ᠨᠡᠢᠲᠡ ᠢ᠋ᠢᠨ ᠮᠠᠰᠢᠨ ᠲᠡᠷᠬᠡ ᠯᠤᠭᠡ ᠵᠢᠨ 27 ᠵᠢᠯ᠎ᠤᠨ ᠪᠠᠷᠢᠯᠳᠤᠯᠭ᠎ᠠ
2025-05-19 10:23:54
ᠵᠣᠬᠢᠶᠠᠭ᠍ᠴᠢ᠄
ᠰᠢᠶᠣᠣ ᠯᠦ᠍
ᠣᠩᠱᠢᠭ᠍ᠰᠠᠨ ᠣᠳᠠᠭ᠎ᠠ᠄
★★★☆☆

︱ᠥᠪᠡᠷᠲᠡᠭᠡᠨ ᠵᠠᠰᠠᠬᠤ ᠣᠷᠣᠨ᠎ᠤ ᠬᠥᠳᠡᠯᠮᠦᠷᠢ᠎ᠶᠢᠨ ᠵᠢᠱ᠌ᠢᠶᠡᠴᠢ᠂ ᠤᠯᠠᠭᠠᠨᠬᠠᠳᠠ ᠬᠣᠲᠠ᠎ᠶᠢᠨ ᠣᠯᠠᠨ ᠨᠡᠶ᠋ᠢᠲᠡ᠎ᠶᠢᠨ ᠵᠠᠮ ᠬᠠᠷᠢᠯᠴᠠᠭᠠᠨ᠎ᠤ ᠬᠢᠵᠠᠭᠠᠷᠲᠤ ᠬᠠᠷᠢᠭᠤᠴᠠᠯᠭᠠᠲᠤ ᠺᠣᠮᠫᠠᠨᠢ᠎ᠶᠢᠨ ᠵᠢᠷᠭᠤᠳᠤᠭᠠᠷ ᠬᠤᠪᠢᠶᠠᠷᠢ ᠺᠣᠮᠫᠠᠨᠢ᠎ᠶᠢᠨ 1 ᠳ᠋ᠤᠭᠡᠷ ᠵᠠᠮ᠎ᠤᠨ ᠲᠠᠪᠤᠨ ᠣᠳᠣᠨ ᠲᠠᠰ᠎ᠤᠨ ᠵᠢᠯᠣᠭᠣᠴᠢ ᠸᠠᠩ ᠬᠣᠩ ᠮᠧᠶ ᠵᠢ ᠲᠡᠮᠲᠡᠭᠯᠡᠪᠡ


5 ᠰᠠᠷ᠎ᠠ᠎ᠶᠢᠨ 9᠎ᠤ᠋ ᠡᠳᠦᠷ᠂ ᠬᠣᠶᠠᠷ ᠡᠳᠦᠷ ᠦᠷᠭᠦᠯᠵᠢᠯᠡᠭᠰᠡᠨ ᠪᠠᠭ᠎ᠠ ᠪᠣᠷᠣᠭᠠᠨ ᠡᠴᠡ ᠪᠤᠯᠵᠦ ᠬᠣᠲᠠ᠎ᠳᠤ ᠵᠢᠭᠠᠬᠠᠨ ᠰᠡᠷᠢᠭᠦᠬᠡᠨ ᠪᠤᠯᠪᠠ᠃ 5 ᠴᠠᠭ 30 ᠮᠢᠨᠦ᠋ᠲ᠎ᠲᠦ᠂ ᠤᠯᠠᠭᠠᠨᠬᠠᠳᠠ ᠬᠤᠳᠠ᠎ᠶᠢᠨ ᠤᠯᠠᠨ ᠨᠡᠶ᠋ᠢᠲᠡ᠎ᠶᠢᠨ ᠵᠠᠮ ᠬᠠᠷᠢᠯᠴᠠᠭᠠᠨ᠎ᠤ ᠬᠢᠵᠠᠭᠠᠷᠲᠤ ᠬᠠᠷᠢᠭᠤᠴᠠᠯᠭᠠᠲᠦ ᠺᠣᠮᠫᠠᠨᠢ᠎ᠶᠢᠨ ᠵᠢᠷᠭᠤᠳᠤᠭᠠᠷ ᠬᠤᠪᠢᠶᠠᠷᠢ ᠺᠣᠮᠫᠠᠨᠢ᠎ᠶᠢᠨ 1 ᠳ᠋ᠤᠭᠡᠷ ᠵᠠᠮ᠎ᠤᠨ ᠮᠠᠰᠢᠨ ᠲᠡᠷᠭᠡᠨ᠎ᠦ ᠵᠢᠯᠣᠭᠣᠴᠢ ᠸᠠᠩ ᠬᠣᠩ ᠮᠧᠢ ᠲᠣᠭᠲᠠᠭᠰᠠᠨ ᠴᠠᠭ᠎ᠲᠠᠭᠠᠨ ᠦᠷᠳᠡᠭᠡ᠎ᠶᠢᠨ ᠡᠮᠦᠨᠡᠬᠢ ᠤᠯᠠᠨ ᠨᠡᠶ᠋ᠢᠲᠡ᠎ᠶᠢᠨ ᠵᠠᠮ ᠬᠠᠷᠢᠯᠴᠠᠭᠠᠨ᠎ᠤ ᠲᠠᠯᠠᠪᠤᠷ ᠦᠷᠳᠡᠭᠡ᠎ᠳᠦ ᠬᠦᠷᠴᠦ᠂ ᠨᠢᠭᠡ ᠡᠲᠦᠷ᠎ᠤᠨ ᠶᠠᠭᠠᠷᠠᠯᠲᠠᠢ ᠠᠵᠢᠯ᠎ᠢᠶᠡᠨ ᠡᠬᠢᠯᠡᠭᠦᠯᠵᠡᠢ᠃

ᠦᠳᠡ᠎ᠶᠢᠨ ᠡᠮᠦᠨ᠎ᠡ ᠬᠣᠢᠨ᠎ᠠ ᠬᠣᠶᠠᠷ ᠡᠭᠡᠯᠵᠢ ᠪᠡᠷ᠂ ᠵᠢᠯ ᠲᠤᠵᠢ ᠠᠮᠠᠷᠠᠯ ᠦᠭᠡᠢ ᠠᠵᠢᠯᠯᠠᠵᠦ᠂ ᠡᠷᠲᠡ᠎ᠶᠢᠨ ᠡᠭᠡᠯᠵᠢ᠎ᠳᠡᠭᠡᠨ 5 ᠴᠠᠭ ᠬᠠᠭᠠᠰ᠎ᠲᠤ ᠥᠷᠲᠡᠭᠡᠨ᠎ᠳᠡᠭᠡᠨ ᠬᠦᠷᠬᠦ ᠨᠢ ᠨᠢᠭᠡᠨᠲᠡ ᠬᠡᠪ᠎ᠦᠨ ᠪᠠᠢᠳᠠᠯ ᠪᠣᠯᠵᠠᠢ᠃ ᠸᠠᠩ ᠬᠣᠩ ᠮᠧᠢ ᠠᠵᠢᠯ᠎ᠤᠨ ᠬᠤᠪᠴᠠᠰᠤ᠎ᠪᠠᠨ ᠡᠮᠦᠰᠴᠦ᠂ ᠲᠠᠯᠠᠪᠤᠷ ᠦᠷᠳᠡᠭᠡ᠎ᠳᠦ ᠬᠦᠷᠴᠦ ᠭᠠᠷ᠎ᠤᠨ ᠦᠰᠦᠭ ᠵᠢᠷᠤᠬᠤ᠎ᠶᠢᠨ ᠬᠠᠮᠲᠤ ᠰᠫᠢᠷᠲ᠎ᠦᠨ ᠪᠠᠢᠴᠠᠭᠠᠯᠲᠠ ᠬᠢᠯᠭᠡᠪᠡ᠃

《ᠬᠣᠩ ᠮᠧᠶ ᠡᠭᠡᠴᠢ ᠠ᠋᠂ ᠰᠠᠢᠨ ᠤᠤ!》 ᠭᠡᠵᠦ ᠲᠠᠯᠠᠪᠤᠷ ᠥᠷᠲᠡᠭᠡᠨ᠎ᠦ ᠲᠣᠬᠢᠷᠠᠭᠤᠯᠭ᠎ᠠ᠎ᠶᠢᠨ ᠲᠠᠰᠤᠭ᠎ᠲᠤ᠂ ᠭᠠᠷᠴᠤ ᠤᠷᠤᠵᠦ ᠪᠠᠢᠭ᠎ᠠ ᠬᠠᠮᠲᠤ ᠠᠵᠢᠯᠯᠠᠭᠰᠠᠳ ᠸᠠᠩ ᠬᠣᠩ ᠮᠧᠢ᠎ᠲᠠᠢ ᠮᠡᠨᠳᠦᠴᠢᠯᠡᠨ᠎ᠡ᠃ 30 ᠰᠢᠬᠠᠮ ᠵᠢᠯ ᠠᠵᠢᠯᠯᠠᠨ ᠂ 20 ᠭᠠᠷᠤᠢ ᠵᠢᠯ ᠮᠠᠰᠢᠨ ᠲᠡᠷᠭᠡ ᠵᠢᠯᠣᠭᠣᠳᠤᠭᠰᠠᠨ ᠬᠣᠩ ᠮᠧᠶ ᠡᠭᠡᠴᠢ ᠠᠯᠢ ᠬᠡᠳᠦᠢᠨ ᠲᠡᠳᠡᠨ᠎ᠦ ᠰᠡᠳᠬᠢᠯ᠎ᠳᠡᠬᠢ ᠠᠵᠢᠯ᠎ᠤᠨ ᠳᠠᠭᠤᠷᠢᠶᠠᠯ ᠪᠣᠯᠤᠭᠰᠠᠨ ᠪᠠᠢᠨ᠎ᠠ᠃

