᠯᠤᠨ ᠨᠡᠭᠡᠭᠡᠵᠦ᠂ ᠤᠳᠤ ᠭᠠᠷᠠᠭ ᠲᠸ᠋ 10000 ᠯᠤᠩᠬᠤ ᠢᠩᠭᠡᠨ ᠰᠦ ᠦᠢᠯᠡᠳᠪᠦᠷᠢᠯᠡᠵᠦ᠂ ᠭᠤᠪᠢ ᠨᠤᠲᠤᠬ᠎ᠤᠨ ᠬᠤᠪᠤᠷ ᠡᠷᠳᠡᠨᠢ ᠵᠢ ᠪᠦᠬᠦ ᠤᠯᠤᠰ ᠲᠸ᠋ ᠪᠤᠷᠤᠯᠠᠭᠤᠯᠵᠦ᠂ ᠤᠷᠠᠳ᠎ᠤᠨ ᠬᠤᠢᠲᠤ ᠬᠤᠰᠢᠭᠤᠨ᠎ᠤ ᠬᠠᠮᠤᠬ ᠠᠩᠬᠠᠨ᠎ᠤ ᠭᠠᠴᠠᠭ᠎ᠠ ᠪᠡᠷ ᠲᠦᠪ ᠪᠤᠯᠭᠠᠬᠰᠠᠨ ᠪᠦᠲᠦᠭᠡᠭᠳᠡᠭᠦᠨ᠎ᠢ ᠵᠠᠬ᠎ᠠ ᠲᠠᠯᠭᠡᠭᠦᠷᠴᠢᠯᠡᠪᠡ᠃

《ᠤᠯᠠᠭᠠᠨ ᠲᠡᠮᠡᠭᠡᠨ ᠎ᠦ ᠤᠯᠠᠭ᠎ᠠ ᠥᠷᠲᠡᠭᠡ》ᠠᠷᠠᠳ᠎ᠲᠤ ᠳᠥᠭᠥᠮ ᠦᠵᠡᠭᠦᠯᠬᠦ᠌  ᠲᠣᠬᠢᠷᠠᠭᠤᠯᠤᠨ ᠬᠦᠷᠭᠡᠬᠦ᠌ ᠲᠤᠰᠭᠠᠶ ᠱᠤᠭᠤᠮ᠎ᠢ  ᠪᠠᠢᠭᠤᠯᠵᠤ᠂ ᠮᠠᠯ᠎ᠤᠨ ᠠᠱᠢᠭ ᠱᠢᠮ᠎ᠡ᠎ᠶ᠋ᠢ  ᠭᠠᠳᠠᠬᠰᠢ ᠭᠠᠷᠭᠠᠬᠤ ᠪᠠ ᠬᠡᠷᠡᠭ᠌ᠯᠡᠭᠡᠨ᠎ᠦ ᠵᠦᠢᠯ᠎ᠢ ᠮᠠᠯᠴᠢᠳ ᠲᠸ᠋ ᠬᠦᠷᠭᠡᠬᠦ ᠬᠣᠣᠰ  ᠪᠠᠢᠷᠢᠱᠢᠯ᠎ᠢ ᠪᠣᠶ ᠪᠤᠯᠭᠠᠨ᠎ᠠ; ᠵᠢᠭᠤᠯᠴᠢᠯᠠᠯ᠎ᠤᠨ ᠲᠤᠰᠭᠠᠶ ᠱᠤᠭᠤᠮ ᠪᠠᠢᠭᠤᠯᠤᠨ ᠨᠤᠲᠤᠭ᠎ᠤᠨ᠎ᠢᠶᠠᠨ ᠭᠠᠢᠬᠠᠮᠱᠢᠭ᠍ᠲᠤ ᠦᠵᠡᠮᠵᠢ᠂ ᠴᠣᠯ ᠪᠠᠢᠭᠠᠯᠢᠯᠢᠭ ᠪᠣᠬᠢᠷᠲᠤᠯ ᠥᠬᠡᠶ ᠢᠳᠡᠭᠡᠨ᠎ᠢ ᠤᠬᠠᠭᠤᠯᠤᠨ ᠪᠤᠷᠤᠯᠠᠭᠤᠯᠤᠨ᠎ᠠ; ᠺᠣᠮᠫᠠᠨᠢ᠎ᠪᠠᠷ ᠲᠠᠪᠴᠠᠩ ᠪᠣᠯᠭᠠᠨ ᠲᠤᠬᠠᠶ᠎ᠶ᠋ᠢᠨ ᠭᠠᠵᠠᠷ᠎ᠤᠨ ᠶᠡᠬᠡ ᠲᠡᠭᠡᠳᠦ ᠰᠤᠷᠭᠠᠭᠤᠯᠢ ᠲᠡᠭᠦᠰᠦᠭ᠌ᠰᠡᠳ ᠲᠸ᠋ ᠠᠵᠢᠯ ᠤᠯᠭᠤᠵᠤ᠂ ᠨᠤᠲᠤᠭ᠎ᠲᠠᠭᠠᠨ ᠪᠤᠴᠠᠵᠤ ᠦᠶ᠋ᠯᠡᠰ ᠪᠤᠰᠬᠠᠬᠤ ᠵᠢ ᠲᠠᠢᠴᠢᠯᠠᠨ᠎ᠠ᠃  