︱ᠪᠥᠬᠥ ᠤᠯᠤᠰ᠎ᠤᠨ ᠬᠥᠳᠡᠯᠮᠦᠷᠢ᠎ᠶᠢᠨ ᠵᠢᠱ᠌ᠢᠶᠡᠴᠢ ᠂ ᠳᠤᠮᠳᠠᠳᠤ ᠤᠯᠤᠰ᠎ᠤᠨ ᠴᠠᠬᠢᠯᠭᠠᠨ ᠬᠣᠯᠪᠣᠭᠠᠨ᠎ᠤ ᠬᠤᠪᠢᠴᠠᠭᠠᠳᠤ ᠬᠢᠵᠠᠭᠠᠷᠲᠤ ᠺᠣᠮᠫᠠᠨᠢ᠎ᠶᠢᠨ ᠥᠪᠥᠷ ᠮᠣᠩᠭᠣᠯ᠎ᠳᠠᠬᠢ ᠬᠤᠪᠢᠶᠠᠷᠢ ᠺᠣᠮᠫᠠᠨᠢ᠎ᠶᠢᠨ ᠲᠣᠮᠣ᠌ ᠳ᠋ᠠᠢᠲ᠋ᠠ ᠪᠠ AI ᠲᠥᠪ᠎ᠦᠨ ᠡᠬᠦᠯᠡᠨ ᠡᠬᠦᠳᠦᠯᠳᠡ ᠵᠢᠨ ᠠᠵᠢᠯᠯᠠᠬᠤ ᠲᠠᠰᠤᠭ᠎ᠤᠨ ᠬᠠᠷᠢᠭᠤᠴᠠᠯᠭᠠᠲᠠᠨ ᠾᠧᠦ ᠰᠢᠶᠣᠣ ᠳ᠋ᠦᠩᠢ᠋ ᠳᠡᠮᠳᠡᠭᠯᠡᠪᠡ
ᠦᠳᠡᠰᠢ᠎ᠶᠢᠨ ᠪᠦᠷᠦᠢ ᠪᠣᠯᠬᠤ᠎ᠪᠡᠷ ᠳᠤᠮᠳᠠᠳᠤ ᠤᠯᠤᠰ᠎ᠤᠨ ᠴᠠᠬᠢᠯᠭᠠᠨ ᠬᠣᠯᠪᠣᠭᠠᠨ᠎ᠤ ᠬᠤᠪᠢᠴᠠᠭᠠᠳᠤ ᠬᠢᠵᠠᠭᠠᠷᠲᠤ ᠺᠣᠮᠫᠠᠨᠢ᠎ᠶᠢᠨ ᠥᠪᠥᠷ ᠮᠣᠩᠭᠣᠯ᠎ᠳᠠᠬᠢ ᠬᠤᠪᠢᠶᠠᠷᠢ ᠺᠣᠮᠫᠠᠨᠢ᠎ᠶᠢᠨ ᠲᠣᠮᠣ᠌ ᠳ᠋ᠠᠢᠲ᠋ᠠ ᠪᠣᠯᠣᠨ AI ᠲᠥᠪ᠎ᠦᠨ ᠡᠬᠦᠯᠡᠨ ᠡᠬᠦᠳᠦᠯᠳᠡ ᠵᠢᠨ ᠠᠵᠢᠯᠯᠠᠬᠤ ᠲᠠᠰᠤᠭ᠎ᠲᠤ᠂ ᠾᠧᠦ ᠰᠢᠶᠣᠣ ᠳ᠋ᠦᠩ ᠺᠣᠮᠫᠢᠦ᠋ᠲᠧᠷ᠎ᠦᠨ ᠳᠡᠯᠭᠡᠴᠡ ᠳᠡᠭᠡᠷᠡᠬᠢ ᠬᠢᠨᠠᠨ ᠬᠡᠮᠵᠢᠭᠰᠡᠨ ᠲᠣᠭ᠎ᠠ ᠪᠠᠷᠢᠮᠲᠠ᠎ᠶᠢ ᠨᠢᠳᠤ ᠰᠠᠯᠭᠠᠯ ᠦᠭᠡᠢ ᠬᠠᠷᠠᠵᠤ᠂ ᠬᠤᠷᠤᠭᠤ᠎ᠪᠠᠷ᠎ᠢᠶᠠᠨ ᠺᠤᠮᠫᠢᠦ᠋ᠲᠧᠷ᠎ᠤᠨ ᠳᠠᠷᠤᠪᠴᠢ᠎ᠶᠢ ᠲᠦᠷᠭᠡᠨ ᠲᠣᠭᠰᠢᠵᠤ ᠰᠠᠭᠤᠨ᠎ᠠ᠃
《ᠪᠢᠳᠡ ᠲᠣᠭᠲᠠᠮᠠᠯ ᠬᠤᠭᠤᠴᠠᠭ᠎ᠠ᠎ᠲᠠᠢ᠎ᠪᠠᠷ ᠰᠢᠰᠲᠧᠮ᠎ᠦᠨ ᠲᠣᠭ᠎ᠠ ᠪᠠᠷᠢᠮᠲᠠ ᠵᠢ ᠨᠦᠭᠡᠴᠡᠯᠡᠨ ᠬᠠᠳᠠᠭᠠᠯᠠᠵᠤ᠂ ᠰᠡᠷᠭᠡᠭ ᠲᠣᠭ᠎ᠠ ᠪᠠᠷᠢᠮᠲᠠ ᠶ᠋ᠢ ᠨᠢᠭᠤᠴᠠ ᠪᠡᠷ ᠬᠠᠳᠠᠭᠠᠯᠠᠵᠤ᠂ ᠲᠣᠭ᠎ᠠ ᠪᠠᠷᠢᠮᠲᠠ ᠶ᠋ᠢ ᠭᠡᠭᠡᠭᠳᠡᠭᠦᠯᠬᠦ ᠪᠠ ᠵᠠᠳᠠᠷᠠᠭᠤᠯᠬᠤ ᠠ᠋ᠴᠠ ᠰᠡᠷᠭᠡᠢᠯᠡᠳᠡᠭ᠃ ᠡᠬᠦᠯᠡᠨ ᠳᠠᠪᠴᠠᠩ ᠢ ᠰᠤᠳᠤᠯᠤᠨ ᠨᠡᠬᠡᠬᠡᠬᠦ᠂ ᠵᠦᠬᠡᠯᠡᠨ ᠲᠤᠨᠤᠭ ᠢ ᠳᠤᠷᠰᠢᠨ ᠬᠡᠷᠡᠭᠯᠡᠬᠦ᠂ ᠫᠷᠤᠭ᠌ᠷᠠᠮ ᠨᠠᠢᠷᠠᠭᠤᠯᠬᠤ᠂ ᠬᠡᠷᠡᠭᠯᠡᠨᠤ ᠠᠬᠤᠢ ᠪᠠᠢᠳᠠᠯ᠎ᠢ ᠦᠷᠬᠡᠳᠬᠡᠬᠦ ᠁ 》 ᠴᠢᠮᠡᠭᠡ ᠬᠣᠯᠪᠣᠭᠠᠨ᠎ᠤ ᠠᠵᠢᠯ ᠲᠥᠷᠥᠯ᠎ᠦᠨ IT ᠰᠢᠰᠲᠧᠮ᠎ᠦᠨ ᠠᠵᠢᠯᠯᠠᠭᠤᠯᠵᠤ ᠬᠠᠮᠠᠭᠠᠯᠠᠬᠤ ᠠᠵᠢᠯ ᠬᠡᠭᠴᠢ ᠴᠠᠭ ᠨᠡᠮᠡᠵᠦ ᠠᠵᠢᠯᠯᠠᠬᠤ᠂ ᠰᠥᠨᠢᠵᠢᠨ ᠰᠠᠭᠤᠬᠤ ᠪᠣᠯ ᠡᠩ᠎ᠦᠨ ᠶᠠᠪᠤᠳᠠᠯ ᠂ ᠭᠠᠷ ᠤᠲᠠᠰᠤ᠎ᠪᠠᠨ 24 ᠴᠠᠭ᠎ᠵᠢᠡᠷ ᠬᠠᠭᠠᠵᠤ ᠪᠤᠯᠬᠤ ᠦᠭᠡᠢ᠂ ᠴᠠᠭ ᠢᠮᠠᠭᠲᠠ ᠵᠠᠷᠯᠢᠭ᠋ ᠬᠦᠯᠢᠶᠡᠳᠡᠭ ᠬᠡᠵᠦ ᠾᠧᠦ ᠰᠢᠶᠣᠣ ᠳ᠋ᠦᠩ ᠠᠵᠢᠯ᠎ᠤᠨ ᠵᠢᠡᠨ ᠳᠤᠬᠠᠢ ᠳᠠᠨᠢᠯᠴᠠᠭᠤᠯᠤᠯ᠎ᠠ᠃