ᠠᠵᠢᠯ᠎ᠤᠨ ᠬᠤᠪᠴᠠᠰᠤ᠎ᠪᠠᠨ ᠰᠣᠯᠢᠭ᠍ᠰᠠᠨ᠎ᠤ ᠳᠠᠷᠠᠭ᠎ᠠ᠂ ᠸᠠᠩ ᠬᠣᠩ ᠮᠧᠶ ᠮᠠᠰᠢᠨ ᠳᠡᠷᠭᠡᠨ᠎ᠤ ᠲᠣᠰᠣ᠌᠂ ᠭᠠᠯ ᠰᠡᠷᠬᠡᠢᠯᠡᠵᠦ ᠭᠠᠯ ᠤᠨᠲᠠᠷᠠᠭᠠᠬᠤ ᠲᠥᠬᠦᠭᠡᠷᠦᠮᠵᠢ᠂ ᠮᠠᠰᠢᠨ ᠲᠡᠷᠭᠡᠨ᠎ᠦ ᠵᠢᠭᠠᠯᠲᠠ ᠲᠣᠭ᠎ᠠ ᠵᠡᠷᠭᠡ᠎ᠶᠢ ᠨᠠᠷᠢᠨ ᠪᠠᠢᠴᠠᠭᠠᠪᠠ᠂ ᠲᠡᠷᠡ ᠵᠢᠵᠢᠭ ᠠᠯᠤᠬ᠎ᠠ᠎ᠪᠠᠷ ᠲᠣᠭᠰᠢᠮᠠᠬᠴᠠ ᠳᠠᠷᠤᠢ ᠲᠡᠷᠭᠡᠨ ᠬᠦᠷᠲᠦ ᠢ᠋ᠢᠨ ᠳᠠᠷᠤᠯᠲᠠ᠎ᠶᠢ ᠮᠡᠳᠡᠴᠢᠬᠡᠲᠡᠭ᠃ 《ᠪᠠᠢᠴᠠᠭᠠᠯᠲᠠ ᠶ᠋ᠢᠨ ᠠᠯᠬᠤᠮ ᠳᠠᠷᠠᠭᠠᠯᠠᠯ᠎ᠢ ᠨᠢᠭᠡ ᠶ᠋ᠢ ᠴᠦ᠍ ᠣᠷᠬᠢᠭ᠍ᠳᠠᠭᠤᠯᠵᠤ ᠪᠣᠯᠬᠤ ᠦᠭᠡᠢ᠂ ᠠᠮᠤᠷ ᠲᠦᠪᠰᠢᠨ ᠪᠣᠯᠣᠨ ᠦᠢᠯᠡᠴᠢᠯᠡᠭᠡ ᠪᠣᠯ ᠬᠠᠮᠤᠭ᠎ᠤᠨ ᠴᠢᠬᠤᠯᠠ ᠵᠦᠢᠯ ᠶᠤᠮ᠂ ᠡᠨᠡ ᠪᠣᠯ ᠮᠢᠨᠤ 20 ᠭᠠᠷᠤᠢ ᠵᠢᠯ᠎ᠦᠨ ᠨᠡᠶ᠋ᠢᠲᠡ ᠶ᠋ᠢᠨ ᠮᠠᠰᠢᠨ ᠲᠡᠷᠭᠡ ᠵᠢᠯᠣᠭᠣᠳᠤᠭᠰᠠᠨ ᠵᠢᠷᠤᠮᠯᠠᠯ ᠮᠥᠨ》 ᠭᠡᠵᠦ ᠸᠠᠩ ᠬᠣᠩ ᠮᠧᠢ ᠬᠡᠯᠡᠪᠡ᠃

ᠮᠸᠬᠠᠨᠢᠭ᠎ᠤᠨ ᠲᠠᠭᠤᠨ ᠬᠦᠷᠴᠢᠬᠢᠨᠡᠭᠰᠡᠨ ᠲᠣᠰᠣ᠌ ᠰᠢᠲᠠᠭᠠᠬᠤ ᠮᠠᠰᠢᠨ ᠲᠡᠷᠭᠡ ᠡᠴᠡ ᠴᠢᠮᠡᠭᠡ ᠠᠨᠢᠷ ᠦᠭᠡᠢ ᠣᠷᠴᠢᠨ ᠲᠣᠭᠣᠷᠢᠨ᠎ᠢ ᠬᠠᠮᠠᠭᠠᠯᠠᠬᠤ ᠰᠢᠨ᠎ᠡ ᠡᠨᠧᠷᠭᠢ᠎ᠶᠢᠨ ᠨᠡᠶ᠋ᠢᠲᠡ᠎ᠶᠢᠨ ᠮᠠᠰᠢᠨ ᠲᠡᠷᠭᠡ ᠬᠦᠷᠲᠡᠯ᠎ᠡ; ᠭᠠᠷ᠎ᠢᠶᠠᠷ ᠤᠷᠠᠲᠠᠭ ᠪᠢᠯᠸᠲ ᠫᠢᠶᠣᠣ ᠡᠴᠡ ᠨᠡᠶ᠋ᠢᠲᠡ᠎ᠶᠢᠨ ᠮᠠᠰᠢᠨ ᠲᠡᠷᠭᠡᠨ᠎ᠦ ᠤᠶᠤᠨᠴᠢ ᠺᠠᠷᠲ ᠬᠦᠷᠲᠡᠯ᠎ᠡ᠂ ᠸᠠᠩ ᠬᠣᠩ ᠮᠧᠢ ᠤᠯᠠᠭᠠᠨᠬᠠᠳᠠ᠎ᠶᠢᠨ ᠨᠡᠶ᠋ᠢᠲᠡ᠎ᠶᠢᠨ ᠮᠠᠰᠢᠨ ᠲᠡᠷᠭᠡᠨ᠎ᠤ ᠬᠥᠭᠵᠢᠯᠲᠡ ᠬᠤᠪᠢᠷᠠᠯᠲᠠ᠎ᠶᠢ ᠪᠡᠶ᠎ᠡ᠎ᠪᠡᠷ᠎ᠢᠶᠡᠨ ᠥᠩᠭᠡᠷᠡᠭᠦᠯᠵᠦ᠂ ᠵᠠᠯᠠᠭᠤ ᠨᠠᠰᠤ ᠪᠠ ᠬᠦᠴᠦ ᠬᠥᠯᠥᠰᠦ᠎ᠪᠡᠨ ᠤᠯᠠᠭᠠᠨᠬᠠᠳᠠ᠎ᠶᠢᠨ ᠨᠡᠶ᠋ᠢᠲᠡ᠎ᠶᠢᠨ ᠮᠠᠰᠢᠨ ᠲᠡᠷᠭᠡᠨ᠎ᠤ ᠦᠢᠯᠡᠰ᠎ᠲᠦ ᠵᠣᠷᠢᠭᠤᠯᠵᠠᠢ᠃

