ᠬᠢᠯᠢ ᠬᠢᠵᠠᠭᠠᠷ ᠵᠢᠡᠨ ᠰᠠᠬᠢᠨ ᠬᠠᠮᠠᠭᠠᠯᠠᠬᠤ ᠦᠶ᠎ᠠ ᠦᠶ᠎ᠠ ᠵᠢᠨ ᠤᠯᠠᠮᠵᠢᠯᠠᠯ
2025-10-09 11:48:28
ᠵᠣᠬᠢᠶᠠᠭ᠍ᠴᠢ᠄
ᠸᠠᠡᠭ ᠢᠤᠢ ᠯᠦᠡᠭ ᠰᠦᠨ ᠯᠢ ᠶᠢᠡᠭ ᠠᠯᠤᠰ ᠰᠠᠨᠰᠠᠷ
ᠣᠩᠱᠢᠭ᠍ᠰᠠᠨ ᠣᠳᠠᠭ᠎ᠠ᠄
★★★☆☆

60 ᠵᠢᠯ᠎ᠦᠨ ᠡᠮᠦᠨ᠎ᠡ᠂ ᠥᠪᠥᠷ ᠮᠣᠩᠭᠣᠯ ᠎ᠤ᠋ᠨ ᠮᠠᠯᠴᠢᠨ ᠲᠦᠮᠡᠨ 《ᠭᠤᠷᠪᠠᠨ ᠮᠢᠩᠭᠠᠨ ᠥᠨᠥᠴᠢᠨ ᠬᠡᠦᠬᠡᠳ》 ᠢ᠋ ᠬᠠᠯᠠᠭᠤᠨ ᠡᠯᠢᠭᠡᠨ ᠳ᠋ᠤ ᠪᠠᠨ ᠪᠦᠪᠡᠢᠯᠡᠨ ᠦᠰᠭᠡᠵᠤ᠂  ᠦᠨᠳᠦᠰᠦᠳᠡᠨ ᠤ᠋ ᠪᠦᠯᠬᠦᠮᠳᠡᠯ ᠤ᠋ᠨ ᠶᠡᠬᠡ ᠬᠠᠢᠷ᠎ᠠ ᠵᠢᠨ ᠠᠤᠭ᠎ᠠ ᠲᠤᠤᠯᠢᠰ ᠎ᠢ ᠪᠢᠴᠢᠭ᠌ᠯᠡᠭᠰᠡᠨ ᠶᠤᠮ ᠪᠤᠯ᠂ 60 ᠵᠢᠯ᠎ᠦᠨ ᠳᠠᠷᠠᠭᠠᠬᠢ ᠦᠨᠤᠳᠤᠷ᠂ ᠬᠠᠭᠤᠴᠢᠨ ᠪᠠᠷᠭᠤ ᠬᠤᠰᠢᠭᠤᠨ ᠤ᠋ ᠵᠡᠬᠦᠨ ᠦᠵᠦᠬᠦᠷ ᠰᠤᠮᠤ ᠵᠢᠨ ᠬᠠᠢᠯᠠᠲᠤ ᠭᠠᠴᠠᠭ᠎ᠠ ᠪᠡᠷ ᠨᠤᠳᠤᠬᠳᠠᠢ 《ᠤᠯᠤᠰ ᠤ᠋ᠨ ᠬᠡᠤᠬᠡᠳ》 ᠤ᠋ᠨ ᠬᠤᠢᠴᠢ  ᠪᠠᠭᠠᠳᠤᠷᠴᠣᠭ᠍ᠲᠤ ᠬᠢᠯᠢ ᠬᠢᠵᠠᠭᠠᠷ ᠵᠢᠡᠨ ᠰᠠᠬᠢᠨ ᠬᠠᠮᠠᠭᠠᠯᠠᠬᠰᠠᠨ ᠦᠯᠢᠭᠡᠷ ᠤᠴᠠᠷᠠᠯ ᠵᠢᠡᠷ ᠵᠢᠡᠨ ᠲᠡᠤᠬᠡ ᠵᠢᠨ ᠰᠠᠢᠬᠠᠨ ᠲᠠᠭᠤᠷᠢᠰᠬᠠᠯ ᠢ᠋ ᠦᠷᠭᠦᠯᠵᠢᠯᠡᠬᠦᠯᠦᠨ᠎ᠠ᠃

