ᠠᠷᠠᠳ ᠲᠦᠮᠡᠨ ᠤ᠋ 《ᠰᠡᠳᠬᠢᠯ ᠤ᠋ᠨ ᠬᠦᠮᠥᠨ》 — ᠴᠦᠨ ᠬᠤᠸᠠ
2025-05-26 16:46:11
ᠵᠣᠬᠢᠶᠠᠭ᠍ᠴᠢ᠄
​ ᠤᠷᠠᠨᠳᠤᠳᠢ ᠱᠤᠸᠠᠩ ᠴᠢᠥᠸᠠᠨ
ᠣᠩᠱᠢᠭ᠍ᠰᠠᠨ ᠣᠳᠠᠭ᠎ᠠ᠄
★★★☆☆

ᠲᠦᠷᠥᠬᠥᠭᠡᠨ ᠪᠢᠳᠡ ᠬᠢᠨᠭᠭᠠᠨ ᠠᠢᠮᠠᠭ ᠤ᠋ᠨ ᠬᠤᠷᠴᠢᠨ ᠪᠠᠷᠠᠭᠤᠨ ᠭᠠᠷᠥᠨ ᠡᠮᠥᠨᠡᠳᠥ ᠬᠤᠰᠢᠭᠤᠨ ᠤ᠋ ᠠᠷᠠᠳ ᠤ᠋ᠨ ᠪᠠᠢᠴᠠᠭᠠᠬᠤ ᠬᠤᠷᠢᠶᠠᠨ ᠤ᠋ ᠨᠠᠮ ᠤ᠋ᠨ ᠤᠳᠤᠷᠢᠳᠬᠤ ᠳᠤᠭᠤᠢᠯᠠᠩ ᠤ᠋ᠨ ᠬᠡᠰᠢᠬᠥᠨ᠂ ᠭᠤᠷᠪᠠᠳᠤᠭᠠᠷ ᠪᠠᠢᠴᠠᠭᠠᠬᠤ ᠭᠠᠵᠠᠷ ᠤ᠋ᠨ ᠡᠷᠬᠢᠯᠡᠭᠴᠢ ᠴᠦᠨ ᠬᠤᠸᠠ ᠨᠦᠬᠥᠷ ᠪᠦᠬᠥ ᠤᠯᠤᠰ ᠤ᠋ᠨ ᠳᠡᠷᠢᠬᠥᠨ ᠤ᠋ ᠠᠵᠢᠯᠳᠠᠨ ᠵᠢᠡᠷ ᠬᠦᠬᠢᠬᠥᠯᠥᠭᠳᠡᠭᠰᠡᠨ ᠬᠠᠯᠠᠭᠤᠨ ᠴᠢᠮᠡᠭᠡ ᠪᠠᠷ᠂ ᠳᠡᠬᠥᠨ ᠢ᠋ ᠰᠤᠷᠪᠤᠯᠵᠢᠯᠠᠬᠤ ᠪᠠᠷ ᠬᠦᠷᠬᠦ ᠳ᠋ᠤ᠂ ᠲᠡᠷᠡ ᠶᠠᠭ ᠰᠠᠶᠢᠬᠠᠨ ᠶᠠᠭᠠᠷᠠᠯᠳᠠᠢ ᠠᠵᠢᠯᠯᠠᠵᠤ ᠪᠠᠢᠯ᠎ᠠ᠃