1998 ᠣᠨ᠎ᠳᠤ᠂ 23 ᠨᠠᠰᠤᠲᠠᠢ ᠸᠠᠩ ᠬᠣᠩ ᠮᠧᠢ ᠤᠯᠠᠭᠠᠨᠬᠠᠳᠠ ᠡᠴᠡ ᠫᠢᠩᠵᠦᠸᠠᠩ ᠬᠦᠷᠬᠦ ᠨᠡᠶ᠋ᠢᠲᠡ᠎ᠶᠢᠨ ᠮᠠᠰᠢᠨ ᠲᠡᠷᠭᠡᠨ᠎ᠦ ᠵᠠᠮ ᠱᠤᠭᠤᠮ᠎ᠤᠨ ᠪᠢᠯᠧᠲ ᠬᠤᠳᠠᠯᠳᠤᠭ᠍ᠴᠢ ᠪᠣᠯᠵᠠᠢ᠃ 5 ᠵᠢᠯ᠎ᠦᠨ ᠪᠢᠯᠧᠲ ᠬᠤᠳᠠᠯᠳᠤᠭᠰᠠᠨ ᠥᠩᠭᠡᠷᠡᠯᠲᠡ ᠨᠢ ᠸᠠᠩ ᠬᠣᠩ ᠮᠧᠶ᠎ᠶᠢ ᠨᠡᠶ᠋ᠢᠲᠡ᠎ᠶᠢᠨ ᠮᠠᠰᠢᠨ ᠲᠡᠷᠭᠡᠨ᠎ᠦ ᠠᠵᠢᠯ ᠲᠥᠷᠥᠯ᠎ᠳᠦ ᠪᠠᠬᠠᠲᠠᠢ ᠪᠣᠯᠭᠠᠬᠰᠠᠨ ᠪᠢᠯᠡ᠃ 《ᠨᠡᠶ᠋ᠢᠲᠡ ᠶ᠋ᠢᠨ ᠮᠠᠰᠢᠨ ᠲᠡᠷᠭᠡᠨ᠎ᠦ ᠠᠵᠢᠯ ᠲᠥᠷᠥᠯ ᠪᠣᠯ ᠬᠣᠲᠠ ᠶ᠋ᠢᠨ ᠪᠣᠯᠪᠠᠰᠤᠨ᠎ᠤ ᠴᠣᠩᠬᠤᠪᠴᠢ ᠪᠣᠯᠬᠣᠷ ᠡᠳᠦᠷ ᠪᠤᠯᠭᠠᠨ ᠮᠠᠰᠢ ᠤᠯᠠᠨ ᠬᠣᠲᠠ ᠶ᠋ᠢᠨ ᠠᠷᠠᠳ᠎ᠲᠠᠢ ᠤᠢᠷᠠᠳᠤᠵᠦ᠂ ᠰᠢᠨ᠎ᠡ ᠰᠡᠳᠬᠢᠭᠳᠡᠯ᠎ᠲᠠᠢ ᠪᠠᠢᠳᠠᠭ》 ᠬᠡᠵᠦ ᠸᠠᠩ ᠬᠤᠩ ᠮᠸᠢ ᠬᠡᠯᠡᠨ᠎ᠡ᠃

ᠬᠣᠲᠠ᠎ᠶᠢᠨ ᠵᠠᠮ ᠬᠠᠷᠢᠯᠴᠠᠭᠠᠨ᠎ᠤ ᠣᠶᠤᠨᠴᠢᠯᠠᠯᠲᠠ ᠬᠥᠭᠵᠢᠯᠲᠡ᠎ᠶᠢ ᠳᠠᠭᠠᠯᠳᠤᠨ᠂ ᠪᠢᠯᠧᠲ ᠬᠤᠳᠠᠯᠳᠤᠬᠤ ᠬᠥᠮᠥᠨ ᠬᠡᠷᠡᠭᠰᠡᠬᠦ ᠦᠭᠡᠢ ᠪᠡᠷ ᠮᠠᠰᠢᠨ ᠲᠡᠷᠭᠡᠨ᠎ᠤ  ᠬᠦᠭᠵᠢᠯᠳᠡ ᠵᠢ ᠳᠠᠭᠠᠯᠳᠤᠨ᠂ ᠸᠠᠩ ᠬᠣᠩ ᠮᠧᠶ ᠨᠡᠶ᠋ᠢᠲᠡ᠎ᠶᠢᠨ ᠮᠠᠰᠢᠨ ᠲᠡᠷᠭᠡᠨ᠎ᠦ ᠵᠢᠯᠣᠭᠣᠴᠢ ᠪᠤᠯᠬᠤ ᠪᠤᠳᠤᠯ ᠲᠠᠢ ᠪᠤᠯᠵᠠᠢ᠃ 20 ᠭᠠᠷᠤᠢ ᠵᠢᠯ᠎ᠦᠨ ᠡᠮᠦᠨ᠎ᠡ᠂ ᠲᠣᠮᠣ᠌ ᠠᠶᠠᠨᠴᠢᠳ᠎ᠤᠨ ᠮᠠᠰᠢᠨ ᠲᠡᠷᠭᠡᠨ᠎ᠦ ᠵᠢᠯᠣᠭᠣᠴᠢ᠎ᠶᠢᠨ ᠦᠨᠡᠮᠯᠡᠯ᠎ᠢ ᠰᠢᠯᠭᠠᠨ ᠠᠪᠬᠤ ᠶᠠᠪᠤᠲᠠᠯ ᠢ᠋ ᠨᠢᠭᠡᠨ ᠮᠠᠰᠢ ᠬᠠᠲᠠᠭᠤ ᠪᠡᠷᠬᠡᠰᠢᠶᠡᠯᠲᠡᠢ ᠥᠷᠢᠰᠦᠯᠳᠦᠭᠡᠨ ᠪᠠᠢᠵᠦ᠂ ᠵᠠᠯᠠᠭᠤᠷ ᠨᠢ ᠮᠠᠰᠢ ᠬᠦᠨᠳᠦ᠂ ᠭᠠᠷ᠎ᠤᠨ ᠲᠤᠬᠤᠢ ᠢ᠋ᠢᠨ ᠬᠦᠴᠦ᠎ᠪᠡᠷ ᠯᠡ ᠴᠢᠭᠯᠡᠯ᠎ᠢ ᠡᠵᠡᠮᠳᠡᠵᠦ᠂ ᠵᠠᠭᠤᠷᠠᠪᠴᠢ ᠨᠢ ᠨᠡᠩ ᠴᠤ᠌ ᠲᠡᠮᠦᠷ ᠬᠠᠪᠲᠠᠰᠤ ᠰᠢᠭ᠋᠂ ᠬᠢᠰᠬᠢᠬᠦ ᠪᠤᠯᠭᠠᠨ ᠪᠦᠷ ᠮᠠᠰᠢᠨ ᠮᠧᠬᠠᠨᠢᠭ᠋᠎ᠲᠠᠢ ᠦᠵᠡᠯᠴᠡᠭᠡᠨ ᠬᠢᠵᠦ ᠪᠠᠢᠬᠤ ᠰᠢᠭ᠋ ᠪᠠᠢᠳᠠᠬ᠂ ᠸᠠᠩ ᠬᠣᠩ ᠮᠧᠶ ᠡᠩ᠎ᠦᠨ ᠬᠥᠮᠥᠨ᠎ᠡᠴᠡ ᠬᠤᠪᠢ ᠲᠠᠬᠢᠨ ᠢᠯᠡᠭᠦᠦ ᠴᠢᠷᠮᠠᠢᠯᠭ᠎ᠠ ᠭᠠᠷᠭᠠᠵᠤ ᠂ 2002 ᠣᠨ᠎ᠤ ᠰᠡᠭᠦᠯᠴᠢ᠎ᠪᠡᠷ ᠨᠡᠶ᠋ᠢᠲᠡ᠎ᠶᠢᠨ ᠮᠠᠰᠢᠨ ᠲᠡᠷᠭᠡᠨ᠎ᠦ ᠵᠢᠯᠣᠭᠣᠴᠢ ᠪᠣᠯᠪᠠ᠃

1 ᠳ᠋ᠤᠭᠡᠷ ᠵᠠᠮ᠎ᠤᠨ ᠨᠡᠢᠲᠡ᠎ᠶ᠋ᠢᠨ ᠮᠠᠱᠢᠨ ᠲᠡᠷᠭᠡ ᠪᠣᠯ ᠤᠯᠠᠭᠠᠨᠬᠠᠳᠠ ᠬᠤᠲᠠ᠎ᠶᠢᠨ ᠬᠣᠲᠠ᠎ᠶ᠋ᠢᠨ ᠲᠣᠭᠣᠷᠢᠭ᠎ᠲᠤ ᠬᠠᠮᠤᠭ᠎ᠤᠨ ᠡᠷᠲᠡ ᠡᠵᠡᠩᠨᠡᠵᠦ᠍ ᠪᠠᠢᠭ᠍ᠰᠠᠨ ᠨᠡᠢᠲᠡ᠎ᠶ᠋ᠢᠨ ᠮᠠᠱᠢᠨ ᠲᠡᠷᠭᠡᠨ᠎ᠦ ᠵᠠᠮ ᠱᠤᠭᠤᠮ᠎ᠤᠨ ᠨᠢᠭᠡ ᠪᠣᠯᠤᠨ᠎ᠠ᠂ ᠠᠩᠬ᠎ᠠ ᠡᠬᠢᠨ᠎ᠳᠡᠭᠡᠨ 50 ᠭᠠᠷᠤᠶ ᠬᠥᠮᠦᠨ ᠲᠡᠭᠡᠭᠡᠭ᠌ᠰᠡᠨ ᠲᠣᠰᠣ ᠱᠢᠲᠠᠭᠠᠬᠤ ᠮᠠᠰᠢᠨ ᠲᠡᠷᠭᠡ ᠪᠠᠢᠵᠦ᠂ ᠲᠡᠷᠭᠡᠨ ᠳᠡᠭᠡᠷ᠎ᠡ ᠠᠭᠠᠷ ᠲᠣᠬᠢᠷᠠᠭᠤᠯᠤᠭ᠍ᠴᠢ ᠪᠠᠢᠬᠤ ᠥᠬᠡᠶ᠂ ᠠᠭᠠᠭᠢᠮ᠎ᠠ ᠬᠠᠯᠠᠭᠤᠨ ᠵᠣᠨ᠎ᠤ ᠤᠯᠠᠷᠢᠯ᠎ᠳᠤ ᠲᠡᠷᠭᠡᠨ ᠳᠣᠲᠣᠷᠠᠬᠢ ᠳᠤᠯᠠᠭᠠᠨ᠎ᠤ ᠬᠡᠮᠵᠢᠶ᠎ᠡ ᠨᠢ ᠦᠷᠭᠦᠯᠵᠢ 40 ᠭᠷᠠᠳᠦ᠋ᠰ᠎ᠲᠦ ᠭᠥᠷᠳᠡᠭ᠃ ᠵᠠᠯᠠᠭᠤᠷ᠎ᠲᠦ ᠳᠤᠰᠠᠯᠠᠬᠤ ᠬᠦᠴᠦ᠍ ᠦᠭᠡᠢ ᠪᠤᠯᠬᠤᠷ ᠡᠷᠭᠢᠬᠦᠯᠬᠦ᠎ᠳᠦ ᠬᠦᠨᠳᠦ ᠪᠠᠢᠳᠠᠭ᠂ ᠬᠥᠮᠦᠨ ᠤᠯᠠᠨ  ᠲᠡᠷᠭᠡ ᠬᠦᠨᠳᠦ ᠦᠶᠡᠰ ᠨᠡᠩ ᠬᠦᠴᠢᠷᠳᠡᠨ᠎ᠡ᠂ ᠬᠠᠭᠠᠰ ᠡᠳᠦᠷ᠎ᠦᠨ ᠡᠭᠡᠯᠵᠢ ᠪᠠᠭᠤᠬᠤ᠎ᠳᠤ᠂ ᠸᠠᠩ ᠬᠣᠩ ᠮᠧᠢ᠎ᠶ᠋ᠢᠨ ᠭᠠᠷ ᠨᠢ ᠮᠢᠨᠴᠦᠭᠦᠷᠡᠨ ᠡᠪᠡᠳᠳᠡᠭ᠃