ᠪᠠᠭᠠᠳᠤᠷᠴᠣᠭ᠍ᠲᠤ᠎ᠶ᠋ᠢᠨ ᠠᠪᠤ ᠴᠢᠷᠮᠠᠢᠯᠳᠤ ᠪᠤᠯ ᠤᠯᠤᠰ᠎ᠤᠨ ᠬᠡᠦᠬᠡᠳ᠎ᠦᠨ ᠨᠢᠭᠡ ᠨᠢ ᠶᠤᠮ᠂ 1961 ᠣᠨ᠎ᠳᠤ ᠱᠠᠩᠬᠠᠶ᠎ᠶ᠋ᠢᠨ ᠥᠨᠥᠴᠢᠨ ᠬᠡᠦᠬᠡᠳ᠎ᠦᠨ ᠬᠦᠷᠢᠶᠡᠯᠡᠩ᠎ᠡᠴᠡ ᠬᠦᠯᠦᠨ ᠪᠤᠢᠷ᠎ᠲᠤ ᠢᠷᠡᠬᠦ᠌ ᠦᠶ᠎ᠠ᠎ᠳᠦ ᠲᠡᠷᠨ ᠰᠠᠶᠢ ᠨᠢᠭᠡ ᠨᠠᠰᠤᠲᠠᠶ ᠪᠠᠢᠵᠤ᠂ ᠬᠠᠢᠯᠠᠷ ᠤ᠋ᠨ ᠬᠡᠤᠬᠡᠳ ᠤ᠋ᠨ ᠴᠡᠴᠡᠷᠯᠢᠭ ᠡᠴᠨ ᠦᠬᠡᠷ ᠲᠡᠷᠭᠡ ᠪᠡᠷ ᠪᠦᠳᠦᠨ ᠡᠳᠦᠷ ᠠᠶᠠᠯᠠᠨ ᠬᠠᠢᠯᠠᠲᠤ ᠭᠠᠴᠠᠭ᠎ᠠ᠎ᠳᠤ ᠬᠦᠷᠴᠤ᠂ ᠡᠭᠦᠨ᠎ᠡᠴᠡ ᠲᠠᠯ᠎ᠠ ᠨᠤᠲᠤᠭ᠎ᠲᠤ ᠦᠨᠳᠦᠰᠦ ᠬᠠᠳᠬᠤᠪᠠ᠃ ᠬᠠᠢᠯᠠᠳᠤ ᠭᠠᠴᠠᠭ᠎ᠠ ᠪᠣᠯ ᠤᠯᠠᠮᠵᠢᠯᠠᠯᠲᠤ ᠮᠠᠯᠵᠢᠬᠤ ᠭᠠᠴᠠᠭ᠎ᠠ ᠪᠣᠯᠤᠨ᠎ᠠ᠂ ᠮᠠᠯᠴᠢᠳ ᠦᠶ᠎ᠡ ᠤᠯᠠᠷᠢᠨ ᠬᠤᠨᠢ ᠮᠠᠯ ᠵᠢᠡᠡ ᠲᠠᠭᠤᠵᠤ ᠤᠰᠤᠨ ᠤ᠋ ᠲᠤᠡᠭᠭᠠᠯᠠᠭ ᠡᠪᠡᠰᠦᠨ ᠤ᠋ ᠰᠤᠷᠭᠤᠭ ᠢ᠋ ᠲᠠᠭᠠᠨ ᠨᠡᠬᠦᠳᠡᠯᠯᠡᠵᠦ᠂ ᠮᠣᠷᠢ ᠤᠨᠤᠵᠤ ᠮᠠᠯ ᠮᠠᠯᠵᠢᠬᠤ ᠨᠢ ᠲᠦᠷᠦᠯᠬᠢ ᠤᠷ᠎ᠠ ᠴᠢᠳᠠᠪᠤᠷᠢ ᠭᠡᠵᠦ ᠬᠡᠯᠡᠵᠦ ᠪᠤᠯᠤᠨ᠎ᠠ᠃ ᠲᠦᠷᠪᠡᠨ ᠨᠠᠰᠤᠯᠠᠮᠠᠬᠴᠠ ᠴᠢᠷᠮᠠᠢᠯᠳᠤ ᠵᠢᠨ ᠠᠪᠤ ᠨᠢ ᠲᠡᠭᠦᠨ᠎ᠢ ᠮᠣᠷᠢ ᠤᠨᠤᠭᠤᠯᠵᠤ᠂ ᠤᠬᠠᠭ᠎ᠠ ᠪᠢᠯᠢᠭ ᠪᠢᠷ᠎ᠠ ᠴᠢᠳᠠᠯ ᠢ᠋ ᠨᠢ ᠨᠡᠮᠡᠭᠳᠡᠬᠦᠯᠵᠦ᠂  ᠵᠢᠭᠠᠬᠠᠨ ᠦᠭᠡᠯᠡᠢ ᠪᠤᠯᠤᠬᠰᠠᠨ ᠤ᠋ ᠬᠤᠢᠨ᠎ᠠ᠂ ᠭᠡᠷ ᠤ᠋ᠨ ᠨᠦᠬᠦᠴᠡᠯ ᠬᠦᠴᠢᠷᠳᠡᠯ ᠳᠡᠢ ᠪᠠᠢᠬᠰᠠᠠ ᠴᠸ᠋ ᠪᠦᠬᠦ ᠬᠡᠷ ᠵᠢᠡᠷ ᠵᠢᠡᠨ ᠴᠢᠷᠮᠠᠢᠯᠳᠤ ᠵᠢ ᠰᠤᠷᠭᠠᠭᠤᠯᠢ ᠰᠤᠶᠤᠯ ᠤ᠋ᠨ ᠮᠦᠷ ᠢ᠋ ᠬᠦᠭᠡᠭᠡᠬᠦ ᠵᠢ ᠲᠡᠮᠵᠢᠵᠦ᠂ ᠲᠤᠬᠠᠢ ᠵᠢᠨ ᠦᠶ᠎ᠠ ᠳ᠋ᠤ ᠭᠠᠴᠠᠭᠠᠨ ᠤ᠋ ᠪᠠᠨ ᠡᠷᠳᠡᠮ ᠰᠤᠶᠤᠯ ᠲᠠᠢ 《ᠴᠢᠳᠠᠪᠤᠷᠢᠳᠠᠨ》 ᠪᠤᠯᠵᠠᠢ᠃


QQ20251009-114459.png


《1995 ᠣᠨ᠎ᠳᠤ ᠠᠪᠤ ᠭᠠᠴᠠᠭᠠᠨ᠎ᠤ ᠨᠠᠮ ᠎ᠤᠨ ᠡᠭᠦᠷ᠎ᠦᠨ ᠱᠦᠵᠢ᠎ᠶ᠋ᠢᠨ ᠠᠵᠢᠯ ᠢ᠋ ᠬᠠᠷᠢᠭᠤᠴᠠᠨ ᠬᠢᠪᠠ᠂ 10 ᠵᠢᠯ ᠤ᠋ᠨ ᠬᠤᠭᠤᠴᠠᠭᠠᠨ᠎ᠳᠤ᠂ ᠲᠡᠷᠡ ᠮᠠᠯᠴᠢᠳ᠎ᠢᠶᠠᠨ ᠳᠠᠭᠠᠭᠤᠯᠤᠨ ᠦᠢᠯᠡᠳᠪᠦᠷᠢᠯᠡᠯ᠎ᠢᠶᠡᠨ ᠬᠥᠭ᠌ᠵᠢᠭᠦᠯᠵᠦ᠍᠂ ᠤᠯᠤᠰ᠎ᠤᠨ ᠤᠷᠢᠶᠠᠯᠠᠭ᠎ᠠ᠎ᠶ᠋ᠢ ᠴᠤᠤᠷᠢᠶᠠᠲᠤᠨ ᠳᠠᠭᠠᠵᠤ ᠮᠠᠯᠵᠢᠬᠤ᠎ᠶ᠋ᠢ ᠬᠤᠷᠢᠭᠯᠠᠨ ᠡᠪᠡᠰᠦ ᠪᠡᠯᠴᠢᠭᠡᠷ᠎ᠢ ᠰᠡᠷᠭᠦᠭᠡᠵᠦ᠍᠂ ᠬᠠᠢᠯᠠᠳᠤ ᠭᠠᠴᠠᠭᠠᠨ᠎ᠤ ᠮᠠᠯᠴᠢᠨ ᠲᠦᠮᠡᠨ᠎ᠦ ᠣᠷᠣᠯᠭ᠎ᠠ ᠵᠢᠯ ᠳᠠᠷᠠᠭᠠᠯᠠᠨ ᠨᠡᠮᠡᠭ᠌ᠳᠡᠵᠦ᠍ ᠨᠤᠲᠤᠭ ᠪᠡᠯᠴᠢᠭᠡᠷ ᠴᠦ᠍ ᠠᠭᠠᠵᠢᠮ᠎ᠢᠶᠠᠷ ᠤᠤᠯ᠎ᠤᠨ ᠪᠠᠢᠳᠠᠯ᠎ᠢᠶᠠᠨ ᠰᠡᠷᠭᠦᠭᠡᠪᠡ》᠃ ᠪᠠᠭᠠᠳᠤᠷᠴᠣᠭ᠍ᠲᠤ ᠠᠪᠤ᠎ᠶ᠋ᠢᠨ ᠵᠢᠡᠨ ᠬᠢᠭᠰᠡᠨ ᠠᠵᠢᠯ ᠦᠢᠯᠡ ᠵᠢ ᠡᠷᠭᠢᠴᠡᠭᠦᠯᠬᠦ᠎ᠳᠡᠭᠡᠨ᠄ 《ᠲᠡᠷᠡ ᠦᠶ᠎ᠠ ᠳ᠋ᠤ ᠠᠪᠤ ᠴᠤᠬᠤᠮ ᠶᠠᠭᠠᠷᠠᠤ᠂ ᠭᠠᠮᠱᠢᠭ᠎ᠠᠴᠠ ᠠᠪᠤᠷᠠᠬᠤ᠂ ᠮᠠᠯ ᠤᠨᠤᠭ᠎ᠠ᠎ᠶ᠋ᠢᠨ ᠬᠢᠵᠢᠭ᠎ᠢ ᠰᠡᠷᠭᠡᠢᠯᠡᠬᠦ᠌᠂ ᠶᠠᠳᠠᠭᠤ᠎ᠶ᠋ᠢ ᠲᠡᠳᠬᠦᠵᠦ᠍ ᠬᠦᠴᠢᠷᠳᠡᠯ᠎ᠢ ᠱᠢᠢᠳᠪᠦᠷᠢᠯᠡᠬᠦ᠌᠂ ᠭᠠᠴᠠᠭᠠᠨ ᠤ᠋ ᠤᠴᠢᠷ ᠪᠤᠯᠭᠠᠨ ᠳ᠋ᠤ ᠮᠤᠡᠭᠭᠠᠨᠢᠵᠤ ᠯᠠ ᠪᠠᠢᠪᠠ᠃ ᠲᠠᠭᠠᠤ᠎ᠳᠤᠨᠢ ᠪᠠᠰᠠ ᠬᠢᠯᠢ ᠲᠣᠭᠣᠷᠢᠨ ᠴᠠᠭ᠍ᠳᠠᠬᠤ ᠡᠭᠦᠷᠭᠡ᠎ᠶ᠋ᠢ ᠡᠭᠦᠷᠭᠡᠯᠡᠵᠦ᠍᠂ ᠵᠠᠷᠢᠮ ᠳ᠋ᠠᠭᠠᠨ ᠬᠢᠯᠢ ᠴᠠᠬᠳᠠᠬᠤ ᠪᠡᠷ ᠭᠠᠷᠪᠠᠯ ᠬᠡᠳᠦᠨ ᠡᠳᠦᠷ ᠵᠢᠡᠷ ᠬᠠᠷᠢᠵᠤ ᠢᠷᠡᠳᠡᠭ ᠦᠭᠡᠢ》ᠭᠡᠪᠡ᠃ ᠪᠠᠭᠠᠳᠤᠷᠴᠤᠭ᠍ᠳᠤ ᠠᠪᠤ ᠵᠢᠡ ᠵᠢᠡᠨ ᠨᠦᠯᠦᠭᠡ ᠵᠢ ᠬᠦᠨ ᠬᠦᠷᠳᠡᠵᠦ ᠥᠪᠡᠷ ᠤ᠋ᠨ ᠬᠦᠴᠦᠨ ᠴᠢᠳᠠᠯ ᠵᠢᠡᠨ ᠨᠤᠲᠤᠭ ᠤᠰᠤᠨ ᠳ᠋ᠠᠭᠠᠨ ᠡᠷᠬᠦᠨ᠎ᠠ ᠭᠡᠵᠦ᠍ ᠰᠡᠮ ᠵᠤᠷᠢᠭ ᠰᠢᠢᠳᠪᠡ᠃