 195cc6ed7deed57f68ffdd9eea493ea.jpg


ᠠᠵᠢᠯ ᠤ᠋ᠨ ᠪᠠᠢᠷᠢᠨ᠎ᠳᠠᠭᠠᠨ 27 ᠵᠢᠯ ᠭᠠᠪᠰᠢᠭᠠᠢᠯᠠᠭᠰᠠᠨ ᠲᠡᠷᠡ ᠪᠡᠷ ᠡᠬᠥᠷᠭᠡ ᠬᠠᠷᠢᠭᠤᠴᠠᠯᠭ᠎ᠠ ᠪᠠᠨ ᠰᠠᠢᠳᠥᠷ ᠬᠥᠢᠴᠡᠳᠭᠡᠵᠤ᠂ ᠠᠷᠠᠳ ᠤᠯᠠᠨ ᠪᠠ ᠪᠠᠢᠴᠠᠭᠠᠬᠤ ᠠᠵᠢᠯ ᠳ᠋ᠤ ᠬᠠᠢᠷ᠎ᠠ ᠰᠡᠳᠬᠢᠯ ᠪᠠᠨ ᠦᠨᠳᠥᠰᠥᠨ ᠱᠠᠳᠥᠨ ᠤ᠋ ᠪᠠᠢᠴᠠᠭᠠᠬᠤ ᠠᠵᠢᠯ ᠳ᠋ᠤ ᠠᠭᠤᠰᠬᠠᠨ᠂ ᠤᠯᠠᠨ ᠲᠦᠮᠡᠨ ᠳ᠋ᠤ ᠬᠠᠤᠯᠢ ᠴᠠᠭᠠᠵᠠ ᠵᠢᠨ ᠮᠡᠳᠡᠯᠭᠡ ᠵᠢ ᠤᠬᠠᠭᠤᠯᠥᠨ᠂ ᠤᠯᠠᠨ ᠲᠦᠮᠡᠨ ᠤ᠋ ᠵᠠᠬᠢᠳᠠᠯ ᠰᠤᠷᠪᠤᠯᠵᠢᠯᠠᠭ᠎ᠠ ᠵᠢᠨ ᠠᠰᠠᠭᠤᠳᠠᠯ ᠢ᠋ ᠰᠢᠢᠳᠪᠤᠷᠢᠯᠡᠨ ᠦᠭᠴᠦ᠂ ᠠᠷᠠᠳ ᠲᠦᠮᠡᠨ ᠤ᠋ 《ᠰᠡᠳᠬᠢᠯ ᠤ᠋ᠨ ᠬᠦᠮᠥᠨ》 ᠪᠤᠯᠵᠠᠢ᠃


2045c9f39b21e5e101c29781cd42ecc.jpg

 

ᠤᠯᠠᠨ ᠵᠢᠯ ᠤ᠋ᠨ ᠲᠤᠷᠰᠢ᠂ ᠴᠦᠨ ᠬᠤᠸᠠ 30 ᠭᠠᠷᠤᠢ ᠵᠥᠢᠯ ᠤ᠋ᠨ ᠠᠵᠢᠯ ᠤ᠋ᠨ ᠠᠷᠭ᠎ᠠ ᠵᠢ ᠡᠬᠥᠳᠴᠤ᠂ 《ᠠᠷᠠᠳ ᠤᠯᠠᠨ᠎ᠢᠶᠠᠨ ᠳᠤᠳᠤᠨᠤᠰᠤᠭ ᠵᠢᠡᠷ ᠬᠦᠯᠢᠶᠡᠨ ᠠᠪᠴᠤ᠂ ᠡᠶᠡᠯᠰᠡᠭ ᠵᠢᠡᠷ ᠡᠷᠭᠡ ᠪᠠᠨ ᠬᠠᠮᠠᠭᠠᠯᠠᠬᠤ᠂ ᠬᠢᠨᠠᠮᠠᠭᠠᠢ ᠪᠠᠷ ᠬᠠᠤᠯᠢ ᠳᠠᠢᠯᠪᠤᠷᠢᠯᠠᠬᠤ᠂ ᠳᠠᠷᠤᠤ ᠬᠢᠴᠢᠶᠡᠨᠭᠬᠥᠢ ᠪᠠᠷ ᠬᠠᠤᠯᠢ ᠬᠡᠷᠡᠭᠵᠢᠬᠥᠯᠬᠥ》ᠵᠡᠷᠭᠡ ᠪᠠᠢᠴᠠᠭᠠᠬᠤ ᠠᠵᠢᠯ ᠤ᠋ᠨ ᠥᠢᠯᠡᠴᠢᠯᠡᠭᠡᠨ ᠤ᠋ ᠤᠢᠯᠠᠭᠠᠭᠳᠠᠬᠤᠨ ᠢ᠋ ᠬᠡᠷᠡᠭᠵᠢᠬᠥᠯᠵᠤ᠂ ᠵᠠᠬᠢᠳᠠᠯ ᠰᠤᠷᠪᠤᠯᠵᠢᠯᠠᠭ᠎ᠠ ᠵᠢᠨ ᠠᠵᠢᠯ ᠢ᠋ ᠰᠠᠢᠳᠥᠷ ᠬᠥᠢᠴᠡᠳᠭᠡᠵᠤ᠂ ᠬᠡᠷᠡᠭ ᠰᠢᠢᠳᠪᠤᠷᠢᠯᠡᠵᠦ ᠦᠭᠬᠦ ᠨᠤᠷᠮ᠎ᠡ᠎ᠶᠢ 100% ᠳ᠋ᠤ ᠬᠦᠷᠭᠡᠭᠰᠡᠨ ᠪᠠᠢᠨ᠎ᠠ᠃


228046e3ee893df6af48906ef01030f.jpg


ᠦᠨᠳᠥᠰᠥᠨ ᠱᠠᠳᠥᠨ ᠤ᠋ ᠤᠯᠠᠨ ᠲᠦᠮᠡᠨ ᠳ᠋ᠤ ᠨᠡᠩ ᠰᠢᠯᠢᠳᠡᠭ ᠬᠠᠤᠯᠢ ᠴᠠᠭᠠᠵᠠ ᠵᠢᠨ ᠥᠢᠯᠡᠴᠢᠯᠡᠭᠡ ᠬᠠᠨᠭᠭᠠᠬᠤ ᠵᠢᠨ ᠲᠦᠯᠥᠭᠡ᠂ ᠴᠦᠨ ᠬᠤᠸᠠ 2016 ᠤᠨ ᠳ᠋ᠤ 《ᠬᠢᠨᠭᠭᠠᠨ ᠤ᠋ ᠬᠠᠪᠤᠷ ᠪᠠᠢᠴᠠᠭᠠᠬᠤ ᠠᠵᠢᠯᠯᠠᠬᠤ ᠦᠷᠳᠡᠭᠡ》ᠵᠢ ᠪᠠᠢᠭᠤᠯᠥᠨ᠂ ᠮᠠᠯᠴᠢᠨ ᠳᠠᠷᠢᠶᠠᠴᠢᠳ ᠤ᠋ᠨ ᠵᠠᠬᠢᠳᠠᠯ ᠰᠤᠷᠪᠤᠯᠵᠢᠯᠠᠭ᠎ᠠ ᠵᠢ ᠴᠠᠭ ᠲᠤᠬᠠᠢ ᠳ᠋ᠤ ᠨᠢ ᠬᠦᠯᠢᠶᠡᠨ ᠠᠪᠴᠤ ᠰᠢᠢᠳᠪᠤᠷᠢᠯᠡᠵᠦ᠂ ᠡᠮᠡᠭᠳᠡᠢᠴᠤᠳ ᠬᠡᠥᠭᠡᠳ ᠤ᠋ᠨ ᠬᠠᠤᠯᠢ ᠶᠤᠰᠥᠨ ᠤ᠋ ᠡᠷᠭᠡ ᠠᠰᠢᠭ ᠢ᠋ ᠬᠠᠮᠠᠭᠠᠯᠠᠬᠤ᠂ ᠨᠠᠰᠥᠨ ᠳ᠋ᠤ ᠦᠯᠥ ᠬᠦᠷᠥᠭᠰᠡᠳ ᠤ᠋ᠨ ᠬᠠᠤᠯᠢ ᠡᠴᠡ ᠵᠦᠷᠢᠴᠡᠭᠰᠡᠨ ᠶᠠᠯᠠᠳᠥ ᠠᠵᠢᠯᠯᠠᠭ᠎ᠠ ᠳ᠋ᠤ ᠴᠤᠬᠢᠯᠳᠠ ᠦᠭᠬᠥ᠂ ᠦᠨᠡᠨᠴᠢ ᠪᠠᠷ ᠳᠤᠰᠢᠶᠠᠯ ᠬᠠᠷᠢᠭᠤᠴᠠᠯᠭ᠎ᠠ ᠪᠠᠨ ᠬᠥᠢᠴᠡᠳᠭᠡᠬᠥ ᠵᠢ ᠪᠠᠷᠢᠮᠳᠠᠯᠠᠵᠤ᠂ ᠲᠦᠪ ᠭᠤᠤᠯᠴᠢ ᠪᠡᠷ ᠮᠠᠯᠴᠢᠨ ᠳᠠᠷᠢᠶᠠᠴᠢᠳ ᠤ᠋ᠨ ᠬᠠᠤᠯᠢ ᠶᠤᠰᠥᠨ ᠤ᠋ ᠡᠷᠭᠡ ᠠᠰᠢᠭ ᠢ᠋ ᠨᠢ ᠬᠠᠮᠠᠭᠠᠯᠠᠭᠰᠠᠨ ᠪᠠᠢᠨ᠎ᠠ᠃


