ᠲᠦᠷᠥᠬᠥᠭᠡᠨ᠂
ᠰᠤᠷᠪᠤᠯᠵᠢᠯᠠᠭᠴᠢ ᠬᠢᠨᠭᠭᠠᠨ ᠠᠢᠮᠠᠭ ᠤ᠋ᠨ ᠬᠤᠷᠴᠢᠨ ᠪᠠᠷᠠᠭᠤᠨ ᠭᠠᠷᠥᠨ ᠡᠮᠥᠨᠡᠳᠥ ᠬᠤᠰᠢᠭᠤᠨ ᠤ᠋ ᠴᠠᠩ ᠯᠦᠩ
ᠢᠤᠢ ᠵᠤ᠌ ᠡᠬᠥᠯᠳᠡᠷ ᠤ᠋ᠨ ᠮᠠᠯ ᠤ᠋ᠨ ᠲᠤᠰᠬᠠᠢ ᠬᠤᠷᠰᠢᠶᠠᠵᠢᠯ ᠤ᠋ᠨ ᠬᠠᠷᠢᠭᠤᠴᠠᠯᠭᠠᠳᠠᠨ ᠬᠦᠸᠸ ᠯᠢ ᠯᠢ ᠪᠦᠬᠥ ᠤᠯᠤᠰ ᠤ᠋ᠨ ᠬᠦᠳᠡᠯᠮᠥᠷᠢ ᠵᠢᠨ ᠵᠢᠱ᠌ᠢᠶᠡᠴᠢ ᠵᠢᠨ
ᠱᠠᠨᠭᠨᠠᠯ ᠬᠦᠷᠳᠡᠭᠰᠡᠨ ᠬᠠᠯᠠᠭᠤᠨ ᠴᠢᠮᠡᠭᠡ ᠪᠡᠷ ᠲᠤᠰᠬᠠᠢᠯᠠᠨ ᠳᠡᠬᠥᠨ ᠢ᠋ ᠰᠤᠷᠪᠤᠯᠵᠢᠯᠠᠬᠤ ᠪᠡᠷ ᠬᠦᠷᠦᠭᠰᠡᠨ
ᠶᠤᠮ᠃

ᠬᠦᠸᠸ ᠯᠢ ᠯᠢ ᠪᠤᠯ
ᠨᠢᠭᠡᠨ ᠨᠤᠳᠤᠭ ᠲᠠᠭᠠᠨ ᠪᠤᠴᠠᠵᠦ ᠥᠢᠯᠡᠰ ᠪᠤᠰᠬᠠᠭᠰᠠᠨ ᠬᠦᠮᠥᠨ᠂ ᠳᠡᠷᠡ 2012 ᠤᠨ ᠳ᠋ᠤ 《ᠬᠤᠷᠴᠢᠨ ᠪᠠᠷᠠᠭᠤᠨ
ᠭᠠᠷᠥᠨ ᠡᠮᠥᠨᠡᠳᠥ ᠬᠤᠰᠢᠭᠤᠨ ᠤ᠋ ᠴᠠᠩ ᠯᠦᠩ ᠢᠤᠢ ᠵᠤ᠌ ᠡᠬᠥᠯᠳᠡᠷ ᠤ᠋ᠨ ᠮᠠᠯ ᠤ᠋ᠨ ᠲᠤᠰᠬᠠᠢ ᠬᠤᠷᠰᠢᠶᠠᠵᠢᠯ》 ᠢ᠋ ᠰᠡᠳᠥᠨ ᠪᠠᠢᠭᠤᠯᠵᠠᠢ᠃ ᠤᠯᠠᠨ ᠵᠢᠯ ᠤ᠋ᠨ ᠳᠤᠷᠰᠢ᠂ ᠳᠡᠷᠡ ᠰᠦᠯᠵᠢᠶᠡᠨ ᠳᠡᠯᠭᠡᠬᠥᠷ