ᠾᠧᠦ ᠰᠢᠶᠣᠣ ᠳ᠋ᠦᠩ᠂ ᠡᠨᠡ ᠵᠢᠯ 45 ᠨᠠᠰᠤᠲᠠᠢ᠃ ᠠᠩᠬ᠎ᠠ ᠠᠵᠢᠯ᠎ᠤᠨ ᠪᠠᠢᠷᠢ᠎ᠳ᠋ᠤ ᠭᠠᠷᠤᠭᠰᠠᠨ ᠭᠠᠯ ᠵᠠᠯᠠᠭᠤ ᠰᠢᠨ᠎ᠡ ᠬᠥᠮᠥᠨ ᠪᠠᠢᠭᠰᠠᠨ᠎ᠠᠴᠠ᠎ᠪᠠᠨ ᠡᠭᠦᠯᠡᠨ ᠪᠣᠳᠣᠯᠲᠠ᠎ᠶᠢᠨ ᠬᠦᠷᠢᠶᠡᠨ᠎ᠦ ᠳᠡᠭᠡᠳᠦ ᠵᠡᠷᠭᠡ᠎ᠶᠢᠨ ᠲᠤᠰᠬᠠᠢ ᠮᠡᠷᠭᠡᠵᠢᠯᠲᠡᠨ᠂ ᠳᠡᠭᠡᠳᠦ ᠵᠡᠷᠭᠡ᠎ᠶᠢᠨ ᠢᠨᠵᠧᠨᠧᠷ ᠪᠣᠯᠣᠨ ᠬᠥᠮᠥᠵᠢᠭᠳᠡᠪᠡ᠂ ᠾᠧᠦ ᠰᠢᠶᠣᠣ ᠳ᠋ᠦᠩ ᠴᠢᠮᠡᠭᠡ ᠬᠣᠯᠪᠣᠭᠠᠨ᠎ᠤ ᠠᠵᠢᠯ ᠲᠦᠷᠦᠯ᠎ᠦᠨ ᠤᠯᠠᠮᠵᠢᠯᠠᠯᠲᠤ ᠴᠢᠮᠡᠭᠡ ᠬᠣᠯᠪᠣᠭ᠎ᠠ᠎ᠠᠴᠠ ᠣᠶᠤᠨᠴᠢᠯᠠᠭᠰᠠᠨ ᠲᠠᠪᠠᠯᠳᠠᠳᠤ ᠮᠠᠶᠢᠭ᠋᠎ᠤᠨ ᠬᠥᠭᠵᠢᠯᠲᠡ᠎ᠶᠢ ᠦᠩᠭᠡᠷᠡᠬᠦᠯᠵᠦ᠂ 16 ᠵᠢᠯ᠎ᠦᠨ ᠪᠣᠳᠠᠲᠤ ᠠᠵᠢᠯᠯᠠᠭ᠎ᠠ᠎ᠪᠠᠷ᠎ᠢᠶᠠᠨ ᠤᠳᠤ ᠦᠶ᠎ᠡ᠎ᠶᠢᠨ ᠴᠠᠬᠢᠯᠭᠠᠨ ᠬᠣᠯᠪᠣᠭᠠᠨ᠎ᠤ ᠬᠥᠮᠥᠰ᠎ᠦᠨ ᠡᠬᠦᠷᠬᠡᠯᠡᠯ ᠪᠣᠯᠣᠨ ᠬᠠᠷᠢᠭᠤᠴᠠᠯᠭ᠎ᠠ᠎ᠶᠢ ᠲᠠᠢᠯᠪᠤᠷᠢᠯᠠᠵᠤ᠂ 《ᠡᠭᠦᠯᠡᠨ ᠵᠢᠷᠤᠭ ᠲᠥᠯᠥᠪᠯᠡᠭᠴᠢ》 ᠬᠡᠮᠡᠭᠳᠡᠪᠡ᠃
2019 ᠣᠨ᠎ᠳᠤ᠂ ᠾᠧᠦ ᠰᠢᠶᠣᠣ ᠳ᠋ᠦᠩ᠎ᠦᠨ ᠲᠤᠰᠢᠶᠠᠯ ᠡᠭᠦᠷᠭᠡᠯᠡᠵᠦ ᠪᠠᠢᠭᠰᠠᠨ ᠳᠤᠮᠳᠠᠳᠤ ᠤᠯᠤᠰ᠎ᠤᠨ ᠴᠠᠬᠢᠯᠭᠠᠨ ᠬᠣᠯᠪᠣᠭᠠᠨ᠎ᠤ ᠬᠤᠪᠢᠴᠠᠭᠠᠳᠤ ᠬᠢᠵᠠᠭᠠᠷᠲᠤ ᠺᠣᠮᠫᠠᠨᠢ᠎ᠶᠢᠨ ᠥᠪᠥᠷ ᠮᠣᠩᠭᠣᠯ᠎ᠳᠠᠬᠢ ᠬᠤᠪᠢᠶᠠᠷᠢ ᠺᠣᠮᠫᠠᠨᠢ ᠲᠣᠭᠠᠴᠢᠯᠠᠭᠰᠠᠨ ᠲᠡᠢᠰᠢ ᠬᠡᠯᠪᠡᠷᠢ ᠪᠡᠨ ᠬᠤᠪᠢᠷᠠᠭᠤᠯᠬᠤ ᠵᠠᠩᠭᠢᠯᠠᠭ᠎ᠠ᠎ᠶᠢᠨ ᠬᠤᠭᠤᠴᠠᠭ᠎ᠠ ᠵᠢ ᠤᠭᠲᠤᠨ ᠠᠪᠴᠠᠢ᠃ ᠭᠡᠲᠡᠯ᠎ᠡ᠂ ᠡᠨᠡ ᠬᠦ᠌ ᠪᠠᠢᠳᠠᠯ᠎ᠢ ᠰᠢᠢᠳᠪᠦᠷᠢᠯᠡᠬᠦ ᠵᠠᠮ᠎ᠳᠤ ᠳᠠᠪᠬᠤᠷ ᠳᠠᠪᠬᠤᠷ ᠬᠦᠴᠢᠷᠳᠡᠯ ᠲᠤᠯᠭᠠᠷᠠᠪᠠ᠄ ᠬᠡᠯᠪᠡᠷᠢ᠎ᠪᠡᠨ ᠬᠤᠪᠢᠷᠠᠭᠤᠯᠬᠤ ᠲᠤᠷᠰᠢᠯᠭ᠎ᠠ ᠳᠤᠲᠠᠮᠠᠭ᠂ ᠲᠤᠰᠬᠠᠢ ᠲᠦᠷᠦᠯ᠎ᠦᠨ ᠪᠡᠯᠡ ᠣᠷᠣᠭᠤᠯᠤᠯᠲᠠ ᠪᠣᠯᠣᠨ ᠮᠡᠷᠭᠡᠵᠢᠯ᠎ᠦᠨ ᠨᠥᠭᠡᠴᠡ ᠬᠣᠶᠠᠷ ᠲᠠᠯ᠎ᠠ᠎ᠪᠠᠷ ᠪᠦᠷ ᠪᠠᠴᠢᠮ ᠪᠠᠢᠳᠠᠯ᠎ᠳᠤ ᠣᠷᠣᠵᠤ᠂ ᠮᠡᠷᠭᠡᠵᠢᠯ᠎ᠦᠨ ᠲᠤᠯᠭᠠᠭᠤᠷᠢᠯᠠᠯ ᠨᠡᠩ ᠴᠤ᠌ ᠭᠠᠷ ᠮᠡᠬᠦᠰ ᠭᠠᠨᠵᠤᠭ᠎ᠠ ᠲᠠᠲᠠᠭᠤ ᠪᠠᠢᠯ᠎ᠠ᠃