ᠡᠪᠦᠯ᠎ᠦᠨ ᠤᠯᠠᠷᠢᠯ᠎ᠳᠤ᠂ ᠡᠳᠦᠷ ᠪᠦᠷᠢ᠎ᠶ᠋ᠢᠨ ᠥᠷᠯᠥᠭᠡ᠎ᠶ᠋ᠢᠨ 5 ᠴᠠᠭ᠎ᠲᠤ ᠨᠡᠢᠲᠡ᠎ᠶ᠋ᠢᠨ ᠮᠠᠱᠢᠨ ᠲᠡᠷᠭᠡᠨ᠎ᠳᠤ ᠤᠰᠤ ᠨᠡᠮᠡᠵᠦ᠍᠂ ᠣᠷᠣᠶ᠎ᠶ᠋ᠢᠨ 7 ᠴᠠᠭ᠎ᠲᠤ ᠠᠵᠢᠯ᠎ᠠᠴᠠ ᠪᠠᠭᠤᠭ᠍ᠰᠠᠨ᠎ᠤ ᠳᠠᠷᠠᠭ᠎ᠠ ᠮᠠᠰᠢᠨ ᠲᠡᠷᠭᠡᠨ᠎ᠤ ᠤᠰᠤ ᠵᠢ ᠲᠠᠯᠪᠢᠨ᠎ᠠ᠂ ᠡᠰᠡ ᠲᠡᠭᠡᠪᠡᠯ ᠨᠢᠭᠡ ᠰᠥᠨᠢ᠎ᠶ᠋ᠢᠨ ᠬᠣᠭᠣᠷᠣᠨᠳᠣ ᠤᠰᠤᠨ ᠰᠠᠪᠠ ᠬᠥᠯᠳᠡᠵᠦ᠍ ᠡᠪᠳᠡᠷᠡᠬᠦ᠌ ᠪᠣᠯᠤᠨ᠎ᠠ᠃ ᠬᠡᠳᠦᠢᠪᠡᠷ ᠡᠢᠮᠦ᠍ ᠪᠣᠯᠪᠠᠴᠤ᠌᠂ ᠸᠠᠩ ᠬᠣᠩ ᠮᠧᠶ ᠶᠡᠷᠦ᠍᠎ᠡᠴᠡ ᠭᠣᠮᠣᠳᠠᠯ ᠲᠣᠭᠠᠴᠢᠵᠤ ᠥᠩᠭᠡᠷᠡᠭ᠌ᠰᠡᠨ ᠦᠭᠡᠢ᠃ ᠲᠡᠷᠡ᠄ 《ᠨᠡᠢᠲᠡ᠎ᠶ᠋ᠢᠨ ᠮᠠᠱᠢᠨ ᠲᠡᠷᠭᠡ᠎ᠶ᠋ᠢ ᠥᠪᠡᠷ᠎ᠦᠨ ᠦᠷ᠎ᠡ  ᠬᠡᠦᠬᠡᠳ᠎ᠢᠶᠡᠨ ᠭᠡᠵᠦ ᠦᠵᠡᠪᠡᠯ ᠳᠤᠷ᠎ᠠ ᠦᠭᠡᠢᠴᠡᠬᠦ᠌ ᠰᠡᠳᠭᠢᠯᠭᠡ ᠥᠬᠡᠶ ᠪᠣᠯᠤᠨ᠎ᠠ᠂ ᠨᠡᠢᠲᠡ᠎ᠶ᠋ᠢᠨ ᠮᠠᠱᠢᠨ ᠲᠡᠷᠭᠡ᠎ᠶ᠋ᠢ ᠰᠠᠢᠲᠤᠷ ᠬᠠᠮᠠᠭᠠᠯᠠᠪᠠᠯ ᠰᠠᠶᠢ ᠠᠶᠠᠨᠴᠢᠳ᠎ᠲᠤ ᠨᠠᠩ ᠰᠠᠢᠨ ᠦᠶ᠋ᠯᠡᠴᠢᠯᠡᠵᠦ᠍ ᠴᠢᠳᠠᠨ᠎ᠠ》 ᠭᠡᠯ᠎ᠡ᠃

2023 ᠤᠨ᠎ᠳᠦ᠂ ᠸᠠᠩ ᠬᠣᠩ ᠮᠧᠢ ᠭᠠᠷᠮᠠᠭᠠᠢ ᠵᠢᠯᠣᠭᠣᠳᠭᠤ ᠮᠡᠷᠭᠡᠵᠢᠯ᠂ ᠱᠢᠯᠢᠳᠡᠭ ᠦᠢᠯᠡᠴᠢᠯᠡᠭᠡ᠎ᠪᠡᠷ᠎ᠢᠶᠡᠨ ᠵᠠᠭᠤᠨ ᠲᠦᠮᠡᠨ ᠺᠢᠯᠦᠮᠸᠲᠷ᠎ᠤᠨ ᠠᠶᠠᠨ᠎ᠳᠤ ᠡᠨᠳᠡᠯ ᠭᠠᠷᠭᠠᠬᠰᠠᠨ ᠦᠭᠡᠢ᠂ ᠲᠦᠷᠢᠮ᠎ᠡᠴᠡ ᠵᠥᠷᠢᠴᠡᠭ᠌ᠰᠡᠨ ᠦᠭᠡᠢ᠂ ᠵᠠᠭᠠᠯᠳᠤᠭ᠍ᠳᠠᠬᠰᠠᠨ ᠦᠭᠡᠢ 《ᠭᠤᠷᠪᠠ ᠦᠭᠡᠢ》 ᠵᠢᠨ ᠲᠡᠮᠳᠡᠭ᠌ᠯᠡᠯ᠎ᠢ ᠡᠭᠦᠳᠪᠡ᠃