f5edfbcf07f3f5208968d175dc39f0a.jpg


ᠴᠦᠨ ᠬᠤᠸᠠ ᠵᠢᠨ ᠰᠦᠪᠡᠭᠴᠢᠯᠡᠨ ᠡᠬᠥᠳᠥᠭᠰᠡᠨ《ᠵᠢᠷᠭᠤᠭᠠᠨ ᠨᠢᠭᠡ》ᠵᠢᠨ ᠢᠨᠵᠸᠨ᠋ᠸᠷᠢᠩ ᠨᠢ ᠵᠠᠬᠢᠳᠠᠯ ᠰᠤᠷᠪᠤᠯᠵᠢᠯᠠᠭ᠎ᠠ ᠪᠡᠷ ᠬᠦᠷᠤᠯᠴᠡᠨ ᠢᠷᠡᠭᠰᠡᠨ ᠤᠯᠠᠨ ᠲᠦᠮᠡᠨ ᠳ᠋ᠤ ᠪᠠᠢᠴᠠᠭᠠᠬᠤ ᠪᠠᠢᠭᠤᠯᠭ᠎ᠠ ᠵᠢᠨ ᠬᠠᠢᠷ᠎ᠠ ᠬᠠᠯᠠᠮᠵᠢ ᠵᠢ ᠬᠦᠷᠳᠡᠭᠡᠪᠡ᠃ ᠳᠡᠷᠡ  ᠪᠡᠷ ᠬᠠᠤᠯᠢ ᠴᠠᠭᠠᠵᠠ ᠵᠢᠨ ᠳᠤᠰᠠᠯᠠᠮᠵᠢ ᠭᠤᠶᠤᠴᠢᠯᠠᠭᠴᠢᠰᠠᠳ᠎ᠲᠤ ᠬᠠᠤᠯᠢ ᠶᠤᠰᠥᠨ ᠤ᠋ ᠡᠷᠬᠡ ᠠᠰᠢᠭ ᠵᠢ ᠨᠢ ᠬᠠᠮᠠᠭᠠᠯᠠᠵᠤ᠂ ᠨᠦᠬᠥᠴᠡᠯ ᠳ᠋ᠤ ᠨᠡᠢᠴᠡᠬᠥ ᠤᠯᠠᠨ ᠲᠦᠮᠡᠨ ᠳ᠋ᠤ ᠤᠯᠤᠰ ᠤ᠋ᠨ ᠲᠦᠯᠥᠪᠤᠷᠢ ᠪᠠ ᠳᠤᠰᠠᠯᠠᠮᠵᠢ ᠬᠦᠷᠳᠡᠭᠡᠵᠤ᠂ ᠤᠷᠢᠳ ᠬᠤᠵᠢᠳ 100 ᠭᠠᠷᠤᠢ ᠲᠦᠮᠡᠨ ᠲᠦᠬᠥᠷᠢᠭ᠎ᠤᠨ ᠤᠯᠤᠰ ᠤ᠋ᠨ ᠬᠠᠤᠯᠢ ᠴᠠᠭᠠᠵᠠ ᠵᠢᠨ ᠳᠤᠰᠠᠯᠠᠮᠵᠢ ᠵᠢᠨ ᠮᠦᠨᠭᠬᠥ ᠬᠦᠷᠲᠡᠭᠡᠭᠰᠡᠨ  ᠪᠠᠢᠨ᠎ᠠ᠃