ᠺᠣᠮᠫᠠᠨᠢ᠎ᠶᠢᠨ ᠲᠣᠭᠠᠴᠢᠯᠠᠭᠰᠠᠨ ᠲᠡᠢᠰᠢ ᠬᠡᠯᠪᠡᠷᠢ ᠪᠡᠨᠬᠤᠪᠢᠷᠠᠭᠤᠯᠬᠤ ᠠᠵᠢᠯ᠎ᠤᠨ ᠳᠠᠭᠠᠭᠤᠯᠤᠭ᠍ᠴᠢ ᠪᠣᠯᠤᠭᠰᠠᠨ᠎ᠤ ᠬᠤᠪᠢ᠎ᠳᠤ ᠾᠧᠦ ᠰᠢᠶᠣᠣ ᠳ᠋ᠦᠩ ᠡᠨᠡ ᠤᠳᠠᠭ᠎ᠠ ᠴᠣ᠌ 《ᠰᠢᠨ᠎ᠡ ᠶᠡᠬᠡ ᠰᠢᠯᠭᠠᠯᠲᠠ》᠎ᠡᠴᠡ ᠬᠣᠢᠰᠢ ᠤᠬᠤᠷᠢᠭ᠎ᠠ ᠦᠭᠡᠢ᠃ ᠲᠡᠷᠡ ᠵᠠᠭᠤᠨ ᠡᠳᠦᠷ᠎ᠦᠨ ᠪᠠᠢᠯᠳᠤᠭᠠᠨ᠎ᠤ ᠲᠥᠯᠥᠪᠯᠡᠭᠡ ᠲᠣᠭᠲᠠᠭᠠᠵᠤ᠂ ᠡᠳᠦᠷ ᠪᠦᠷᠢ᠎ᠶᠢᠨ ᠠᠵᠢᠯ᠎ᠠᠴᠠ ᠪᠠᠭᠤᠭᠰᠠᠨ᠎ᠤ ᠳᠠᠷᠠᠭᠠᠬᠢ 2 ᠴᠠᠭ᠎ᠢ ᠠᠰᠢᠭ᠍ᠯᠠᠨ᠂ ᠪᠦᠯᠬᠦᠮ᠎ᠦᠨ ᠭᠡᠰᠢᠭᠦᠳ᠎ᠢᠶᠡᠨ ᠳᠠᠭᠠᠭᠤᠯᠤᠨ ᠴᠠᠭ ᠮᠥᠴᠡ᠎ᠶᠢ ᠠᠯᠳᠠᠯ ᠦᠭᠡᠢ᠎ᠪᠡᠷ ᠮᠡᠷᠬᠡᠵᠢᠯ ᠳᠡᠬᠡᠭᠰᠢᠯᠡᠬᠦᠯᠬᠦ ᠪᠡᠷ ᠰᠤᠷᠤᠯᠴᠠᠵᠤ᠂ ᠮᠡᠳᠡᠯᠭᠡ᠎ᠶᠢᠨ ᠪᠡᠬᠢᠯᠡᠯᠲᠡ᠎ᠶᠢ ᠰᠢᠪᠲᠤᠯᠪᠠ᠃ ᠨᠢᠭᠡᠨ ᠵᠢᠵᠢᠭᠬᠡᠨ ᠬᠤᠷᠠᠯ᠎ᠤᠨ ᠭᠡᠷ᠎ᠲᠦ᠂ ᠬᠥᠮᠥᠨ ᠪᠦᠷᠢ ᠨᠢᠭᠡ ᠭᠠᠷ ᠺᠣᠮᠫᠢᠦ᠋ᠲᠧᠷ ᠠᠳᠬᠤᠵᠤ᠂ ᠢᠳᠡᠵᠦ ᠤᠤᠭᠤᠬᠤᠬᠤᠨᠤᠵᠤ ᠬᠡᠪᠳᠡᠬᠦ ᠪᠠᠨ ᠤᠮᠠᠷᠲᠠᠨ ᠮᠡᠷᠭᠡᠵᠢᠯ᠎ᠦᠨ ᠬᠦᠴᠢᠷ ᠠᠰᠠᠭᠤᠳᠠᠯ᠎ᠢ ᠰᠢᠢᠳᠪᠦᠷᠢᠯᠡᠵᠦ ᠢᠷᠡᠵᠡᠢ᠃ ᠲᠡᠳᠡ AI ᠮᠡᠷᠭᠡᠵᠢᠯ ᠢ᠋ ᠠᠰᠢᠭ᠍ᠯᠠᠨ 《ᠡᠬᠦᠯᠡᠨ ᠡᠬᠦᠳᠦᠯᠳᠡ ᠣᠶᠤᠨᠴᠢ ᠠᠵᠢᠯᠯᠠᠭᠠᠨ᠎ᠤ ᠬᠠᠪᠰᠤᠷᠤᠭᠴᠢ》 ᠵᠢ ᠰᠤᠳᠤᠯᠤᠨ ᠦᠢᠯᠡᠳᠴᠦ᠂ ᠮᠠᠰᠢᠨ᠎ᠤ ᠥᠷᠥᠭᠡᠨ᠎ᠦ ᠲᠣᠭᠣᠷᠢᠨ ᠪᠠᠢᠴᠠᠭᠠᠬᠤ ᠡᠭᠦᠷᠭᠡ᠎ᠵᠢ ᠲᠦᠷᠭᠡᠨ ᠪᠡᠶᠡᠯᠡᠭᠦᠯᠵᠦ ᠴᠢᠳᠠᠭᠰᠠᠨ ᠵᠢᠡᠷ ᠪᠠᠷᠠᠬᠤ ᠦᠬᠡᠢ ᠨᠠᠷᠢᠨ ᠲᠣᠳᠣᠷᠬᠠᠢ ᠲᠣᠭᠣᠷᠢᠨ ᠪᠠᠢᠴᠠᠭᠠᠯᠳᠠ ᠵᠢᠨ ᠮᠡᠳᠡᠭᠦᠯᠦᠯᠲᠡ ᠶ᠋ᠢ ᠳᠠᠷᠤᠢᠬᠠᠨ ᠬᠦᠢᠴᠡᠳᠬᠡᠵᠦ ᠴᠢᠳᠠᠳᠠᠭ᠃ ᠡᠨᠡ ᠬᠦ᠌ ᠰᠢᠨ᠎ᠡ᠎ᠶᠢ ᠡᠭᠦᠳᠬᠦ ᠠᠷᠭ᠎ᠠ ᠬᠡᠮᠵᠢᠶ᠎ᠡ ᠨᠢ ᠠᠵᠢᠯᠯᠠᠭᠠᠨ᠎ᠤ ᠦᠷ᠎ᠡ ᠪᠦᠲᠦᠮᠵᠢ᠎ᠶᠢ ᠲᠤᠢᠯ᠎ᠤᠨ ᠶᠡᠬᠡᠪᠡᠷ ᠳᠡᠭᠡᠭᠰᠢᠯᠡᠭᠦᠯᠦᠭᠰᠡᠨ᠎ᠢᠶᠡᠷ ᠪᠠᠷᠠᠬᠤ ᠦᠭᠡᠢ ᠪᠠᠰᠠ ᠠᠵᠢᠯ᠎ᠤᠨ ᠥᠪᠡᠷ᠎ᠦᠨ ᠥᠷᠲᠡᠭ᠎ᠢ ᠪᠦᠲᠦᠮᠵᠢᠲᠡᠶ ᠪᠠᠭᠤᠷᠠᠭᠤᠯᠵᠤ᠂ ᠠᠵᠤ ᠠᠬᠤᠢᠯᠠᠯ᠎ᠤᠨ ᠲᠣᠭᠠᠴᠢᠯᠠᠭᠰᠠᠨ ᠲᠡᠢᠰᠢ ᠬᠡᠯᠪᠡᠷᠢ᠎ᠪᠡᠨ ᠬᠤᠪᠢᠷᠠᠭᠤᠯᠬᠤ᠎ᠳᠤ ᠬᠦᠴᠦᠷᠬᠡᠭ ᠶᠡᠬᠡ ᠬᠥᠳᠡᠯᠭᠡᠬᠦ ᠬᠦᠴᠦᠨ ᠨᠡᠮᠡᠷᠢᠯᠡᠭᠰᠡᠨ ᠪᠠᠢᠨ᠎ᠠ᠃ ᠲᠡᠭᠦᠨ᠎ᠦ ᠲᠥᠰᠥᠪᠯᠡᠨ ᠰᠠᠢᠵᠢᠷᠠᠭᠤᠯᠤᠭᠰᠠᠨ ᠡᠭᠦᠯᠡᠨ ᠬᠠᠳᠠᠭᠠᠯᠠᠯᠲᠠ᠎ᠶᠢᠨ ᠠᠷᠭ᠎ᠠ ᠨᠢ ᠺᠣᠮᠫᠠᠨᠢ᠎ᠳᠤ 200 ᠲᠦᠮᠡᠨ ᠲᠥᠭᠥᠷᠢᠭ᠎ᠦᠨ ᠪᠡᠯᠡ ᠣᠷᠣᠭᠤᠯᠤᠯᠲᠠ᠎ᠶᠢ ᠠᠷᠪᠢᠯᠠᠵᠤ ᠥᠭᠪᠡ᠃