《ᠤᠯᠠᠭᠠᠨᠬᠠᠳᠠ ᠬᠤᠲᠠ᠎ᠶ᠋ᠢᠨ ᠨᠡᠢᠲᠡ᠎ᠶ᠋ᠢᠨ ᠮᠠᠱᠢᠨ ᠲᠡᠷᠭᠡ ᠴᠢᠨᠠᠭ᠍ᠰᠢᠯᠠᠪᠠᠯ ᠬᠤᠳᠠ᠎ᠶ᠋ᠢᠨ ᠬᠥᠭ᠌ᠵᠢᠯᠲᠡ᠎ᠶ᠋ᠢᠨ ᠶᠠᠪᠤᠴᠠ᠎ᠶ᠋ᠢ ᠪᠢ ᠣᠯᠵᠤ ᠬᠠᠷᠠᠯ᠎ᠠ᠂ ᠰᠠᠭᠤᠭᠠᠯᠢ ᠠᠷᠠᠳ᠎ᠤᠨ ᠶᠠᠪᠤᠵᠤ ᠰᠠᠭᠤᠬᠤ ᠨᠢ ᠶᠠᠪᠤᠬᠤ ᠳᠤᠳᠤᠮ ᠳᠥᠭᠥᠮ ᠳᠥᠲᠡ ᠪᠤᠯᠵᠤ ᠪᠠᠢᠨ᠎ᠠ》 ᠭᠡᠵᠦ ᠸᠠᠩ ᠬᠣᠩ ᠮᠧᠶ ᠬᠡᠯᠡᠨ᠎ᠠ᠃ ᠨᠡᠢᠲᠡ᠎ᠶ᠋ᠢᠨ ᠮᠠᠱᠢᠨ ᠲᠡᠷᠭᠡ ᠬᠣᠲᠠ᠎ᠶ᠋ᠢᠨ ᠵᠡᠭᠡᠯᠢ ᠭᠤᠳᠤᠮᠵᠢ᠎ᠪᠠᠷ ᠰᠦᠯᠵᠢᠯᠳᠦᠵᠦ᠍᠂ ᠵᠢᠯᠣᠭᠣᠴᠢ᠎ᠨᠢ ᠬᠣᠲᠠ᠎ᠶ᠋ᠢᠨ ᠠᠷᠠᠳ᠎ᠤᠨ ᠶᠠᠪᠤᠵᠤ ᠰᠠᠭᠤᠬᠤ ᠠᠮᠤᠷ ᠲᠦᠪᠱᠢᠨ᠎ᠢ ᠪᠠᠲᠤᠯᠠᠬᠤ ᠴᠢᠬᠤᠯᠠ ᠬᠠᠷᠢᠭᠤᠴᠠᠯᠭ᠎ᠠ᠎ᠶ᠋ᠢ ᠡᠭᠦᠷᠭᠡᠯᠡᠵᠦ᠍ ᠪᠠᠢᠳᠠᠭ᠂ ᠲᠡᠬᠦᠨ᠎ᠤ ᠳ᠋ᠦᠩᠨᠡᠵᠦ᠍ ᠭᠠᠷᠭᠠᠭ᠍ᠰᠠᠨ 《ᠠᠯᠭᠤᠷ᠎ᠢᠶᠠᠷ ᠡᠬᠢᠯᠡᠭᠦᠯᠵᠦ᠍᠂ ᠬᠦᠩᠭᠡᠪᠳᠦᠷ ᠲᠠᠰ᠎ᠨᠡᠮᠡᠵᠦ᠂ ᠳᠤᠮᠳᠠ ᠬᠤᠷᠳᠤᠴᠠ᠎ᠪᠠᠷ ᠲᠤᠪᠳᠤᠯᠤᠭᠤᠯᠬᠤ》 ᠲᠣᠰᠣ ᠠᠷᠪᠢᠯᠠᠬᠤ ᠪᠦᠲᠦᠮᠵᠢᠲᠡᠶ ᠠᠷᠭ᠎ᠠ ᠪᠠ ᠵᠢᠯᠣᠭᠣᠳᠭᠤ ᠲᠤᠷᠱᠢᠯᠭ᠎ᠠ᠎ᠶ᠋ᠢ ᠡᠯ᠎ᠡ ᠡᠵᠡᠩᠨᠡᠯᠲᠡ᠎ᠶ᠋ᠢᠨ ᠬᠤᠪᠢᠶᠠᠷᠢ ᠺᠣᠮᠫᠠᠨᠢ᠎ᠶ᠋ᠢᠨ ᠮᠠᠰᠢᠨ ᠲᠡᠷᠭᠡᠨ ᠳᠤᠭᠤᠢᠯᠠᠩ ᠥᠷᠭᠡᠨ᠎ᠢᠶᠡᠷ ᠬᠡᠷᠡᠭ᠌ᠵᠢᠭᠦᠯᠵᠦ᠍᠂ ᠲᠡᠭᠦᠨ᠎ᠦ ᠲᠡᠷᠭᠡᠨ ᠳᠤᠭᠤᠢᠯᠠᠩ᠎ᠨᠢ ᠪᠥᠬᠥ᠌ ᠺᠣᠮᠫᠠᠨᠢ᠎ᠶ᠋ᠢᠨ ᠮᠧᠬᠠᠨᠢᠭ᠎ᠤᠨ ᠴᠢᠳᠠᠮᠵᠢ᠎ᠪᠠᠷ ᠬᠠᠮᠤᠭ᠎ᠤᠨ ᠰᠠᠢᠨ᠂ ᠮᠠᠰᠢᠨ ᠲᠡᠷᠭᠡᠨ᠎ᠦ ᠳᠦᠷᠢ ᠲᠥᠷᠬᠦ᠌᠎ᠨᠢ ᠬᠠᠮᠤᠭ᠎ᠤᠨ ᠰᠠᠢᠨ᠂ ᠦᠶ᠋ᠯᠡᠴᠢᠯᠡᠭᠡᠨ᠎ᠦ ᠶᠠᠰᠤ ᠴᠢᠨᠠᠷ᠎ᠨᠢ ᠲᠡᠷᠢᠭᠦᠨ ᠵᠡᠷᠭᠡ᠎ᠶ᠋ᠢᠨ ᠪᠠᠢᠳᠠᠭ᠃

《ᠮᠠᠰᠢᠨ ᠲᠡᠷᠭᠡ ᠵᠢᠯᠣᠭᠣᠳᠭᠤ ᠦᠶᠡᠰ ᠪᠢ ᠴᠠᠭ ᠢᠮᠠᠭ᠍ᠲᠠ ᠥᠪᠡᠷ᠎ᠢ᠎ᠪᠡᠨ ᠯᠠᠪᠳᠠᠭᠤᠨ ᠪᠠᠢᠬᠤ᠎ᠶ᠋ᠢ ᠰᠠᠨᠠᠭᠤᠯᠵᠤ᠂ ᠠᠶᠠᠨᠴᠢᠤᠨ᠎ᠤᠨ ᠠᠮᠤᠷ ᠲᠦᠪᠰᠢᠨ᠎ᠢ ᠬᠠᠷᠢᠭᠤᠴᠠᠵᠦ᠂ ᠠᠷᠭ᠎ᠠ ᠪᠤᠰᠤ ᠪᠠᠴᠢᠮ ᠪᠠᠢᠳᠠᠯ ᠲᠤᠤᠷ᠎ᠠ ᠰᠠᠶ᠍ᠢ ᠮᠠᠰᠢᠨ ᠲᠡᠷᠬᠡ᠎ᠶᠢ ᠲᠦᠷᠭᠡᠨ ᠵᠤᠬᠰᠤᠭᠠᠵᠦ᠂ ᠵᠤᠬᠰᠤᠵᠦ ᠪᠠᠢᠭ᠎ᠠ ᠠᠶᠠᠨᠴᠢᠳ᠎ᠲᠤ ᠵᠤᠬᠢᠬᠤ ᠴᠠᠭ ᠥᠭᠳᠡᠭ》 ᠭᠡᠵᠦ ᠲᠠᠪᠤᠨ ᠣᠳᠣᠨ ᠲᠠᠰ᠎ᠤᠨ ᠵᠢᠯᠣᠭᠣᠴᠢ ᠸᠠᠩ ᠬᠣᠩ ᠮᠧᠶ ᠥᠪᠡᠷ᠎ᠦᠨ ᠬᠠᠢᠷ᠎ᠠ ᠬᠠᠯᠠᠮᠵᠢ᠂ ᠬᠦᠯᠢᠴᠡᠩᠭᠦᠶ᠂ ᠨᠠᠷᠢᠨ ᠬᠢᠨᠠᠮᠠᠭᠠᠶ᠂ ᠬᠠᠯᠠᠭᠤᠨ ᠰᠡᠳᠭᠢᠯ᠎ᠢᠶᠡᠷ᠎ᠢᠶᠡᠨ ᠠᠶᠠᠨᠴᠢᠳ ᠨᠢᠭᠡ ᠪᠦᠷᠢ᠎ᠶ᠋ᠢ ᠳᠤᠯᠠᠭᠠᠴᠠᠭᠤᠯᠵᠤ ᠪᠠᠢᠯ᠎ᠠ᠃