ᠨᠠᠭᠡᠭᠡᠵᠦ᠂ ᠰᠢᠭᠤᠳ ᠨᠡᠪᠳᠡᠷᠡᠬᠥᠯᠭᠡ ᠵᠡᠷᠭᠡ ᠬᠡᠯᠪᠡᠷᠢ ᠪᠠᠷ ᠦᠪᠡᠷᠤᠨ ᠲᠠᠷᠢᠭᠰᠠᠨ ᠨᠠᠩᠬᠢ ᠡᠷᠳᠡᠨᠢ
ᠰᠢᠰᠢ᠂ ᠪᠤᠷᠴᠠᠭᠳᠥ ᠪᠤᠤᠪᠤ ᠵᠡᠷᠭᠡ ᠨᠤᠳᠤᠭ ᠤ᠋ᠨ ᠭᠠᠷᠤᠯᠳᠠ ᠪᠠᠨ ᠪᠤᠷᠤᠯᠠᠭᠤᠯᠵᠤ᠂ ᠬᠤᠯᠠ ᠤᠢᠷᠠᠳᠠᠭᠠᠨ
ᠨᠡᠷ᠎ᠡ ᠠᠯᠳᠠᠷᠰᠢᠭᠰᠠᠨ ᠪᠠᠶᠠᠵᠢᠯ ᠤ᠋ᠨ ᠳᠠᠭᠠᠭᠤᠯᠤᠭᠴᠢ ᠪᠤᠯᠵᠠᠢ᠃

ᠨᠡᠩ ᠤᠯᠠᠨ
ᠳᠠᠷᠢᠶᠠᠴᠢᠳ ᠢ᠋ ᠳᠠᠢᠴᠢᠯᠠᠨ ᠬᠠᠮᠳᠥ ᠪᠠᠷ ᠡᠷᠳᠡᠨᠢ ᠰᠢᠰᠢ ᠳᠠᠷᠢᠬᠤ ᠠᠵᠤ ᠥᠢᠯᠡᠰ ᠢ᠋ ᠬᠦᠭᠵᠢᠬᠥᠯᠬᠥ ᠵᠢᠨ
ᠲᠦᠯᠥᠭᠡ᠂ 2018 ᠤᠨ ᠳ᠋ᠤ ᠬᠦᠸᠸ ᠯᠢ
ᠯᠢ ᠤᠢᠷ᠎ᠠ ᠬᠠᠪᠢ ᠵᠢᠨ ᠬᠤᠷᠢᠨ ᠭᠠᠴᠠᠭ᠎ᠠ ᠵᠢᠨ 500 ᠭᠠᠷᠤᠢ ᠡᠷᠥᠭᠡ ᠳᠠᠷᠢᠶᠠᠴᠢᠨ ᠢ᠋ ᠳᠠᠢᠴᠢᠯᠠᠨ ᠨᠠᠩᠬᠢ ᠡᠷᠳᠡᠨᠢ
ᠰᠢᠰᠢ ᠲᠠᠷᠢᠭᠤᠯᠵᠦ᠂ ᠤᠷᠤᠯᠭᠠᠶᠢ ᠨᠢ ᠨᠡᠮᠡᠭᠳᠡᠭᠦᠯᠦᠭᠰᠡᠨ ᠪᠠᠢᠨ᠎ᠠ᠃ 2022 ᠤᠨ ᠳ᠋ᠤ᠂ ᠬᠦᠸᠸ ᠯᠢ ᠯᠢ ᠬᠢᠨᠭᠭᠠᠨ ᠠᠢᠮᠠᠭ
ᠤ᠋ᠨ 《ᠰᠢᠶᠥᠥ ᠵᠢᠩ》 ᠮᠠᠶᠢᠭ ᠤ᠋ᠨ ᠠᠵᠤ ᠥᠢᠯᠡᠰ ᠤ᠋ᠨ
ᠬᠦᠭᠵᠢᠯᠳᠡ ᠵᠢᠨ ᠳᠠᠭᠠᠭᠤᠯᠤᠭᠴᠢ ᠪᠡᠷ ᠰᠤᠨᠭᠭᠤᠭᠳᠠᠵᠦ᠂ ᠳᠡᠪᠰᠡᠭ ᠪᠠᠯᠭᠠᠰᠥ ᠵᠢᠨ 100 ᠭᠠᠷᠤᠢ ᠳᠠᠷᠢᠶᠠᠴᠢᠨ ᠡᠷᠥᠭᠡ ᠲᠠᠢ ᠬᠡᠷ᠎ᠡ ᠳᠤᠭᠳᠠᠵᠤ᠂
200 ᠭᠠᠷᠤᠢ ᠮᠤ᠌ ᠨᠠᠩᠬᠢ ᠡᠷᠳᠡᠨᠢ ᠰᠢᠰᠢ ᠳᠠᠷᠢᠭᠤᠯᠤᠭᠠᠳ᠂ ᠮᠤ᠌ ᠪᠦᠷᠢ ᠡᠴᠡ 2500 ᠲᠦᠬᠥᠷᠢᠭ ᠤ᠋ᠨ ᠤᠷᠤᠯᠭ᠎ᠠ ᠡᠭᠦᠳᠦᠭᠰᠡᠨ ᠪᠠᠢᠨ᠎ᠠ᠃
ᠤᠢᠷ᠎ᠠ ᠵᠢᠨ ᠬᠤᠶᠠᠷ
ᠵᠢᠯ ᠳ᠋ᠤ᠂ ᠬᠦᠸᠸ ᠯᠢ ᠯᠢ ᠰᠢᠨ᠎ᠡ ᠲᠦᠷᠥᠯ ᠵᠥᠢᠯ ᠤ᠋ᠨ ᠡᠷᠳᠡᠨᠢ ᠰᠢᠰᠢ ᠵᠢ ᠳᠤᠷᠰᠢᠨ ᠲᠠᠷᠢᠵᠦ᠂ ᠠᠵᠤ ᠥᠢᠯᠡᠰ ᠤ᠋ᠨ
ᠡᠵᠡᠨᠭᠨᠡᠯᠳᠡ ᠵᠢᠨ ᠬᠡᠪᠴᠢᠶ᠎ᠡ ᠪᠠᠨ ᠦᠷᠭᠡᠳᠭᠡᠪᠡ᠃ ᠲᠡᠭᠦᠨᠤ ᠡᠷᠳᠡᠨᠢ ᠰᠢᠰᠢ ᠵᠢᠨ ᠳᠠᠷᠢᠮᠠᠯ ᠤ᠋ᠨ
ᠳᠠᠯᠠᠪᠠᠢ ᠨᠢ 300 ᠭᠠᠷᠤᠢᠬᠠᠨ ᠮᠤ᠌
ᠪᠠᠢᠭᠰᠠᠨ ᠡᠴᠡ ᠪᠠᠨ ᠤᠳᠥ 2000 ᠭᠠᠷᠤᠢ ᠮᠤ᠌ ᠪᠤᠯᠵᠤ ᠨᠡᠮᠡᠭᠳᠡᠨ᠂ ᠤᠢᠷ᠎ᠠ ᠬᠠᠪᠢ ᠵᠢᠨ ᠭᠠᠴᠠᠭ᠎ᠠ ᠲᠤᠰᠬᠤᠨ ᠪᠦᠬᠦᠨ ᠢ᠋ ᠳᠠᠢᠴᠢᠯᠠᠭᠰᠠᠨ
ᠪᠠᠢᠨ᠎ᠠ᠃
《ᠦᠨᠭᠭᠡᠷᠡᠭᠰᠡᠨ
ᠳ᠋ᠤ᠂ ᠪᠢᠳᠡ ᠪᠦᠷ ᠤᠯᠠᠮᠵᠢᠯᠠᠯᠳᠥ ᠠᠷᠭ᠎ᠠ ᠪᠠᠷ ᠡᠷᠳᠡᠨᠢ ᠰᠢᠰᠢ ᠳᠠᠷᠢᠵᠤ ᠪᠠᠢᠭᠰᠠᠨ᠂ ᠨᠢᠳᠥᠨᠥᠨ ᠵᠢᠯ