ᠾᠧᠦ ᠰᠢᠶᠣᠣ ᠳ᠋ᠦᠩ ᠪᠦᠯᠬᠦᠮ᠎ᠢᠶᠡᠨ ᠳᠠᠭᠠᠭᠤᠯᠤᠨ ᠲᠣᠭᠠᠴᠢᠯᠠᠭᠰᠠᠨ ᠲᠡᠢᠰᠢ ᠬᠡᠯᠪᠡᠷᠢ᠎ᠪᠡᠨ ᠬᠤᠪᠢᠷᠠᠭᠤᠯᠬᠤ ᠥᠷᠢᠰᠦᠯᠳᠦᠭᠡᠨ᠎ᠳᠦ ᠵᠣᠷᠢᠭ᠍ᠲᠠᠢ᠎ᠪᠠᠷ ᠬᠠᠨᠳᠤᠵᠤ᠂ 《ᠶᠡᠬᠡ ᠰᠢᠯᠭᠠᠯᠲᠠ》 ᠵᠢ ᠲᠠᠪᠠᠵᠤ᠂ ᠠᠵᠢᠯ ᠲᠥᠷᠥᠯ᠎ᠦᠨ ᠲᠣᠭᠠᠴᠢᠯᠠᠭᠰᠠᠨ ᠲᠡᠢᠰᠢ ᠬᠡᠯᠪᠡᠷᠢ᠎ᠪᠡᠨ ᠬᠤᠪᠢᠷᠠᠭᠤᠯᠬᠤ ᠵᠢ ᠠᠬᠢᠭᠤᠯᠬᠤ ᠳ᠋ᠸ᠋ ᠳᠤᠲᠠᠭᠳᠠᠵᠤ ᠪᠣᠯᠣᠰᠢ ᠦᠭᠡᠢ ᠬᠦᠴᠦᠨ ᠴᠢᠳᠠᠯ᠎ᠢᠶᠠᠨ ᠡᠷᠭᠦᠪᠡ᠃ 《 ᠶᠠᠭ ᠡᠨᠡ ᠤᠳᠠᠭ᠎ᠠ᠎ᠶᠢᠨ 〈ᠶᠡᠬᠡ ᠰᠢᠯᠭᠠᠯᠲᠠ〉 ᠶ᠋ᠢ ᠥᠩᠭᠡᠷᠡᠭᠡᠭᠡᠳ᠂ ᠮᠠᠨ᠎ᠤ ᠪᠦᠯᠬᠦᠮ ᠦᠳᠲᠡᠷ ᠲᠦᠷᠭᠡᠨ ᠦᠰᠦᠨ ᠪᠣᠢᠵᠢᠵᠤ᠂ ᠬᠣᠢᠰᠢᠳᠠ᠎ᠶᠢᠨ ᠠᠵᠢᠯ᠎ᠳᠤ ᠪᠠᠨ ᠯᠠᠪᠳᠠᠭᠤᠨ ᠪᠠᠳᠤᠳᠠᠢ ᠰᠠᠭᠤᠷᠢ ᠵᠢ ᠲᠠᠯᠪᠢᠵᠤ ᠦᠭᠴᠡᠢ》 ᠭᠡᠵᠦ ᠾᠧᠦ ᠰᠢᠶᠣᠣ ᠳ᠋ᠦᠩ ᠬᠡᠯᠡᠨ᠎ᠡ᠃
ᠨᠢᠳᠦ ᠢᠷᠮᠡᠬᠦ᠎ᠶᠢᠨ ᠵᠠᠭᠤᠷ᠎ᠠ 2021 ᠣᠨ ᠪᠤᠯᠤᠯ᠎ᠠ᠃ ᠺᠣᠮᠫᠠᠨᠢ᠎ᠶᠢᠨ IT ᠰᠢᠰᠲᠧᠮ᠎ᠢ ᠪᠦᠬᠦ ᠲᠠᠯ᠎ᠠ᠎ᠪᠠᠷ ᠡᠭᠦᠯᠡᠨ᠎ᠳᠦ ᠭᠠᠷᠭᠠᠬᠤ ᠬᠠᠲᠠᠭᠤ ᠡᠭᠦᠷᠭᠡ ᠾᠧᠦ ᠰᠢᠶᠣᠣ ᠳ᠋ᠦᠩ᠎ᠦᠨ ᠮᠥᠷᠥᠨ ᠳᠡᠭᠡᠷ᠎ᠡ ᠲᠠᠯᠪᠢᠬᠳᠠᠪᠠ᠃ ᠾᠧᠦ ᠰᠢᠶᠣᠣ ᠳ᠋ᠦᠩ᠎ᠦᠨ ᠪᠦᠯᠬᠦᠮ᠎ᠤᠨ ᠬᠢᠨ ᠡᠳᠦᠷ ᠰᠥᠨᠢ ᠦᠭᠡᠢ ᠴᠢᠷᠮᠠᠢᠨ 2000 ᠭᠠᠷᠤᠢ PC ᠦᠢᠯᠡᠴᠢᠯᠡᠭᠦᠷ᠎ᠤᠨ ᠪᠦᠯᠦᠭᠵᠢᠯ᠎ᠢᠶᠡᠷ ᠪᠦᠷᠢᠯᠳᠦᠭᠰᠡᠨ ᠶᠡᠬᠡ ᠬᠡᠪᠴᠢᠶᠡᠨ᠎ᠦ ᠡᠭᠦᠯᠡᠨ ᠪᠣᠳᠣᠯᠲᠠ᠎ᠶᠢᠨ ᠰᠠᠭᠤᠷᠢ ᠲᠠᠪᠴᠠᠩ᠎ᠢ ᠠᠮᠵᠢᠯᠲᠠ᠎ᠲᠠᠢ ᠪᠠᠢᠭᠤᠯᠤᠭᠰᠠᠨ ᠪᠥᠭᠡᠳ ᠡᠬᠦᠯᠡᠨ ᠳ᠋ᠸ᠋ ᠭᠠᠷᠭᠠᠬᠤ ᠠᠵᠢᠯ᠎ᠢ ᠬᠠᠭᠠᠰ ᠵᠢᠯ ᠤᠷᠢᠳᠴᠢᠯᠠᠨ ᠪᠡᠶᠡᠯᠡᠭᠦᠯᠪᠡ᠃ ᠲᠣᠰ ᠵᠢᠯ᠎ᠳᠦ᠂ ᠺᠣᠮᠫᠠᠨᠢ ᠨᠢ ᠪᠥᠬᠥ ᠤᠯᠤᠰ᠎ᠤᠨ 《ᠡᠬᠦᠯᠡᠨ ᠳ᠋ᠸ᠋ ᠭᠠᠷᠭᠠᠬᠤ ᠲᠡᠷᠢᠭᠦᠨ᠎ᠦ ᠨᠢᠬᠡᠴᠢ 》 ᠪᠠ 《ᠡᠬᠦᠯᠡᠨ ᠳ᠋ᠸ᠋ ᠭᠠᠷᠭᠠᠬᠤ ᠪᠣᠭᠣᠮᠲᠠ ᠰᠢᠪᠲᠤᠯᠬᠤ ᠨᠢᠬᠡᠴᠢ 》 ᠵᠢᠨ ᠢᠷᠠᠭᠤ ᠠᠯᠳᠠᠷ᠎ᠢ ᠭᠥᠷᠳᠡᠪᠡ᠃