ᠸᠠᠩ ᠬᠣᠩ ᠮᠧᠶ ᠡᠷᠭᠢᠴᠡᠭᠦᠯᠬᠦ᠌᠎ᠳᠡᠭᠡᠨ᠂ ᠡᠨᠡ ᠵᠢᠯ᠎ᠦᠨ ᠴᠠᠭᠠᠨ ᠰᠠᠷ᠎ᠠ᠎ᠶ᠋ᠢᠨ ᠵᠥᠭᠡᠭᠡᠪᠦᠷᠢ᠎ᠶ᠋ᠢᠨ ᠬᠤᠭᠤᠴᠠᠭᠠᠨ᠎ᠳᠤ᠂ ᠤᠯᠠᠭᠠᠨᠬᠠᠳᠠ ᠬᠤᠲᠠ᠎ᠶ᠋ᠢᠨ ᠡᠮᠦᠨ᠎ᠡ ᠥᠷᠲᠡᠭᠡ᠎ᠶ᠋ᠢᠨ ᠨᠡᠢᠲᠡ᠎ᠶ᠋ᠢᠨ ᠮᠠᠱᠢᠨ ᠲᠡᠷᠭᠡᠨ᠎ᠦ ᠥᠷᠲᠡᠭᠡ᠎ᠳᠦ ᠨᠢᠭᠡ ᠡᠮᠡᠭ᠌ᠲᠡᠶ  ᠪᠢᠷ ᠴᠠᠭᠠᠰᠤ ᠠᠳᠭᠤᠨ᠄ 《ᠰᠠᠨ ᠶᠠᠨ ᠵᠢᠩ ᠳ᠋ᠤ ᠶᠠᠭᠠᠬᠢᠵᠤ ᠬᠥᠷᠬᠥ᠌ ᠪᠣᠶ?》 ᠭᠡᠵᠦ ᠪᠢᠴᠢᠬᠦᠯᠡᠷ ᠸᠠᠩ ᠬᠣᠩ ᠮᠧᠶ ᠲᠡᠭᠦᠨ᠎ᠢ ᠰᠣᠨᠣᠷ᠎ᠤᠨ ᠰᠠᠭᠠᠳ᠎ᠲᠠᠶ ᠬᠥᠮᠦᠨ ᠭᠡᠵᠦ᠍ ᠮᠡᠳᠡᠭ᠌ᠰᠡᠨ᠎ᠤ ᠳᠠᠷᠠᠭ᠎ᠠ᠂ ᠳᠣᠬᠢᠶᠠᠨ᠎ᠤ ᠳ᠋ᠧᠩ ᠬᠦᠯᠢᠶᠡᠬᠦ᠌ ᠴᠠᠭ᠎ᠢ ᠠᠱᠢᠭ᠍ᠯᠠᠨ᠂ ᠸᠠᠩ ᠬᠣᠩ ᠮᠧᠢ ᠳᠡᠪᠲᠡᠷ ᠳᠡᠭᠡᠷ᠎ᠡ ᠲᠡᠭᠦᠨ᠎ᠤ ᠲᠡᠷᠭᠡ ᠰᠣᠯᠢᠬᠤ ᠵᠠᠮ ᠱᠤᠭᠤᠮ ᠪᠠ ᠴᠢᠭ᠌ᠯᠡᠯ᠎ᠢ ᠨᠠᠷᠢᠨ ᠪᠢᠴᠢᠵᠦ᠍ ᠦᠭᠬᠦᠭᠰᠡᠨ ᠪᠠᠢᠨ᠎ᠠ᠃ ᠦᠨᠦᠬᠢ ᠰᠤᠨᠤᠷ᠎ᠤᠨ ᠰᠠᠭᠠᠳ ᠲᠠᠢ ᠠᠶᠠᠨᠴᠢᠨ ᠮᠠᠰᠢᠨ ᠲᠡᠷᠭᠡᠨ᠎ᠡᠴᠡ ᠪᠠᠭᠤᠬᠤ ᠦᠶᠡᠰ᠂ ᠸᠠᠩ ᠬᠣᠩ ᠮᠧᠢ᠎ᠶ᠋ᠢᠨ ᠲᠡᠰᠪᠦᠷᠢ ᠵᠦᠭᠡᠯᠡᠨ ᠵᠠᠩ ᠠᠭᠠᠯᠢ ᠪᠣᠯᠤᠨ ᠨᠠᠷᠢᠨ ᠬᠢᠨᠠᠮᠠᠭᠠᠢ ᠤᠪᠤᠷ᠎ᠲᠤ ᠲᠠᠯᠠᠷᠬᠠᠨ ᠡᠷᠡᠬᠡᠢ  ᠭᠤᠵᠤᠢᠯᠭᠠᠨ᠎ᠠ᠃

ᠭᠠᠷᠮᠠᠭᠠᠶ ᠵᠢᠯᠣᠭᠣᠳᠭᠤ ᠮᠡᠷᠭᠡᠵᠢᠯ ᠪᠠ ᠬᠠᠯᠠᠭᠤᠮᠰᠤᠭ ᠦᠶ᠋ᠯᠡᠴᠢᠯᠡᠬᠡ ᠪᠠᠷ ᠸᠠᠩ ᠬᠣᠩ ᠮᠧᠶ ᠵᠠᠮ ᠱᠤᠭᠤᠮ᠎ᠤᠨ ᠠᠡᠭᠬᠢ ᠵᠢᠨ ᠳᠠᠷᠤᠭ᠎ᠠ᠎ᠪᠠᠷ ᠰᠣᠩᠭᠣᠭᠲᠠᠪᠠ᠃ ᠡᠭᠦᠨ᠎ᠡᠴᠡ ᠰᠡᠭᠦᠯᠡᠷ᠂ ᠲᠡᠷᠡ ᠦᠶ᠋ᠯᠡᠴᠢᠯᠡᠭᠡᠨ᠎ᠦ ᠵᠠᠮ ᠳᠡᠭᠡᠷ᠎ᠡ ᠲᠠᠰᠤᠷᠠᠯᠲᠠ ᠥᠬᠡᠶ ᠬᠠᠢᠨ ᠰᠦᠪᠡᠭ᠌ᠴᠢᠯᠡᠵᠦ᠍᠂ ᠲᠦᠷᠦᠭᠦᠯᠡᠨ ᠮᠠᠰᠢᠨ ᠲᠡᠷᠭᠡᠨ ᠳᠡᠭᠡᠷ᠎ᠡ ᠠᠶᠠᠨᠴᠢᠳ᠎ᠲᠤ 《ᠬᠠᠢᠷ᠎ᠠ ᠬᠠᠯᠠᠮᠵᠢ ᠬᠦᠷᠭᠡᠬᠦ᠌ ᠬᠠᠢᠷᠴᠠᠭ》 ᠢ᠋ ᠪᠡᠯᠡᠳᠭᠡᠵᠤ ᠂ ᠳᠣᠲᠣᠷ᠎ᠠ᠎ᠨᠢ ᠲᠡᠷᠭᠡᠨ᠎ᠳᠦ ᠬᠠᠷᠱᠢᠬᠤ ᠡᠮ᠂ ᠱᠢᠷᠬᠠᠨ᠎ᠤ ᠨᠠᠭᠠᠯᠲᠠ᠂ ᠢᠣᠳ᠋ ᠸᠣᠯᠲ᠂ ᠴᠣᠺᠣᠯᠠᠳ᠋ ᠵᠡᠷᠭᠡ ᠪᠣᠳᠠᠰ ᠪᠠᠢᠵᠤ᠂ ᠲᠡᠷᠭᠡᠨ᠎ᠳᠦ ᠬᠠᠷᠱᠢᠬᠤ ᠠᠶᠠᠨᠴᠢᠳ᠂ ᠭᠡᠨᠡᠳᠲᠡ ᠴᠢᠰᠤᠨ ᠱᠢᠬᠢᠷ ᠳᠤᠤᠷ᠎ᠠ ᠪᠣᠯᠤᠭᠰᠠᠨ ᠠᠶᠠᠨᠴᠢᠳ᠎ᠲᠤ ᠣᠯᠠᠨ ᠤᠳᠠᠭ᠎ᠠ ᠲᠥᠬᠥᠮ ᠦᠵᠡᠭᠦᠯᠦᠭ᠌ᠰᠡᠨ᠎ᠦ ᠬᠠᠮᠲᠤ ᠪᠠᠰᠠ ᠠᠷᠠᠳ᠎ᠲᠤ ᠲᠥᠬᠥᠮ ᠦᠵᠡᠭᠦᠯᠬᠦ᠌ ᠱᠢᠬᠦᠷ ᠲᠣᠬᠢᠷᠠᠭᠤᠯᠵᠤ᠂ ᠠᠶᠠᠨᠴᠢᠳ᠎ᠲᠤ ᠭᠡᠨᠡᠳᠲᠡ᠎ᠶ᠋ᠢᠨ ᠬᠡᠷᠡᠭ᠌ᠴᠡᠭᠡ᠎ᠶ᠋ᠢ ᠱᠢᠶ᠋ᠳᠪᠦᠷᠢᠯᠡᠨ ᠥᠭ᠌ᠴᠦ᠂ ᠠᠶᠠᠨᠴᠢᠳ᠎ᠤᠨ ᠰᠠᠢᠨ ᠦᠨᠡᠯᠡᠯᠲᠡ᠎ᠶ᠋ᠢ ᠣᠯᠵᠠᠢ᠃