ᠬᠦᠸᠸ ᠯᠢ ᠯᠢ ᠵᠢᠨ ᠳᠠᠭᠠᠭᠤᠯᠭ᠎ᠠ ᠳᠤᠤᠷ᠎ᠠ᠂ ᠪᠢ ᠬᠦᠷᠢᠶ᠎ᠡ ᠬᠠᠰᠢᠶᠠᠨᠳᠠᠭᠠᠨ ᠰᠢᠨ᠎ᠡ ᠠᠷᠭ᠎ᠠ ᠬᠡᠯᠪᠡᠷᠢ ᠪᠡᠷ 3 ᠮᠤ᠌ ᠡᠷᠳᠡᠨᠢ ᠰᠢᠰᠢ ᠳᠠᠷᠢᠭᠠᠳ ᠤᠷᠤᠯᠭ᠎ᠠ
ᠨᠡᠯᠢᠶᠡᠳ ᠰᠠᠢᠨ᠃ ᠳᠡᠭᠡᠭᠡᠳ
ᠡᠨᠡ ᠵᠢᠯ 80 ᠮᠤ᠌ ᠡᠷᠳᠡᠨᠢ ᠰᠢᠰᠢ ᠳᠠᠷᠢᠬᠤ ᠪᠠᠷ ᠲᠦᠯᠦᠪᠯᠡᠨ᠂ ᠬᠠᠪᠤᠷ ᠤ᠋ᠨ ᠳᠠᠷᠢᠶᠠᠯᠠᠭ᠎ᠠ ᠵᠢᠨ ᠠᠵᠢᠯᠳᠠᠭᠠᠨ ᠪᠡᠯᠡᠳᠭᠡᠯ
ᠬᠢᠵᠤ ᠶᠠᠭᠠᠷᠠᠵᠤ ᠪᠠᠢᠨ᠎ᠠ》 ᠭᠡᠵᠤ ᠳᠡᠪᠰᠡᠭ ᠪᠠᠯᠭᠠᠰᠥᠨ ᠤ᠋
ᠳᠠᠷᠢᠶᠠᠴᠢᠨ ᠯᠢ ᠤᠪᠤᠭᠳᠥ ᠶᠠᠷᠢᠵᠦ ᠪᠠᠢᠯ᠎ᠠ᠃

ᠬᠦᠸᠸ ᠯᠢ ᠯᠢ ᠵᠢᠨ ᠨᠠᠷᠢᠯᠢᠭ ᠡᠳ᠋ᠰᠢᠭᠦᠯᠦᠨ
ᠪᠤᠯᠪᠠᠰᠤᠷᠠᠭᠤᠯᠤᠭᠰᠠᠨ 〈ᠵᠢᠨ ᠸᠠ ᠸᠠ〉 ᠳᠡᠮᠳᠡᠭᠳᠥ ᠨᠠᠩᠬᠢ ᠡᠷᠳᠡᠨᠢ ᠰᠢᠰᠢ ᠵᠢᠨ ᠰᠢᠮ᠎ᠡ ᠳᠡᠵᠢᠭᠡᠯᠨᠢ
ᠦᠨᠳᠥᠷ᠂ ᠦᠨᠥᠷ ᠠᠮᠳᠠ ᠨᠢ ᠰᠠᠢᠨ ᠪᠡᠷ ᠬᠡᠷᠡᠭᠯᠡᠭᠴᠢᠳᠤᠨ ᠬᠦᠷᠢᠶᠡᠯᠡᠯᠢ ᠤᠯᠵᠦ᠂ ᠤᠳᠤ ᠤᠢᠷ᠎ᠠ ᠬᠠᠪᠢ
ᠵᠢᠨ ᠠᠢᠮᠠᠭ ᠬᠤᠰᠢᠭᠤᠪᠡᠷ ᠪᠤᠷᠤᠯᠠᠭᠤᠯᠵᠦ ᠪᠠᠢᠬᠤ ᠪᠡᠷ ᠪᠠᠷᠠᠬᠤ ᠦᠬᠡᠢ᠂ ᠪᠡᠭᠡᠵᠢᠩ᠂ ᠱᠠᠨᠭᠬᠠᠢ᠂