ᠡᠭᠦᠯᠡᠨ ᠪᠣᠳᠣᠯᠲᠠ᠂ ᠣᠶᠤᠨᠴᠢ ᠪᠣᠳᠣᠯᠲᠠ᠎ᠶᠢᠨ ᠴᠢᠳᠠᠪᠤᠷᠢ ᠪᠣᠯ ᠲᠣᠭᠠᠴᠢᠯᠠᠭᠰᠠᠨ ᠳᠤᠮᠳᠠᠳᠤ ᠤᠯᠤᠰ᠂ ᠲᠣᠭᠠᠴᠢᠯᠠᠭᠰᠠᠨ ᠠᠵᠤ ᠠᠬᠤᠢ᠎ᠶᠢᠨ ᠬᠡᠯᠪᠡᠷᠢ᠎ᠪᠡᠨ ᠬᠤᠪᠢᠷᠠᠭᠤᠯᠬᠤ ᠡᠵᠡᠩᠨᠡᠯᠳᠡ ᠵᠢᠨ ᠬᠡᠯᠪᠡᠷᠢ ᠵᠢᠨ ᠰᠠᠭᠤᠷᠢ ᠮᠥᠨ ᠂ ᠪᠠᠰᠠ ᠴᠤ᠌ ᠠᠵᠤ ᠠᠬᠤᠢᠯᠠᠯ᠎ᠤᠨ ᠭᠣᠣᠯ ᠰᠠᠭᠤᠷᠢ ᠮᠥᠨ᠃ ᠾᠧᠦ ᠰᠢᠶᠣᠣ ᠳ᠋ᠦᠩ ᠮᠡᠳᠡᠭᠡ ᠵᠠᠩᠭᠢ᠎ᠶᠢᠨ ᠬᠤᠪᠢᠰᠬᠠᠯ᠎ᠤᠨ ᠤᠷᠤᠰᠬᠠᠯ ᠤ᠋ᠨ ᠳᠤᠮᠳᠠ ᠦᠷᠭᠦᠯᠵᠢᠯᠡᠨ ᠳᠠᠪᠠᠯᠭᠠᠨ᠎ᠢ ᠵᠦᠰᠦᠨ ᠤᠷᠤᠭᠰᠢᠯᠠᠪᠠ᠃
2022 ᠣᠨ᠎ᠳᠤ᠂ ᠾᠧᠦ ᠰᠢᠶᠣᠣ ᠳ᠋ᠦᠩ ᠲᠦᠷᠦᠭᠦᠯᠡᠨ ᠨᠢᠭᠡ ᠴᠣᠭᠴᠠᠵᠢᠭᠤᠯᠤᠭ᠍ᠰᠠᠨ ᠠᠵᠢᠯᠯᠠᠭᠤᠯᠵᠤ ᠬᠠᠮᠠᠭᠠᠯᠠᠬᠤ ᠲᠠᠪᠴᠠᠩ᠎ᠢ ᠪᠡᠶ᠎ᠡ᠎ᠪᠡᠨ ᠳᠠᠭᠠᠭᠠᠵᠤ ᠰᠤᠳᠤᠯᠤᠨ ᠨᠡᠭᠡᠭᠡᠵᠦ᠂ ᠲᠠᠪᠤᠨ ᠳᠠᠪᠬᠤᠷ 《ᠦᠵᠦᠭᠦᠷ᠎ᠡᠴᠡ ᠦᠵᠦᠭᠦᠷ ᠬᠦᠷᠬᠦ》 ᠬᠢᠨᠠᠨ ᠡᠵᠡᠮᠳᠡᠬᠦ ᠰᠢᠰᠲᠧᠮ᠎ᠢ ᠪᠠᠢᠭᠤᠯᠵᠤ᠂ ᠰᠠᠭᠠᠳ᠎ᠤᠨ ᠦᠨᠳᠦᠰᠦ ᠰᠤᠷᠪᠤᠯᠵᠢ᠎ᠶᠢ ᠦᠳᠳᠡᠷ ᠲᠦᠷᠬᠡᠨ ᠵᠢᠡᠷ ᠪᠠᠢᠷᠢ ᠲᠤᠬᠳᠠᠭᠠᠯᠳᠠ ᠬᠢᠬᠦ ᠵᠢ ᠪᠡᠶᠡᠯᠡᠬᠦᠯᠵᠦ᠂ ᠲᠤᠬᠠᠢᠯᠠᠭᠰᠠᠨ ᠠᠵᠢᠯᠲᠠᠰᠤᠯᠳᠠᠬᠤ ᠠᠶᠤᠯ ᠲᠦᠭᠰᠢᠭᠦᠷᠢ᠎ᠶᠢ ᠪᠠᠭᠠᠰᠬᠠᠵᠤ᠂ ᠰᠢᠰᠲᠧᠮ᠎ᠦᠨ ᠠᠵᠢᠯᠯᠠᠭᠠᠨ᠎ᠤ ᠦᠷ᠎ᠡ ᠪᠦᠲᠦᠮᠵᠢ᠎ᠶᠢ ᠶᠡᠬᠡᠪᠡᠷ ᠳᠡᠭᠡᠭᠰᠢᠯᠡᠭᠦᠯᠪᠡ; 2023 ᠣᠨ᠎ᠳᠤ᠂ ᠤᠯᠤᠰ᠎ᠤᠨ ᠭᠠᠳᠠᠭᠠᠳᠤ᠎ᠶᠢᠨ ᠳ᠋ᠠᠢᠲ᠋ᠠ ᠬᠥᠮᠥᠷᠭᠡ᠎ᠳᠦ ᠲᠦᠰᠢᠭᠯᠡᠬᠦ᠎ᠡᠴᠡ ᠮᠤᠯᠲᠤᠷᠠᠬᠤ᠎ᠶᠢᠨ ᠲᠥᠯᠥᠭᠡ᠂ ᠲᠡᠷᠡ ᠪᠡᠶ᠎ᠡ᠎ᠪᠡᠨ ᠳᠠᠭᠠᠭᠠᠵᠤ ᠳ᠋ᠠᠢᠲ᠋ᠠ ᠬᠥᠮᠥᠷᠭᠡ᠎ᠶᠢ ᠰᠤᠳᠤᠯᠤᠨ ᠨᠡᠬᠡᠬᠡᠬᠦ ᠲᠠᠯ᠎ᠠ ᠪᠡᠷ ᠲᠤᠷᠰᠢᠯᠲᠠ ᠬᠢᠵᠦ᠂ 9 ᠰᠠᠷ᠎ᠠ ᠭᠠᠷᠤᠢ᠎ᠶᠢᠨ ᠴᠢᠷᠮᠠᠢᠯᠭ᠎ᠠ᠎ᠪᠠᠷ ᠳᠡᠮᠵᠢᠨ ᠮᠤᠵᠢ ᠵᠢᠨ ᠺᠣᠮᠫᠠᠨᠢ᠎ᠶᠢᠨ ᠴᠤᠬᠯᠠᠷᠠᠯ ᠬᠦᠮᠦᠷᠬᠡ ᠵᠢᠨ《 0 》 ᠢ᠋ ᠦᠭᠡᠢ ᠪᠤᠯᠭᠠᠬᠤ ᠬᠦᠴᠢᠷ ᠠᠰᠠᠭᠤᠳᠠᠯ᠎ᠢ ᠠᠮᠵᠢᠯᠲᠠ ᠲᠠᠢ ᠰᠢᠢᠳᠪᠦᠷᠢᠯᠡᠭᠰᠡᠨ ᠪᠥᠭᠡᠳ ᠪᠠᠰᠠ ᠪᠤᠰᠤᠳ ᠮᠤᠵᠢ ᠣᠷᠣᠨ᠎ᠤ ᠠᠳᠠᠯᠢᠬᠠᠨ ᠬᠦᠴᠢᠷ ᠠᠰᠠᠭᠤᠳᠠᠯ᠎ᠢ ᠰᠢᠢᠳᠪᠦᠷᠢᠯᠡᠬᠦ᠎ᠳᠦ ᠡᠷᠬᠢᠮ ᠨᠠᠨᠳᠢᠨ ᠲᠤᠷᠰᠢᠯᠭ᠎ᠠ ᠬᠠᠩᠭᠠᠭᠰᠠᠨ ᠪᠠᠢᠨ᠎ᠠ᠃