ᠬᠠᠯᠠᠭᠤᠨ ᠳᠤᠯᠠᠭᠠᠨ ᠨᠢ ᠭᠠᠭ᠍ᠴᠠ ᠴᠢᠭᠯᠡᠯ᠎ᠤᠨ ᠪᠢᠰᠢ᠂ ᠬᠠᠷᠢᠨ ᠬᠠᠷᠢᠯᠴᠠᠨ ᠲᠤᠯᠠᠭᠠᠴᠠᠭᠤᠯᠲᠠᠭ᠃ ᠸᠠᠩ ᠬᠣᠩ ᠮᠧᠶ ᠬᠡᠯᠡᠬᠦ᠌᠎ᠳᠡᠭᠡᠨ᠂ ᠵᠠᠮ᠎ᠤᠨ ᠠᠭᠤᠯᠵᠠᠷ᠎ᠤᠨ ᠡᠷᠢᠶᠡᠨ ᠱᠤᠭᠤᠮ᠎ᠤᠨ ᠡᠮᠦᠨ᠎ᠡ ᠰᠠᠨᠠᠭᠠᠴᠢᠯᠠᠭ᠎ᠠ᠎ᠠᠴᠠ᠎ᠪᠠᠨ ᠲᠡᠷᠭᠡ ᠵᠣᠭ᠍ᠰᠣᠭᠠᠨ ᠶᠠᠪᠠᠭᠠᠨ ᠬᠥᠮᠤᠰ ᠲᠸ᠋ ᠨᠠᠢᠷ ᠲᠠᠯᠪᠢᠬᠤ ᠪᠤᠯᠭᠠᠨ ᠳ᠋ᠤ᠂ ᠵᠠᠷᠢᠮ ᠵᠠᠮ᠎ᠤᠨ ᠬᠥᠮᠦᠨ ᠠᠯᠠᠭ᠎ᠠ ᠬᠠᠪᠰᠤᠷᠭᠠᠨ᠂ ᠵᠠᠷᠢᠮ ᠨᠢ ᠲᠡᠭᠦᠨ᠎ᠦ ᠵᠦᠭ ᠭᠠᠷ ᠳᠠᠯᠠᠯᠤᠨ ᠲᠠᠯᠠᠷᠬᠠᠯ᠎ᠢᠶᠠᠨ ᠢᠯᠡᠳᠭᠡᠵᠦ᠍᠂ ᠪᠠᠰᠠ ᠵᠠᠷᠢᠮ ᠰᠣᠷᠣᠭ᠍ᠴᠢᠳ ᠲᠡᠭᠦᠨ᠎ᠳᠦ ᠲᠤᠯᠤᠭᠠᠢ ᠪᠦᠬᠦᠢᠨ ᠶᠣᠰᠣᠯᠠᠲᠠᠭ᠃ 《ᠳᠥᠭᠥᠮᠬᠡᠨ ᠶᠠᠪᠤᠳᠠᠯ᠎ᠢ ᠲᠠᠬᠢᠨ ᠳᠠᠪᠲᠠᠨ ᠬᠢᠵᠤ᠂ ᠪᠤᠳᠤᠯᠢᠶᠠᠨᠲᠠᠶ ᠶᠠᠪᠤᠲᠠᠯ᠎ᠢ ᠰᠡᠳᠭᠢᠯ ᠲᠠᠯᠪᠢᠨ ᠬᠢᠨ᠎ᠡ᠃ ᠡᠳᠡᠭᠡᠷ ᠨᠢ ᠪᠦᠷ ᠮᠢᠨᠦ᠍ ᠠᠵᠢᠯ᠎ᠢ ᠨᠤᠲᠠᠯᠠᠵᠤ ᠪᠠᠢᠨ᠎ᠠ᠂ ᠪᠢ ᠦᠶ᠋ᠯᠡᠴᠢᠯᠡᠭᠡᠨ᠎ᠦ ᠶᠠᠰᠦ ᠴᠢᠨᠠᠷ᠎ᠢᠶᠠᠨ ᠲᠠᠰᠤᠷᠠᠯᠲᠠ ᠦᠭᠡᠢ ᠳᠡᠭᠡᠭ᠌ᠰᠢᠯᠡᠭᠦᠯᠵᠦ᠍᠂ ᠠᠶᠠᠨᠴᠢᠳ ᠤ᠋ᠨ ᠶᠠᠪᠤᠵᠤ ᠰᠠᠭᠤᠬᠤ᠎ᠳᠤ ᠨᠠᠩ ᠰᠠᠢᠨ ᠦᠶ᠋ᠯᠡᠴᠢᠯᠡᠬᠡ ᠬᠦᠷᠬᠡᠨ᠎ᠠ》 ᠭᠡᠵᠦ᠍ ᠸᠠᠩ ᠬᠣᠩ ᠮᠧᠢ ᠰᠡᠳᠭᠢᠯ ᠲᠤᠭᠲᠤᠯᠤᠡᠭᠭᠤᠢ ᠶᠠᠷᠢᠪᠠ᠃

ᠡᠨᠡ ᠵᠢᠯ᠎ᠦᠨ《5·1》 ᠤ᠋ ᠳᠡᠯᠡᠬᠡᠢ᠎ᠶ᠋ᠢᠨ ᠬᠥᠳᠡᠯᠮᠦᠷᠢᠴᠢᠳ᠎ᠦᠨ ᠪᠠᠶᠠᠷ᠎ᠠᠴᠠ ᠡᠮᠦᠨᠡᠬᠡᠨ᠂ ᠸᠠᠩ ᠬᠣᠩ ᠮᠧᠢ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠥᠳᠡᠯᠮᠦᠷᠢ᠎ᠶ᠋ᠢᠨ ᠵᠢᠱ᠌ᠢᠶᠡᠴᠢ》 ᠵᠢᠨ ᠢᠷᠠᠭᠤ ᠠᠯᠳᠠᠷ᠎ᠢ ᠬᠦᠷᠳᠡᠪᠡ᠂ ᠡᠨᠡ ᠨᠢ ᠲᠡᠭᠦᠨ᠎ᠦ ᠤᠯᠠᠨ ᠵᠢᠯ᠎ᠢ ᠨᠢᠬᠡ ᠡᠲᠤᠷ ᠮᠠᠲᠤ ᠱᠢᠷᠭᠠᠭᠤ ᠬᠠᠲᠠᠭᠤᠵᠢᠯᠲᠠᠢ ᠠᠵᠢᠯᠯᠠᠭ᠍ᠰᠠᠨ᠎ᠳᠤ ᠥᠭ᠌ᠭᠦᠭ᠌ᠰᠡᠨ ᠦᠨᠡᠯᠡᠯᠲᠡ ᠪᠣᠯᠤᠨ᠎ᠠ᠃ ᠢᠷᠠᠭᠤ ᠠᠯᠳᠠᠷ᠎ᠤᠨ ᠡᠮᠦᠨ᠎ᠡ᠂ ᠸᠠᠩ ᠬᠣᠩ ᠮᠧᠶ ᠵᠣᠬᠢᠶᠠᠨ ᠪᠠᠢᠭᠤᠯᠤᠯᠲᠠ᠎ᠶ᠋ᠢᠨ ᠬᠥᠮᠦᠵᠢᠯ ᠤ᠋ᠨ ᠠᠴᠢ ᠡᠨᠡᠷᠢᠯ᠂ ᠬᠠᠮᠲᠤ ᠠᠵᠢᠯᠯᠠᠭᠰᠡᠳ ᠤ᠋ᠨ ᠬᠠᠢᠷ᠎ᠠ ᠬᠠᠯᠠᠮᠵᠢ ᠪᠠ ᠥᠷᠭᠡᠨ ᠣᠯᠠᠨ ᠠᠶᠠᠨᠴᠢᠳ᠎ᠤᠨ ᠳᠡᠮᠵᠢᠯᠭᠡ ᠪᠠ ᠨᠤᠲᠠᠯᠠᠯᠲᠠ᠎ᠳᠤ ᠲᠠᠯᠠᠷᠬᠠᠯ ᠵᠢᠡᠨ ᠲᠠᠪᠰᠢᠬᠦᠯᠵᠤ᠂ ᠴᠣᠷ᠎ᠤᠨ ᠭᠠᠭ᠍ᠴᠠ ᠬᠠᠷᠠᠮᠰᠠᠯᠲᠠᠶ ᠨᠢ ᠬᠡᠷ᠎ᠦᠨ ᠬᠥᠮᠦᠰ᠎ᠲᠡᠬᠡᠨ ᠣᠰᠣᠯᠳᠠᠬᠰᠠᠨ ᠶᠠᠪᠤᠳᠠᠯ ᠪᠣᠯᠤᠨ᠎ᠠ ᠭᠡᠵᠦ᠍ ᠬᠡᠯᠡᠪᠡ᠃