f16764fb06c71c865b0565af2fc185a.jpg


ᠴᠦᠨ ᠬᠤᠸᠠ ᠪᠤᠯ ᠠᠵᠢᠯ ᠳᠠᠭᠠᠨ ᠬᠠᠷᠢᠭᠤᠴᠠᠯᠭ᠎ᠠ ᠲᠠᠢ ᠰᠢᠯᠢᠳᠡᠭ ᠠᠵᠢᠯᠲᠠᠨ ᠪᠤᠯᠬᠤ ᠪᠠᠷ ᠪᠠᠷᠠᠬᠤ ᠦᠬᠡᠢ᠂ ᠨᠡᠨᠭ ᠴᠦ᠍ ᠡᠨᠡᠷᠢᠨᠭᠬᠥᠢ ᠰᠡᠳᠬᠢᠯ ᠲᠠᠢ ᠪᠦᠰᠡᠭᠦᠢ ᠬᠦᠮᠥᠨ ᠪᠠᠢᠯ᠎ᠠ᠃ ᠨᠠᠰᠥᠨ ᠳ᠋ᠤ ᠦᠯᠥ ᠬᠦᠷᠥᠭᠰᠡᠳ ᠢ᠋ ᠬᠠᠢᠷᠠᠯᠠᠵᠤ ᠬᠠᠯᠠᠮᠵᠢᠯᠠᠬᠤ ᠳᠠᠯ᠎ᠠ ᠪᠠᠷ ᠲᠡᠷᠡ ᠶᠡᠷᠥᠨᠢ ᠦᠪᠠᠷ ᠤ᠋ᠨ ᠪᠠᠢᠳᠠᠭ ᠴᠢᠳᠠᠯ ᠵᠢᠡᠨ ᠰᠢᠪᠬᠠᠵᠤ ᠴᠢᠷᠮᠠᠢᠳᠠᠭ᠃ ᠬᠡᠳᠥᠨ ᠵᠢᠯ ᠤ᠋ᠨ ᠡᠮᠥᠨ᠎ᠡ᠂ ᠳᠡᠷᠡ ᠬᠦᠳᠡᠭᠡ ᠲᠤᠰᠬᠤᠨ ᠵᠢᠡᠷ ᠬᠦᠨᠵᠡᠬᠡᠢᠷᠡᠬᠥ ᠳᠤᠮᠳᠠ ᠪᠠᠨ ᠬᠦᠳᠡᠭᠡ ᠵᠢᠨ ᠨᠢᠭᠡᠨ ᠦᠨᠥᠴᠢᠨ ᠬᠡᠥᠭᠡᠨ ᠵᠠᠷᠤᠳᠠᠯ ᠬᠦᠷᠥᠯᠴᠡᠬᠥ ᠦᠬᠡᠢ ᠡᠴᠡ ᠪᠤᠯᠵᠤ᠂ ᠰᠤᠷᠤᠯᠭ᠎ᠠ ᠪᠠᠨ ᠳᠤᠷᠭᠤᠨ ᠵᠤᠭᠰᠤᠬᠤ ᠬᠡᠮᠵᠢᠶᠡᠨ ᠳ᠋ᠤ ᠬᠦᠷᠥᠭᠰᠡᠨ ᠪᠠᠢᠳᠠᠯ ᠢ᠋ ᠤᠢᠯᠠᠭᠠᠭᠠᠳ᠂ ᠳᠠᠷᠤᠢᠬᠠᠨ ᠬᠤᠷᠴᠢᠨ ᠪᠠᠷᠠᠭᠤᠨ ᠭᠠᠷᠤᠨ ᠡᠮᠥᠨᠡᠳᠥ ᠬᠤᠰᠢᠭᠤᠨ ᠤ᠋ ᠠᠷᠠᠳ ᠤ᠋ᠨ ᠶᠠᠪᠤᠳᠠᠯ ᠤ᠋ᠨ ᠰᠠᠯᠠᠭ᠎ᠠ ᠮᠦᠴᠢᠷ ᠲᠤ᠌ ᠠᠪᠤᠷᠠᠨ ᠳᠤᠰᠠᠯᠠᠬᠤ ᠭᠤᠶᠤᠴᠢᠯᠠᠯ ᠳᠡᠪᠰᠢᠬᠥᠯᠥᠨ᠂ 5 ᠲᠦᠮᠡᠨ ᠲᠦᠬᠥᠷᠢᠭ ᠤ᠋ᠨ ᠬᠠᠤᠯᠢ ᠴᠠᠭᠠᠵᠠ ᠵᠢᠨ ᠠᠪᠤᠷᠠᠨ ᠳᠤᠰᠠᠯᠠᠬᠤ ᠮᠦᠨᠭᠬᠥ ᠭᠤᠶᠤᠴᠢᠯᠠᠨ ᠦᠭᠴᠤ᠂ ᠦᠪᠠᠷ ᠤ᠋ᠨ ᠬᠡᠥᠭᠡᠳ ᠵᠢᠡᠨ ᠰᠢᠭ ᠬᠠᠢᠷᠠᠯᠠᠨ ᠬᠠᠷᠠᠭᠠᠯᠵᠠᠭᠰᠠᠨ ᠪᠠᠢᠨ᠎ᠠ᠃ 