2024 ᠣᠨ᠎ᠳᠤ᠂ ᠳᠤᠮᠳᠠᠳᠤ ᠤᠯᠤᠰ᠎ᠤᠨ ᠴᠠᠬᠢᠯᠭᠠᠨ ᠬᠣᠯᠪᠣᠭᠠᠨ᠎ᠤ ᠬᠤᠪᠢᠴᠠᠭᠠᠳᠤ ᠬᠢᠵᠠᠭᠠᠷᠲᠤ ᠺᠣᠮᠫᠠᠨᠢ᠎ᠶᠢᠨ ᠥᠪᠥᠷ ᠮᠣᠩᠭᠣᠯ᠎ᠳᠠᠬᠢ ᠬᠤᠪᠢᠶᠠᠷᠢ ᠺᠣᠮᠫᠠᠨᠢ᠎ᠶᠢᠨ ᠲᠣᠮᠣ᠌ ᠳ᠋ᠠᠢᠲ᠋ᠠ ᠪᠠ AI ᠲᠥᠪ ᠨᠢ ᠡᠬᠦᠯᠡᠨ ᠡᠬᠦᠳᠦᠯᠳᠡ ᠵᠢᠨ ᠠᠵᠢᠯᠯᠠᠬᠤ ᠦᠷᠦᠬᠡ ᠵᠢ ᠪᠠᠢᠭᠤᠯᠵᠤ᠂ ᠾᠧᠦ ᠰᠢᠶᠣᠣ ᠳ᠋ᠦᠩ ᠰᠠᠨᠠᠭᠠᠴᠢᠯᠠᠭ᠎ᠠ᠎ᠡᠴᠨ ᠪᠠᠨ ᠠᠵᠢᠯᠯᠠᠬᠤ ᠦᠷᠦᠬᠡ ᠵᠢᠨ ᠬᠠᠷᠢᠭᠤᠴᠠᠯᠭᠠᠲᠠᠨ ᠪᠣᠯᠬᠤ᠎ᠪᠠᠷ ᠭᠤᠶᠤᠴᠢᠯᠠᠪᠠ᠃
ᠠᠵᠢᠯᠯᠠᠬᠤ ᠦᠷᠦᠬᠡ ᠪᠠᠢᠭᠤᠯᠤᠭᠳᠠᠭᠰᠠᠨᠡᠴᠨ ᠨᠠᠭᠠᠰᠢ᠂ ᠾᠧᠦ ᠰᠢᠶᠣᠣ ᠳ᠋ᠦᠩ ᠪᠦᠯᠬᠦᠮ᠎ᠢᠶᠡᠨ ᠳᠠᠭᠠᠭᠤᠯᠤᠨ ᠠᠯᠢ ᠣᠯᠠᠨ ᠰᠢᠨ᠎ᠡ᠎ᠶᠢ ᠡᠭᠦᠳᠬᠦ ᠴᠢᠨᠠᠷᠲᠠᠢ ᠠᠵᠢᠯ᠎ᠢ ᠬᠢᠪᠡ᠃ ᠮᠤᠵᠢ᠎ᠶᠢᠨ ᠬᠡᠪᠴᠢᠶᠡᠨ᠎ᠤ ᠡᠬᠦᠯᠡᠨ ᠲᠠᠳᠠᠭᠠᠯ ᠤ᠋ᠨ ᠲᠤᠳᠤᠷᠠᠬᠢ 8082 IT ᠡᠳ᠋ ᠬᠥᠷᠥᠩᠭᠡ᠎ᠶᠢ ᠨᠢᠭᠡᠳᠦᠯᠲᠡᠢ ᠪᠠᠷᠢᠮᠵᠢᠶᠠᠵᠢᠭᠰᠠᠨ ᠠᠵᠢᠯᠯᠠᠭᠤᠯᠵᠤ ᠬᠠᠮᠠᠭᠠᠯᠠᠬᠤ ᠬᠠᠮᠢᠶᠠᠷᠤᠯᠲᠠ᠎ᠶᠢᠨ ᠰᠢᠰᠲᠧᠮ᠎ᠳᠦ ᠣᠷᠣᠭᠤᠯᠵᠤ ᠂ ᠡᠬᠦᠯᠡᠨ ᠲᠠᠳᠠᠭᠠᠯ ᠤ᠋ᠨ ᠡᠳ᠋ ᠬᠥᠷᠥᠩᠭᠡ᠎ᠶᠢ ᠪᠠᠷᠤᠭ 578 ᠲᠦᠮᠡᠨ ᠲᠥᠭᠥᠷᠢᠭ ᠠᠮᠢᠯᠠᠭᠤᠯᠪᠠ᠃ AI ᠪᠠ ᠳ᠋ᠠᠢᠲ᠋ᠠ᠎ᠶᠢᠨ ᠮᠡᠷᠭᠡᠵᠢᠯ᠎ᠢ ᠭᠦᠨᠵᠡᠭᠡᠢ ᠠᠭᠤᠰᠤᠯᠴᠠᠭᠤᠯᠵᠤ᠂ ᠣᠶᠤᠨᠴᠢᠯᠠᠭᠰᠠᠨ ᠠᠵᠢᠯᠯᠠᠭᠤᠯᠵᠤ ᠬᠠᠮᠠᠭᠠᠯᠠᠬᠤ ᠰᠢᠰᠲᠧᠮ᠎ᠢ ᠪᠠᠢᠭᠤᠯᠵᠤ᠂ ᠰᠠᠭᠠᠳ ᠲᠣᠳᠬᠠᠷ᠎ᠢ ᠣᠶᠤᠨᠴᠢ᠎ᠪᠠᠷ ᠬᠢᠨᠠᠨ ᠡᠵᠡᠮᠳᠡᠬᠦ᠂ ᠰᠠᠭᠠᠳ ᠲᠣᠳᠬᠠᠷ᠎ᠢ ᠠᠦ᠋ᠲ᠋ᠣ᠋᠎ᠪᠠᠷ ᠰᠡᠷᠭᠦᠭᠡᠬᠦ᠂ ᠲᠣᠭ᠎ᠠ ᠪᠠᠷᠢᠮᠲᠠ᠎ᠶᠢ ᠣᠶᠤᠨᠴᠢ᠎ᠪᠠᠷ ᠵᠠᠳᠠᠯᠬᠤ ᠪᠥᠬᠥ ᠶᠠᠪᠤᠴᠠ᠎ᠶᠢ ᠬᠠᠮᠤᠷᠤᠭᠤᠯᠵᠠᠢ᠃
《ᠴᠢᠮᠡᠭᠡ ᠬᠣᠯᠪᠣᠭᠠᠨ᠎ᠤ ᠠᠵᠢᠯ ᠲᠥᠷᠥᠯ᠎ᠦᠨ ᠮᠡᠷᠭᠡᠵᠢᠯ᠎ᠦᠨ ᠳᠠᠪᠬᠤᠴᠠᠯ ᠬᠤᠷᠳᠤᠴᠠ ᠲᠠᠰᠤᠷᠠᠯᠲᠠ ᠥᠬᠡᠶ ᠲᠦᠷᠭᠡᠳᠴᠦ᠍᠂ ᠡᠳᠦᠷ ᠢᠷᠡᠬᠦᠶ᠎ᠡ ᠱᠢᠨᠡᠳᠦᠨ ᠬᠤᠪᠢᠷᠠᠵᠤ ᠪᠤᠢ᠃ ᠰᠠᠨᠠᠭᠠᠴᠢᠯᠠᠭᠠᠲᠤ ᠡᠷᠬᠡ᠎ᠶ᠋ᠢ ᠤᠯᠬᠤ᠎ᠳᠤ ᠡᠷᠬᠡᠪᠰᠢ ᠲᠠᠰᠤᠷᠠᠯᠲᠠ ᠥᠬᠡᠶ ᠰᠤᠷᠤᠯᠴᠠᠵᠤ᠂ ᠥᠪᠡᠷ ᠢ᠎ᠪᠡᠨ ᠳᠡᠭᠡᠭ᠌ᠰᠢᠯᠡᠭᠦᠯᠬᠦ᠌ ᠬᠡᠷᠡᠭ᠌ᠲᠡᠶ》 ᠭᠡᠵᠦ᠍ ᠾᠧᠦ ᠱᠢᠶᠤᠤ ᠳ᠋ᠦᠩ ᠬᠦᠨ ᠲᠦᠷᠦᠭᠳᠡᠯ ᠲᠠᠢ ᠶᠠᠷᠢᠨ᠎ᠠ᠃ ᠲᠡᠭᠦᠨ᠎ᠦ ᠲᠠᠭᠠᠭᠤᠯᠭ᠎ᠠ ᠳᠣᠣᠷ᠎ᠠ᠂ ᠪᠦᠯᠬᠦᠮ᠎ᠦᠨ ᠬᠢᠨ ᠬᠦᠨᠳᠦ ᠡᠭᠦᠷᠭᠡ᠎ᠶ᠋ᠢ ᠡᠭᠦᠷᠭᠡᠯᠡᠵᠦ᠍᠂ ᠭᠠᠷᠮᠠᠭᠠᠢ ᠪᠣᠳᠠᠲᠤ ᠬᠦᠴᠦᠨ᠎ᠢᠶᠡᠨ ᠢᠯᠡᠷᠡᠭᠦᠯᠵᠦ᠍ ᠂ ᠤᠳᠠᠭ᠎ᠠ ᠳᠠᠷᠠᠭᠠᠯᠠᠨ ᠱᠢᠯᠢᠳᠡᠭ ᠠᠮᠵᠢᠯᠲᠠ ᠣᠯᠵᠠᠢ᠃ ᠮᠠᠰᠢ ᠣᠯᠠᠨ ᠬᠥᠮᠦᠨ ᠨᠢᠭᠡᠨᠲᠡ ᠳᠡᠭᠡᠳᠦ ᠲᠠᠰ᠎ᠤᠨ ᠬᠠᠮ ᠴᠢᠳᠠᠪᠤᠷᠢᠲᠠᠨ ᠪᠣᠯᠵᠣ᠂ ᠠᠵᠢᠯᠯᠠᠭᠤᠯᠵᠤ ᠬᠠᠮᠠᠭᠠᠯᠠᠬᠤ ᠲᠣᠭ᠎ᠠ ᠪᠠᠷᠢᠮᠲᠠ᠎ᠶ᠋ᠢ ᠭᠦᠨᠵᠡᠭᠡᠶ ᠵᠠᠳᠠᠯᠬᠤ ᠴᠢᠳᠠᠪᠤᠷᠢ᠎ᠲᠠᠶ ᠪᠣᠯᠵᠣ᠂ ᠪᠠᠢᠩᠭᠤ ᠲᠣᠬᠢᠶᠠᠯᠳᠤᠳᠠᠭ ᠰᠠᠭᠠᠳ ᠲᠣᠳᠭᠠᠷᠢ ᠵᠠᠰᠠᠨ ᠰᠡᠷᠭᠦᠭᠡᠬᠦ᠌ ᠠᠷᠭ᠎ᠠ ᠪᠣᠳᠣᠯᠭ᠎ᠠ᠎ᠶ᠋ᠢ ᠨᠠᠷᠢᠨ ᠣᠨᠣᠪᠴᠢᠲᠠᠶ ᠲᠣᠭ᠍ᠲᠠᠭᠠᠬᠤ ᠶ᠋ᠢᠨ ᠬᠠᠮᠲᠤ ᠰᠠᠭᠠᠳ ᠲᠣᠳᠭᠠᠷᠢ ᠵᠠᠰᠠᠨ ᠰᠡᠷᠭᠦᠭᠡᠬᠦ᠌ ᠠᠦ᠋ᠲ᠋ᠣᠴᠢᠯᠠᠭ᠍ᠰᠠᠨ ᠫᠷᠤᠭ᠌ᠷᠠᠮ᠎ᠢ ᠪᠡᠶ᠎ᠡ᠎ᠪᠡᠨ ᠳᠠᠭᠠᠭᠠᠵᠤ ᠨᠠᠢᠷᠠᠭᠤᠯᠤᠨ ᠪᠢᠴᠢᠵᠦ᠍ ᠴᠢᠳᠠᠬᠤ ᠪᠤᠯᠵᠠᠢ᠃ ᠡᠨᠡ ᠬᠦ᠌ ᠵᠠᠯᠠᠭᠤ ᠪᠦᠯᠬᠦᠮ᠎ᠦᠨ ᠪᠦᠷᠢᠯᠳᠦᠬᠦᠨ᠎ᠦ ᠳᠤᠮᠳᠠᠴᠢ ᠨᠠᠰᠤ ᠨᠢ ᠰᠠᠶᠢ 32 ᠪᠢᠯᠡ᠃
ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠵᠠᠮ ᠳᠡᠭᠡᠷ᠎ᠡ ᠾᠧᠦ ᠱᠢᠶᠤᠤ ᠳ᠋ᠦᠩ ᠴᠤᠴᠠᠯᠳᠠ ᠦᠭᠡᠢ ᠤᠷᠤᠭᠰᠢᠯᠡᠨ ᠲᠡᠮᠡᠴᠡᠭᠰᠡᠭᠡᠷ ᠢᠷᠡᠵᠠᠢ᠃ ᠡᠬᠦᠨ᠎ᠤ ᠬᠥᠳᠡᠯᠭᠡᠬᠦ᠌ ᠬᠦᠴᠦᠨ ᠨᠢ ᠶᠠᠭᠤ ᠪᠤᠢ ᠭᠡᠵᠦ᠍ ᠠᠰᠠᠭᠤᠪᠠᠯ ᠾᠧᠦ ᠱᠢᠶᠤᠤ ᠳ᠋ᠦᠩ᠄ 《ᠱᠢᠨ᠎ᠡ᠎ᠶ᠋ᠢ ᠡᠭᠦᠳᠬᠦ᠌ ᠵᠣᠷᠢᠭ ᠰᠠᠨᠠᠭ᠎ᠠ ᠨᠢ ᠶᠠᠭ ᠯᠠ ᠬᠡᠷᠡᠯᠳᠤ ᠴᠠᠮᠬᠠᠭ ᠰᠢᠭ᠋᠎ᠢᠶᠡᠷ ᠪᠢᠳᠡᠨ᠎ᠦ ᠤᠷᠤᠭ᠍ᠰᠢᠯᠠᠬᠤ ᠵᠠᠮ᠎ᠢ ᠬᠡᠷᠡᠯᠳᠤᠬᠦᠯᠦᠨᠡ》 ᠬᠡᠵᠠᠢ᠃
4 ᠰᠠᠷ᠎ᠠ᠎ᠶ᠋ᠢᠨ 28 ᠤ᠋ ᠦᠳᠡ᠎ᠶ᠋ᠢᠨ ᠡᠮᠦᠨ᠎ᠡ᠂ ᠪᠥᠬᠥ᠌ ᠤᠯᠤᠰ᠎ᠤᠨ ᠬᠥᠳᠡᠯᠮᠦᠷᠢ᠎ᠶ᠋ᠢᠨ ᠵᠢᠱ᠌ᠢᠶᠡᠴᠢ ᠪᠣᠯᠤᠨ ᠲᠡᠷᠢᠭᠦᠨ᠎ᠦ ᠠᠵᠢᠯᠲᠠᠨ᠎ᠢ ᠬᠥᠬᠢᠭᠦᠯᠦᠨ ᠰᠠᠢᠱᠢᠶᠠᠬᠤ ᠶᠡᠬᠡ ᠬᠤᠷᠠᠯ ᠠᠷᠠᠳ᠎ᠤᠨ ᠶᠡᠬᠡ ᠬᠤᠷᠠᠯ᠎ᠤᠨ ᠲᠠᠩᠬᠢᠮ᠎ᠳᠤ ᠦᠪᠡᠳᠡᠭ᠌ᠰᠢ ᠶᠡᠬᠡᠪᠡᠷ ᠶᠠᠪᠤᠭ᠍ᠳᠠᠪᠠ᠃ ᠾᠧᠦ ᠱᠢᠶᠤᠤ ᠳ᠋ᠦᠩ ᠮᠠᠨ ᠤ ᠤᠷᠤᠨ᠎ᠤ 60 ᠬᠥᠬᠢᠭᠦᠯᠦᠨ ᠰᠠᠢᠱᠢᠶᠠᠭ᠍ᠳᠠᠭ᠍ᠴᠢᠶ᠋ᠢᠨ ᠨᠢᠭᠡ ᠪᠣᠯᠤᠭ᠍ᠰᠠᠨ᠎ᠤ ᠬᠤᠪᠢ᠎ᠳᠤ ᠪᠡᠭᠡᠵᠢᠩ᠎ᠳᠦ ᠬᠦᠷᠴᠦ᠍ ᠬᠥᠬᠢᠭᠦᠯᠦᠨ ᠰᠠᠢᠱᠢᠶᠠᠬᠤ ᠶᠡᠬᠡ ᠬᠤᠷᠠᠯ᠎ᠳᠤ ᠣᠷᠣᠯᠴᠠᠪᠠ᠃