ᠬᠡᠤᠬᠡᠨ ᠦᠷ᠎ᠠ ᠪᠤᠯᠤᠭᠰᠠᠨ ᠤ᠋ ᠬᠤᠪᠢ᠎ᠳᠤ᠂ ᠠᠪᠤ ᠡᠵᠢ ᠨᠢ ᠡᠪᠡᠳᠴᠢᠯᠡᠪᠡᠯ᠂ ᠲᠡᠷᠡ ᠴᠠᠭ ᠲᠤᠬᠠᠶ᠎ᠳᠤ ᠨᠢ ᠣᠷᠣ᠎ᠶ᠋ᠢᠨ ᠡᠮᠦᠨ᠎ᠡ ᠠᠴᠢᠯᠠᠯ ᠭᠦᠶ᠋ᠴᠡᠳᠭᠡᠵᠦ᠍ ᠳᠡᠢᠯᠦᠭᠰᠠᠨ ᠦᠭᠡᠢ; ᠡᠬᠡ ᠬᠦᠮᠤᠨ ᠪᠣᠯᠤᠭ᠍ᠰᠠᠨ᠎ᠤ ᠬᠤᠪᠢ᠎ᠳᠤ᠂ ᠲᠡᠷᠡ ᠦᠷ᠎ᠠ ᠬᠡᠦᠬᠡᠳ᠎ᠦᠨ᠎ᠢᠶᠡᠨ ᠦᠰᠦᠨ ᠪᠣᠢᠵᠢᠯᠲᠠ᠎ᠶ᠋ᠢ ᠬᠠᠷᠠᠭᠠᠯᠵᠠᠬᠤ ᠴᠠᠭ ᠨᠠᠩ ᠴᠦᠬᠡᠨ; ᠡᠬᠡᠨᠡᠷ ᠬᠦᠮᠤᠨ ᠪᠣᠯᠤᠭ᠍ᠰᠠᠨ᠎ᠤ ᠬᠤᠪᠢ᠎ᠳᠤ᠂ ᠲᠡᠷᠡ ᠡᠷ᠎ᠡ ᠨᠥᠬᠥᠷ᠎ᠦᠨ᠎ᠢᠶᠡᠨ ᠡᠪᠡᠳᠴᠢᠯᠡᠭ᠌ᠰᠡᠨ ᠬᠤᠭᠤᠴᠠᠭᠠᠨ᠎ᠳᠤ ᠭᠠᠭᠴᠠ ᠤᠳᠠᠭ᠎ᠠ ᠴᠸ᠋ ᠴᠢᠯᠥᠭᠡ ᠭᠤᠶᠤᠵᠤ ᠬᠠᠷᠠᠭᠠᠯᠵᠠᠵᠤ ᠴᠢᠲᠠᠭᠰᠠᠨ ᠦᠭᠡᠢ᠃ 2014 ᠣᠨ᠎ᠳᠤ᠂ ᠸᠠᠩ ᠬᠣᠩ ᠮᠧᠶ᠎ᠶ᠋ᠢᠨ ᠡᠷ᠎ᠡ ᠨᠥᠬᠥᠷ᠎ᠨᠢ ᠥᠮᠡᠨ᠎ᠤ ᠰᠡᠬᠦᠯᠴᠢ ᠦᠶ᠎ᠠ ᠪᠠᠷ ᠣᠨᠣᠱᠢᠯᠠᠵᠤ᠂ ᠡᠷ᠎ᠡ ᠨᠥᠬᠥᠷ᠎ᠦᠨ᠎ᠢᠶᠡᠨ ᠣᠢᠯᠠᠭᠠᠯᠲᠠ ᠪᠠ ᠳᠡᠮᠵᠢᠯᠭᠡ ᠳᠤᠤᠷ᠎ᠠ᠂ ᠲᠡᠷᠡ ᠠᠵᠢᠯ᠎ᠤᠨ ᠪᠠᠢᠷᠢ᠎ᠪᠠᠨ ᠪᠠᠲᠤ ᠰᠠᠬᠢᠬᠤ᠎ᠶᠢ ᠰᠤᠡᠭᠭᠤᠵᠠᠢ᠃ 《ᠡᠪᠠᠳᠴᠢᠨ ᠤ᠋ ᠲᠠᠷᠴᠢᠯᠠᠭᠠᠯ᠎ᠤᠨ ᠡᠮᠦᠨ᠎ᠠ ᠲᠡᠷᠡ  ᠨᠠᠲᠠ᠎ᠶᠢ ᠰᠠᠨᠠᠭ᠎ᠠ ᠠᠮᠤᠷ ᠠᠵᠢᠯᠯᠠᠭᠤᠯᠬᠤ᠎ᠶ᠋ᠢᠨ ᠲᠥᠯᠥᠭᠡ᠂ ᠵᠣᠷᠢᠭ᠎ᠢᠶᠡᠨ ᠴᠢᠡᠭᠭᠠᠯᠠᠨ᠂ ᠠᠯᠢᠪᠠ ᠰᠢᠨᠠᠯᠭᠠᠯ᠎ᠢ ᠦᠪᠡᠷ ᠵᠢᠠᠨ ᠲᠠᠭᠠᠭᠠᠪᠠ》 ᠭᠡᠵᠦ ᠸᠠᠩ ᠬᠣᠩ ᠮᠧᠶ ᠡᠷᠭᠢᠴᠡᠭᠦᠯᠦᠨ᠎ᠡ᠃ ᠡᠷ᠎ᠡ ᠨᠥᠬᠥᠷ᠎ᠦᠨ ᠬᠢᠨᠢ ᠣᠢᠯᠠᠭᠠᠯᠲᠠ ᠪᠠ ᠳᠡᠮᠵᠢᠯᠭᠡ᠎ᠡᠴᠡ ᠪᠣᠯᠵᠣ᠂ ᠲᠡᠷᠡ ᠨᠢᠭᠡ ᠤᠳᠠᠭ᠎ᠠ ᠴᠸ᠋ ᠴᠢᠯᠥᠭᠡ ᠭᠤᠶᠤᠭᠰᠠᠨ ᠥᠬᠡᠶ᠂ ᠨᠢᠭᠡ ᠤᠲᠠᠭ᠎ᠠ ᠵᠢᠨ ᠡᠭᠡᠯᠵᠢ᠎ᠶ᠋ᠢᠨ ᠮᠠᠱᠢᠨ ᠡᠴᠡ ᠬᠣᠴᠣᠷᠤᠭ᠎ᠠ ᠦᠬᠡᠢ᠃ 《ᠬᠡᠷ᠎ᠦᠨ ᠬᠥᠮᠦᠰ᠎ᠦᠨ ᠳᠡᠮᠵᠢᠯᠭᠡ ᠪᠣᠯ ᠮᠢᠨᠦ᠍ ᠬᠠᠮᠤᠭ᠎ᠤᠨ ᠪᠠᠲᠤ ᠲᠦᠱᠢᠭ ᠮᠥᠨ᠂ ᠠᠵᠢᠯ᠎ᠤᠨ ᠪᠠᠢᠷᠢ᠎ᠪᠠᠨ ᠨᠠᠨᠳᠢᠡᠭᠨᠡᠨ᠂ ᠠᠵᠢᠯ ᠦᠶ᠋ᠯᠡᠰ᠎ᠢᠶᠡᠨ ᠳᠡᠭᠡᠳᠦᠯᠡᠠ᠂ ᠦᠭᠡ ᠲᠠᠭᠤᠨ ᠥᠬᠡᠶ᠎ᠪᠡᠷ ᠬᠤᠪᠢ ᠨᠡᠮᠡᠷᠢ ᠦᠵᠡᠭᠦᠯᠬᠦ᠌᠎ᠨᠢ ᠠᠭᠤᠤ ᠶᠡᠬᠡ ᠦᠶ᠋ᠯᠡᠰ᠎ᠢ ᠪᠦᠲᠦᠭᠡᠵᠦ᠍ ᠴᠢᠳᠠᠬᠤ ᠥᠬᠡᠶ ᠮᠠᠭᠠᠳ᠂ ᠭᠡᠪᠡᠴᠦ᠍ ᠪᠢ ᠥᠪᠡᠷ᠎ᠦᠨ ᠰᠣᠩᠭᠣᠯᠲᠠ᠎ᠳᠠᠭᠠᠨ ᠣᠰᠣᠯᠳᠠᠬᠤ ᠥᠬᠡᠶ》 ᠭᠡᠵᠦ᠍ ᠸᠠᠩ ᠬᠣᠩ ᠮᠧᠢ ᠬᠡᠯᠡᠨ᠎ᠡ᠃

ᠸᠠᠩ ᠬᠣᠩ ᠮᠧᠶ 《ᠨᠡᠢᠲᠡ᠎ᠶ᠋ᠢᠨ ᠮᠠᠱᠢᠨ ᠲᠡᠷᠭᠡ᠎ᠪᠠᠨ ᠬᠠᠢᠷᠠᠯᠠᠬᠤ᠂ ᠠᠵᠢᠯ᠎ᠤᠨ ᠪᠠᠢᠷᠢ ᠪᠠᠨ ᠬᠠᠢᠷᠠᠯᠠᠬᠤ᠂ ᠠᠶᠠᠨᠴᠢᠳ ᠵᠢᠡᠨ ᠬᠠᠢᠷᠠᠯᠠᠬᠤ》ᠠᠮᠠᠯᠠᠯᠲᠠ᠎ᠪᠠᠨ ᠦᠶ᠋ᠯᠡᠳᠦᠯᠭᠡᠵᠢᠭᠦᠯᠵᠦ᠍᠂ ᠠᠵᠢᠯ᠎ᠤᠨ ᠪᠠᠢᠷᠢ ᠪᠠᠨ ᠪᠠᠲᠤ ᠰᠠᠬᠢᠵᠤ᠂ ᠡᠬᠡᠯ ᠵᠢᠷ᠎ᠦᠨ ᠳᠤᠮᠳᠠ ᠠᠭᠤᠤ ᠶᠡᠬᠡ ᠵᠢ ᠢᠯᠡᠷᠡᠭᠦᠯᠦᠨ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号