ᠤᠯᠠᠨ ᠵᠢᠯ ᠤ᠋ᠨ ᠰᠢᠷᠭᠠᠭᠤ ᠴᠢᠷᠮᠠᠢᠯᠭ᠎ᠠ ᠪᠠᠷ ᠳᠠᠮᠵᠢᠨ᠂ ᠳᠡᠷᠡ ᠤᠷᠢᠳ ᠬᠤᠵᠢᠳ《ᠪᠦᠬᠥ ᠤᠷᠤᠨ ᠤ᠋ ᠠᠷᠪᠠᠨ ᠰᠢᠯᠢᠳᠡᠭ ᠬᠠᠤᠯᠢᠵᠢᠯ ᠤ᠋ᠨ ᠬᠦᠮᠥᠨ》 《ᠪᠦᠬᠥ ᠤᠷᠤᠨ ᠤ᠋ ᠡᠬᠥᠷᠭᠡ ᠬᠠᠷᠢᠭᠤᠴᠠᠯᠭ᠎ᠠ ᠪᠠᠨ ᠬᠥᠢᠴᠡᠳᠭᠡᠨ ᠬᠦᠰᠡᠯ ᠵᠡᠬᠥᠳᠥ ᠪᠠᠨ ᠳᠡᠷᠭᠡᠯᠰᠢᠬᠥᠯᠥᠭᠰᠡᠨ ᠤᠮᠠᠷᠠᠳᠥ ᠬᠢᠯᠢ ᠵᠢᠨ ᠬᠠᠮᠤᠭ ᠤ᠋ᠨ ᠭᠤᠶᠤ ᠡᠮᠡᠭᠳᠡᠢ》 《ᠦᠪᠠᠷᠳᠡᠭᠡᠨ ᠵᠠᠰᠠᠬᠤ ᠤᠷᠤᠨ ᠤ᠋ ᠶᠤᠰᠥ ᠰᠤᠷᠳᠠᠬᠤᠨ ᠤ᠋ ᠵᠢᠱ᠌ᠢᠶᠡᠴᠢ》 《ᠪᠦᠬᠥ ᠤᠯᠤᠰ ᠤ᠋ᠨ 〈3·8〉 ᠤ᠋ ᠤᠯᠠᠭᠠᠨ ᠳᠤᠭᠴᠢ》 《ᠪᠦᠬᠥ ᠤᠯᠤᠰ ᠤ᠋ᠨ ᠡᠮᠡᠭᠳᠡᠢᠴᠤᠳ ᠬᠡᠥᠭᠡᠳ ᠤ᠋ᠨ ᠡᠷᠭᠡ ᠠᠰᠢᠭ ᠢ᠋ ᠬᠠᠮᠠᠭᠠᠯᠠᠭᠰᠠᠨ ᠳᠡᠷᠢᠬᠥᠨ ᠤ᠋ ᠬᠤᠪᠢ ᠬᠦᠮᠥᠨ》《ᠪᠦᠬᠥ ᠤᠯᠤᠰ ᠤ᠋ᠨ ᠵᠢᠱ᠌ᠢᠶᠡᠴᠢ ᠪᠠᠢᠴᠠᠭᠠᠭᠴᠢ》 《ᠪᠦᠬᠥ ᠤᠯᠤᠰ ᠤ᠋ᠨ ᠳᠡᠷᠢᠬᠥᠨ ᠤ᠋ ᠠᠵᠢᠯᠳᠠᠨ》 ᠵᠡᠷᠭᠡ ᠢᠷᠠᠭᠤ ᠠᠯᠳᠠᠷ ᠵᠢᠡᠷ ᠡᠨᠭᠭᠡᠷ ᠵᠢᠡᠨ ᠮᠢᠯᠢᠶᠠᠯᠭᠠᠵᠤ ᠶᠠᠪᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号