《ᠠᠷᠠᠳ᠎ᠤᠨ ᠶᠡᠬᠡ ᠬᠤᠷᠠᠯ᠎ᠤᠨ ᠲᠠᠩᠬᠢᠮ᠎ᠳᠤ ᠤᠯᠤᠰ᠎ᠤᠨ ᠰᠦᠯᠳᠡ ᠳᠠᠭᠤᠤ᠎ᠶ᠋ᠢ ᠬᠥᠭ᠌ᠵᠢᠮᠳᠡᠬᠦ᠌ ᠦᠶ᠎ᠡ᠎ᠳᠦ᠂ ᠠᠯᠠᠭ᠎ᠠ ᠲᠠᠱᠢᠯᠳᠠ᠎ᠶ᠋ᠢᠨ ᠳᠠᠭᠤᠨ ᠨᠢᠵᠢᠬᠢᠨᠡᠬᠦ ᠦᠶ᠎ᠡ ᠳ᠋ᠤ ᠪᠢ ᠡᠬᠡ ᠤᠯᠤᠰ᠎ᠤᠨ᠎ᠢᠶᠡᠨ ᠬᠦᠴᠦᠷᠬᠡᠭ ᠶᠡᠬᠡ᠎ᠶ᠋ᠢ ᠰᠡᠳᠬᠢᠯ ᠳ᠋ᠡᠭᠡᠨ ᠮᠡᠳᠡᠷᠡᠵᠦ᠍᠂ ᠤᠮᠤᠭ᠍ᠰᠢᠯ᠎ᠳᠤ ᠰᠡᠳᠭᠢᠯᠭᠡ ᠠᠶᠠᠨ᠎ᠳᠠᠭᠠᠨ ᠲᠦᠷᠦᠭᠳᠡᠪᠠ!》 ᠭᠡᠵᠦ ᠾᠧᠦ ᠱᠢᠶᠤᠤ ᠳ᠋ᠦᠩ ᠬᠥᠬᠢᠭᠦᠯᠦᠨ ᠰᠠᠢᠱᠢᠶᠠᠬᠤ ᠶᠡᠬᠡ ᠬᠤᠷᠠᠯ᠎ᠳᠤ ᠣᠷᠣᠯᠴᠠᠭ᠍ᠰᠠᠨ ᠲᠦᠷᠦᠭ᠌ᠳᠡᠯ᠎ᠢᠶᠡᠨ ᠶᠠᠷᠢᠬᠤ᠎ᠳᠤ᠂ ᠬᠤᠭᠤᠯᠠᠢ ᠴᠡᠴᠡᠷᠬᠢᠯᠡᠨ ᠳᠣᠭ᠍ᠳᠣᠯᠤᠭ᠍ᠰᠠᠨ ᠰᠡᠳᠭᠢᠯᠭᠡ᠎ᠪᠡᠨ ᠲᠠᠷᠤᠵᠤ ᠶᠠᠳᠠᠨ ᠪᠠᠢᠯ᠎ᠠ᠃
ᠾᠧᠦ ᠱᠢᠶᠤᠤ ᠳ᠋ᠦᠩ᠄ 《〈ᠪᠦᠬᠦ᠌ ᠤᠯᠤᠰ᠎ᠤᠨ ᠬᠥᠳᠡᠯᠮᠦᠷᠢ᠎ᠶ᠋ᠢᠨ ᠵᠢᠱ᠌ᠢᠶᠡᠴᠢ〉 ᠵᠢᠨ ᠢᠷᠠᠭᠤ ᠠᠯᠳᠠᠷ᠎ᠢ ᠬᠦᠷᠳᠡᠭᠰᠡᠨ ᠨᠢ ᠦᠢᠯᠡᠰ᠎ᠤᠨ ᠲᠡᠭᠦᠰᠭᠡᠯ ᠪᠢᠰᠢ᠃ ᠪᠢ ᠬᠥᠳᠡᠯᠮᠦᠷᠢ᠎ᠶ᠋ᠢᠨ ᠵᠢᠱ᠌ᠢᠶᠡᠴᠢ᠎ᠶ᠋ᠢᠨ ᠵᠣᠷᠢᠭ ᠰᠠᠨᠠᠭ᠎ᠠ᠂ ᠬᠥᠳᠡᠯᠮᠦᠷᠢ᠎ᠶ᠋ᠢᠨ ᠵᠣᠷᠢᠭ ᠰᠠᠨᠠᠭ᠎ᠠ᠂ ᠤᠷᠠᠨ ᠳᠠᠷᠬᠠᠨ᠎ᠤ ᠵᠣᠷᠢᠭ ᠰᠠᠨᠠᠭ᠎ᠠ᠎ᠶ᠋ᠢ ᠦᠷᠭᠦᠯᠵᠢᠯᠡᠨ ᠪᠠᠳᠠᠷᠠᠭᠤᠯᠵᠤ᠂ ᠲᠠᠰᠤᠷᠠᠯᠲᠠ ᠥᠬᠡᠶ ᠱᠢᠨ᠎ᠡ᠎ᠶ᠋ᠢ ᠡᠭᠦᠳᠴᠦ᠍᠂ ᠪᠦᠯᠬᠦᠮ᠎ᠢᠶᠡᠨ ᠳᠠᠭᠠᠭᠤᠯᠤᠨ ᠴᠠᠭ ᠦᠶ᠎ᠡ᠎ᠲᠡᠢ ᠵᠡᠷᠭᠡ ᠪᠡᠷ ᠤᠷᠤᠭᠰᠢᠯᠠᠨ ᠱᠢᠨ᠎ᠡ ᠡᠬᠦᠳᠦᠯᠳᠡ ᠪᠡᠷ ᠣᠷᠣᠨ ᠨᠤᠲᠤᠭ᠎ᠤᠨ ᠠᠵᠤ ᠠᠬᠤᠶ᠎ᠳᠤ ᠤᠢᠯᠡᠴᠢᠯᠡᠵᠦ ᠲᠣᠭᠠᠴᠢᠯᠠᠭ᠍ᠰᠠᠨ ᠥᠪᠥᠷ ᠮᠣᠩᠭᠣᠯ᠎ᠤᠨ ᠪᠠᠢᠭᠤᠯᠤᠯᠲᠠ᠎ᠳᠤ ᠬᠦᠴᠦᠨ ᠨᠡᠮᠡᠷᠢᠯᠡᠨ᠎ᠡ᠃ ᠥᠪᠥᠷ ᠮᠣᠩᠭᠣᠯ᠎ᠤᠨ ᠪᠤᠳᠤᠯᠳᠠ ᠵᠢᠨ ᠬᠦᠴᠦᠨ᠎ᠦ ᠡᠬᠢ ᠪᠠᠶᠠᠯᠢᠭ᠎ᠤᠨ ᠬᠥᠷᠥᠰᠥ᠍ ᠱᠢᠷᠣᠶ᠎ᠶ᠋ᠢᠨ ᠳᠠᠪᠠᠭᠤᠯᠢᠭ᠎ᠢ ᠠᠱᠢᠭ᠍ᠯᠠᠨ᠂ ᠡᠭᠦᠯᠡᠨ ᠪᠤᠳᠤᠯᠲᠠ᠂ AI ᠵᠡᠷᠭᠡ ᠬᠦᠷᠢᠶ᠎ᠡ ᠴᠠᠷᠠᠭ᠎ᠠ᠎ᠶ᠋ᠢᠨ ᠱᠢᠨ᠎ᠡ᠎ᠶ᠋ᠢ ᠡᠭᠦᠳᠬᠦ᠌ ᠲᠣᠭᠣᠷᠢᠨ᠎ᠳᠤ ᠥᠪᠡᠷᠲᠡᠭᠡᠨ ᠵᠠᠰᠠᠬᠤ ᠣᠷᠣᠨ᠎ᠤ ᠤᠯᠠᠮᠵᠢᠯᠠᠯᠲᠤ ᠠᠵᠤ ᠦᠶ᠋ᠯᠡᠰ᠎ᠦᠨ ᠲᠣᠭᠠᠴᠢᠯᠠᠯᠲᠠᠲᠡᠢᠰᠢ ᠬᠡᠯᠪᠡᠷᠢ᠎ᠪᠡᠨ ᠬᠤᠪᠢᠷᠠᠭᠤᠯᠤᠨ ᠲᠠᠰ ᠲᠡᠪᠰᠢᠬᠦ ᠳ᠋ᠤ ᠴᠢᠳᠠᠪᠤᠷᠢ ᠣᠯᠭᠣᠨ᠎ᠠ》 ᠬᠡᠵᠠᠢ᠃