ᠵᠠᠯᠠᠭᠤ ᠨᠠᠰᠤ ᠬᠢᠵᠠᠭᠠᠯᠠᠰᠢ ᠦᠭᠡᠢ ᠬᠦᠰᠡᠯ ᠡᠷᠡᠮᠡᠯᠵᠡᠯ᠎ᠢ ᠬᠦᠪᠦᠷᠡᠭᠦᠯᠵᠦ᠂ ᠵᠠᠯᠠᠭᠤᠴᠤᠳ ᠰᠠᠢᠨ ᠰᠠᠢᠬᠠᠨ ᠢᠷᠡᠭᠡᠳᠦᠢ ᠵᠢ ᠴᠤᠬᠴᠠᠯᠠᠨ᠎ᠠ᠃ ᠤᠷᠳᠤ ᠡᠨᠡᠬᠦ ᠰᠠᠢᠬᠠᠨ ᠬᠦᠰᠡᠯ ᠳ᠋ᠡᠭᠡᠨ ᠬᠦᠳᠦᠯᠦᠭᠳᠡᠨ᠂  ᠪᠠᠢᠭᠠᠯᠢᠯᠢᠬ ᠢᠳᠡᠭᠡᠨ ᠤᠮᠳᠠᠭᠠᠨ᠂ ᠮᠠᠯ᠎ᠤᠨ ᠠᠰᠢᠬ ᠰᠢᠮ᠎ᠡ ᠵᠢᠨ ᠪᠦᠲᠦᠭᠡᠭᠳᠡᠭᠦᠨ᠎ᠵᠢᠡᠨ ᠲᠡᠯᠭᠡᠨ ᠪᠤᠷᠤᠯᠠᠭᠤᠯᠬᠤ ᠵᠢᠨ ᠬᠠᠮᠲᠤ᠂ ᠡᠳᠡᠭᠡᠷ ᠪᠦᠲᠦᠭᠡᠭᠳᠡᠭᠦᠨ᠎ᠤ ᠢᠷᠡᠯᠲᠡ᠂ ᠡᠬᠢ ᠰᠤᠷᠪᠤᠯᠵᠢ ᠵᠢ ᠵᠢᠭᠤᠴᠢᠯᠠᠬᠰᠠᠳ ᠲᠸ᠋ ᠤᠢᠯᠠᠭᠠᠭᠤᠯᠬᠤ ᠵᠢᠨ ᠲᠦᠯᠦᠭᠡ᠂ ᠬᠤᠪᠢ ᠪᠡᠷ ᠵᠢᠡᠨ 39 ᠲᠦᠮᠡᠨ ᠲᠦᠭᠦᠷᠢᠭ ᠵᠠᠷᠤᠴᠠᠭᠤᠯᠵᠤ᠂ ᠡᠷᠳᠡᠨ ᠡᠳᠦᠭᠡ ᠵᠢᠨ ᠮᠠᠯᠵᠢᠬᠤ ᠤᠷᠤᠨ᠂ ᠮᠠᠯᠴᠢᠳ᠎ᠤᠨ ᠠᠮᠢᠳᠤᠷᠠᠯ᠎ᠢ ᠲᠤᠰᠬᠠᠬᠰᠠᠨ ᠭᠡᠷᠡᠯ ᠵᠢᠷᠤᠬ᠎ᠤᠨ ᠦᠵᠡᠭᠦᠯᠭᠡ ᠵᠢᠨ ᠬᠠᠨ᠎ᠠ ᠭᠠᠷᠭᠠᠵᠦ᠂ ᠮᠠᠯᠵᠢᠬᠤ ᠰᠤᠶᠤᠯ ᠵᠢᠡᠨ ᠤᠯᠠᠮᠵᠢᠯᠠᠵᠤ ᠪᠤᠢ᠃ 《ᠰᠢᠨ᠎ᠡ ᠴᠠᠭ ᠦᠶ᠎ᠡ ᠪᠤᠯ ᠡᠷᠡᠮᠡᠭᠡᠢᠯᠡᠨ ᠲᠡᠮᠡᠴᠡᠭᠰᠡᠳ᠎ᠤᠨ ᠬᠢ ᠶᠤᠮ》᠃ ᠬᠡᠳᠦᠨ ᠵᠢᠯ᠎ᠦᠨ ᠴᠦᠬᠦᠷᠡᠰᠢ ᠦᠭᠡᠢ ᠴᠢᠷᠮᠠᠢᠯᠭ᠎ᠠ ᠪᠡᠷ ᠲᠡᠮᠵᠢᠨ  ᠤᠷᠠᠳ ᠨᠤᠲᠤᠬ᠎ᠤᠨ ᠬᠢᠯᠢ ᠬᠢᠵᠠᠭᠠᠷ᠎ᠤᠨ ᠮᠠᠯᠵᠢᠬᠤ ᠣᠷᠣᠨ᠎ᠳᠤ ᠣᠳᠣᠬᠢᠴᠢᠯᠠᠭ᠍ᠰᠠᠨ ᠠᠵᠤ ᠦᠢᠯᠡᠰ᠎ᠦᠨ ᠵᠢᠭᠦᠷ ᠤᠷᠭᠤᠭᠤᠯᠤᠯ᠎ᠠ᠃ ᠤᠳᠤ ᠲᠡᠭᠦᠨ᠎ᠤ ᠺᠤᠮᠫᠠᠨᠢ ᠨᠢ ᠰᠢᠭᠤᠳ ᠨᠡᠪᠲᠡᠷᠡᠭᠦᠯᠭᠡ᠎ᠶ᠋ᠢᠨ ᠲᠠᠰᠤᠭ᠂ ᠦᠢᠯᠡᠳᠬᠦᠨ᠎ᠦ ᠬᠥᠮᠥᠷᠭᠡ᠂ ᠡᠵᠡᠩᠨᠡᠨ ᠪᠣᠷᠣᠯᠠᠭᠤᠯᠬᠤ ᠲᠠᠰᠤᠭ᠂ ᠪᠣᠯᠪᠠᠰᠤᠷᠠᠭᠤᠯᠬᠤ ᠲᠠᠰᠤᠭ᠂ ᠬᠦᠢᠲᠡᠨ᠎ᠢᠶᠡᠷ ᠬᠠᠳᠠᠭᠠᠯᠠᠬᠤ ᠲᠠᠰᠤᠭ ᠵᠡᠷᠭᠡ ᠵᠢ ᠢᠵᠢ ᠪᠦᠷᠢᠳᠦᠭᠦᠯᠵᠦ᠂ 5 ᠬᠠᠮ ᠲᠡᠯᠭᠡᠭᠦᠷ ᠲᠠᠢ᠂ ᠵᠢᠯ᠎ᠤᠨ ᠤᠷᠤᠯᠭ᠎ᠠ ᠨᠢ 100 ᠵᠠᠭᠤᠨ ᠲᠦᠮᠡᠨ ᠲᠦᠭᠦᠷᠢᠭ ᠲᠸ᠋ ᠬᠦᠷᠴᠤ ᠪᠤᠢ᠃

《ᠤᠤᠯ ᠨᠢ ᠪᠢᠳᠡ ᠭᠠᠴᠠᠭᠠᠨ᠎ᠤ ᠬᠤᠷᠰᠢᠶ᠎ᠠ ᠪᠠᠨ ᠶᠠᠭᠠᠬᠢᠵᠤ ᠬᠢᠬᠦ ᠪᠡᠨ ᠮᠡᠳᠡᠬᠦ ᠦᠭᠡᠢ᠂ ᠢᠩᠭᠡᠨ ᠰᠦ ᠪᠡᠨ ᠭᠠᠳᠠᠬᠰᠢ ᠪᠤᠷᠤᠯᠠᠭᠤᠯᠵᠤ ᠲᠡᠢᠯᠬᠦ ᠦᠭᠡᠢ ᠪᠠᠢᠵᠠᠢ᠃ ᠤᠷᠲᠤ ᠤᠶᠤᠳᠠᠨ ᠭᠠᠴᠠᠭᠠᠨ ᠲᠠᠷᠤᠭ᠎ᠠ ᠪᠡᠷ ᠢᠷᠡᠭᠰᠡᠨ᠎ᠤ ᠲᠠᠷᠠᠭ᠎ᠠ ᠬᠤᠷᠰᠢᠶ᠎ᠠ ᠵᠢ ᠨᠡᠢᠯᠡᠭᠦᠯᠦᠭᠡᠳ ᠺᠤᠮᠫᠠᠨᠢ ᠪᠤᠯᠭᠠᠵᠤ᠂ ᠢᠩᠭᠡᠨ ᠰᠦ ᠪᠠᠨ ᠵᠠᠬ᠎ᠠ ᠲᠡᠯᠭᠡᠭᠦᠷᠴᠢᠯᠡᠪᠡ᠃ ᠭᠠᠴᠠᠭᠠᠨ ᠳ᠋ᠦ ᠡᠢᠮᠦ ᠨᠢᠭᠡᠨ ᠲᠠᠭᠠᠭᠤᠯᠤᠬᠴᠢ ᠲᠠᠢ  ᠪᠤᠯᠤᠭᠰᠠᠨ ᠳ᠋ᠠᠭᠠᠨ ᠪᠢᠳᠠ ᠢᠷᠡᠭᠡᠳᠦᠢ ᠳ᠋ᠦ ᠨᠡᠩ ᠢᠳᠡᠭᠡᠯ ᠲᠠᠢ ᠪᠠᠢᠨ᠎ᠠ》 ᠬᠡᠵᠦ ᠪᠠᠶᠠᠨᠬᠦ᠋ᠷᠢᠶ᠎ᠡ ᠭᠠᠴᠠᠭᠠᠨ᠎ᠤ ᠮᠠᠯᠴᠢᠨ ᠢᠪᠡᠭᠡᠯᠲᠤ ᠶᠠᠷᠢᠵᠤ ᠪᠠᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号