ᠬᠠᠷᠪᠢᠨ ᠵᠡᠷᠭᠡ ᠭᠠᠵᠠᠷ᠎ᠲᠤ ᠴᠤ᠌ ᠪᠤᠷᠤᠯᠠᠭᠤᠯᠵᠦ ᠪᠤᠢ᠃
ᠰᠢᠷᠭᠠᠭᠤ ᠬᠦᠳᠡᠯᠮᠥᠷᠢ
ᠵᠢᠨ ᠬᠠᠷᠢᠭᠤ ᠳ᠋ᠤ ᠠᠮᠵᠢᠯᠳᠠ ᠵᠢᠨ ᠵᠢᠮᠢᠰ ᠳᠡᠬᠥᠵᠢᠨᠭᠨᠡᠨᠡ ᠭᠡᠳᠡᠭ ᠵᠢᠡᠷ ᠬᠦᠸᠸ ᠯᠢ ᠯᠢ ᠤᠷᠢᠳ ᠬᠤᠵᠢᠳ
ᠪᠦᠬᠥ ᠠᠢᠮᠠᠭ ᠤ᠋ᠨ ᠵᠠᠯᠠᠭᠤ ᠪᠠᠶᠠᠵᠢᠯ ᠤ᠋ᠨ ᠳᠠᠭᠠᠭᠤᠯᠤᠭᠴᠢ᠂ ᠪᠦᠬᠥ ᠤᠷᠤᠨ ᠤ᠋ ᠬᠦᠳᠡᠭᠡ ᠲᠤᠰᠬᠤᠨ
ᠮᠠᠯᠵᠢᠬᠤ ᠤᠷᠤᠨ ᠤ᠋ ᠵᠠᠯᠠᠭᠤ ᠪᠠᠶᠠᠵᠢᠯ ᠤ᠋ᠨ ᠳᠠᠭᠠᠭᠤᠯᠤᠭᠴᠢ᠂ ᠦᠪᠡᠷᠳᠡᠭᠡᠨ ᠵᠠᠰᠠᠬᠤ ᠤᠷᠤᠨ ᠤ᠋ ᠳᠡᠰ
ᠤ᠋ᠨ ᠬᠦᠳᠡᠯᠮᠥᠷᠢ ᠵᠢᠨ ᠵᠢᠱ᠌ᠢᠶᠡᠴᠢ᠂ ᠪᠦᠬᠥ ᠤᠯᠤᠰ ᠤ᠋ᠨ ᠬᠦᠳᠡᠯᠮᠥᠷᠢ ᠵᠢᠨ ᠵᠢᠱ᠌ᠢᠶᠡᠴᠢ ᠵᠡᠷᠭᠡ ᠤᠯᠠᠨ
ᠢᠷᠠᠭᠤ ᠠᠯᠳᠠᠷ ᠢ᠋ ᠬᠦᠷᠳᠡᠵᠤ᠂ ᠵᠠᠯᠠᠭᠤ ᠪᠠᠶᠠᠵᠢᠯ ᠤ᠋ᠨ ᠳᠠᠭᠠᠭᠤᠯᠤᠭᠴᠢ ᠵᠢᠨ ᠴᠤᠭ ᠵᠢᠪᠬᠤᠭ᠎ᠠ ᠪᠠᠨ
ᠪᠠᠳᠠᠷᠠᠭᠤᠯᠥᠨ᠂ ᠬᠦᠳᠡᠭᠡ ᠲᠤᠰᠬᠤᠨ ᠢ᠋ ᠬᠦᠭᠵᠢᠬᠥᠯᠥᠨ ᠮᠠᠨᠳᠤᠭᠤᠯᠬᠤ ᠥᠢᠯᠡᠰ ᠲᠤ᠌ ᠦᠪᠠᠷ ᠤ᠋ᠨ ᠬᠦᠴᠥᠨ
ᠴᠢᠳᠠᠯ ᠵᠢᠡᠨ ᠡᠷᠬᠥᠵᠤ ᠶᠠᠪᠤᠨ᠎ᠠ᠃