2003 ᠣᠨ᠎ᠤ 7 ᠰᠠᠷ᠎ᠠ᠎ᠳᠤ᠂ ᠪᠠᠭᠠᠳᠤᠷᠴᠣᠭ᠍ᠲᠤ ᠶᠡᠬᠡ ᠰᠤᠷᠭᠠᠭᠤᠯᠢ᠎ᠪᠠᠨ ᠲᠡᠭᠦᠰᠦᠭ᠌ᠰᠡᠨ᠎ᠦ ᠳᠠᠷᠠᠭ᠎ᠠ ᠱᠠᠨᠳᠦ᠋ᠩ᠎ᠳᠦ ᠵᠠᠰᠠᠵᠤ ᠴᠢᠮᠡᠭ᠌ᠯᠡᠬᠦ᠌ ᠵᠢᠷᠤᠭ ᠲᠥᠯᠥᠪᠯᠡᠭᠡ᠎ᠶ᠋ᠢᠨ ᠠᠵᠢᠯ ᠠᠯᠪᠠ ᠲᠠᠢ ᠪᠤᠯᠵᠤ ᠶᠡᠬᠡ ᠬᠤᠳᠠ ᠳ᠋ᠤ ᠬᠦᠯ ᠲᠤᠬᠳᠠᠪᠠ᠃ ᠲᠡᠷᠡ᠄《ᠪᠢ ᠶᠡᠬᠡ ᠰᠤᠷᠭᠠᠭᠤᠯᠢ᠎ᠪᠠᠨ ᠲᠡᠭᠦᠰᠭᠡᠵᠦ ᠱᠠᠨᠳᠦ᠋ᠩ ᠎ᠳᠦ ᠠᠵᠢᠯᠯᠠᠵᠤ ᠤᠯᠠᠨ ᠶᠠᠭᠤᠮ᠎ᠠ ᠵᠢ ᠦᠵᠡᠵᠦ ᠰᠤᠨᠤᠰᠪᠠ᠃ ᠭᠡᠪᠡᠴᠦ᠍ ᠪᠢ ᠠᠪᠤ᠎ᠶ᠋ᠢᠨ᠎ᠢᠶᠠᠨ ᠬᠢᠯᠢ ᠨᠤᠳᠤᠭ ᠵᠢᠡᠨ ᠰᠠᠬᠢᠨ ᠬᠠᠮᠠᠭᠠᠯᠠᠬᠤ ᠰᠤᠷᠭᠠᠯ᠎ᠢ ᠶᠡᠷᠦ ᠡᠴᠨ ᠮᠠᠷᠳᠠᠭ᠎ᠠ ᠦᠭᠡᠢ》 ᠭᠡᠵᠦ ᠶᠠᠷᠢᠨ᠎ᠠ᠃

2006 ᠣᠨ᠎ᠳᠤ᠂ ᠪᠠᠭᠠᠳᠤᠷᠴᠤᠬᠳᠤ ᠶᠡᠬᠡ ᠬᠤᠳᠠ ᠵᠢᠨ ᠠᠵᠢᠯ ᠵᠢᠡᠨ ᠬᠠᠶᠠᠵᠦ ᠠᠷᠤ ᠭᠡᠷ ᠲᠡᠭᠡᠨ ᠪᠤᠴᠠᠯ᠎ᠠ᠃ ᠲᠡᠷᠡ ᠮᠠᠯᠴᠢᠳ᠎ᠢᠶᠠᠨ ᠲᠠᠢᠴᠢᠯᠠᠨ ᠭᠤᠷᠪᠠᠳᠤᠭᠠᠷ ᠠᠵᠤ ᠦᠢᠯᠡᠰ᠎ᠢ ᠬᠠᠮᠲᠤ᠎ᠪᠠᠷ ᠬᠥᠭ᠌ᠵᠢᠭᠦᠯᠵᠦ᠍᠂ 《ᠨᠡᠭᠦᠳᠡᠯ ᠮᠠᠯᠴᠢᠨ ᠠᠢᠯ》 ᠵᠢᠭᠤᠯᠴᠢᠯᠠᠯ᠎ᠤᠨ ᠴᠡᠭ ᠢ᠋ ᠡᠵᠡᠡᠭᠨᠡᠵᠦ᠂ ᠬᠠᠭᠤᠴᠢᠨ ᠪᠠᠷᠭᠤ ᠵᠢᠨ ᠲᠠᠯ᠎ᠠ ᠨᠤᠲᠤᠭ ᠎ᠦᠨ ᠦᠡᠭᠭᠡ ᠦᠵᠡᠮᠵᠢ ᠪᠠᠨ ᠨᠠᠡᠭ ᠤᠯᠠᠨ ᠬᠦᠮᠦᠰ ᠲᠸ᠋ ᠲᠠᠨᠢᠭᠤᠯᠤᠬᠰᠠᠨ ᠵᠢᠡᠷ ᠪᠠᠷᠠᠬᠤ ᠦᠭᠡᠢ ᠨᠤᠳᠤᠭ ᠪᠡᠯᠴᠢᠭᠡᠷ ᠤ᠋ᠨ ᠲᠠᠡᠭᠰᠤᠭ ᠦᠪ ᠵᠢᠡᠨ ᠬᠠᠮᠠᠭᠠᠯᠠᠠ ᠰᠡᠷᠬᠦᠬᠡᠪᠡ᠃ ᠲᠡᠷᠡ ᠪᠠᠰᠠ ᠬᠦᠴᠢᠷᠳᠡᠯᠲᠡᠢ ᠤᠯᠠᠨ ᠲᠦᠮᠡᠨ᠎ᠤ᠋ ᠠᠰᠠᠭᠤᠳᠠᠯ᠎ᠢ ᠨᠢ ᠬᠠᠪᠰᠤᠷᠤᠨ ᠱᠢᠢᠳᠪᠦᠷᠢᠯᠡᠵᠦ᠍᠂ ᠨᠡᠢᠭᠡᠮ ᠨᠡᠢᠲᠡ᠎ᠶ᠋ᠢᠨ ᠦᠢᠯᠡᠰ᠎ᠲᠦ ᠢᠳᠡᠪᠬᠢᠯᠡᠨ ᠣᠷᠣᠯᠴᠠᠪᠠ᠃


QQ20251009-114514.png


《ᠬᠢᠯᠢ ᠬᠢᠵᠠᠭᠠᠷ ᠵᠢᠡᠨ ᠰᠠᠬᠢᠨ ᠬᠠᠮᠠᠭᠠᠯᠠᠬᠤ ᠪᠤᠯ ᠲᠠᠷᠤᠢ ᠭᠡᠷ ᠤᠷᠤᠨ ᠵᠢᠡᠨ ᠰᠠᠬᠢᠨ ᠬᠠᠮᠠᠭᠠᠯᠠᠵᠤ ᠪᠠᠢᠭ᠎ᠠ ᠶᠠᠪᠤᠳᠠᠯ ᠶᠤᠮ》᠃ ᠪᠠᠭᠠᠳᠤᠷᠴᠤᠬᠳᠤ ᠠᠪᠤ ᠵᠢᠨ ᠵᠢᠡᠨ ᠰᠤᠷᠭᠠᠯ ᠢ᠋ ᠪᠠᠳᠤ ᠴᠡᠭᠡᠵᠢᠯᠡᠵᠦ᠂ ᠰᠠᠨᠠᠭᠠᠴᠢᠯᠠᠭ᠎ᠠ ᠡᠴᠨ ᠪᠠᠨ ᠬᠢᠯᠢ᠎ᠶ᠋ᠢᠨ ᠲᠣᠮᠢᠯᠠᠭ᠍ᠰᠠᠨ ᠰᠠᠯᠪᠤᠷᠢ᠎ᠶ᠋ᠢ ᠡᠷᠢᠵᠦ᠍᠂ ᠠᠪᠤ᠎ᠲᠠᠶ ᠠᠳᠠᠯᠢ᠎ᠪᠠᠷ ᠬᠢᠯᠢ᠎ᠪᠠᠨ ᠰᠠᠬᠢᠨ ᠬᠠᠮᠠᠭᠠᠯᠠᠵᠤ ᠲᠤᠰᠭᠠᠶ ᠲᠤᠱᠢᠶᠠᠯᠲᠤ ᠬᠢᠯᠢ ᠬᠠᠮᠠᠭᠠᠯᠠᠭ᠍ᠴᠢ ᠪᠣᠯᠬᠤ ᠬᠦᠰᠡᠯ ᠵᠢᠡᠨ ᠢᠯᠡᠳᠭᠡᠪᠡ᠃ 《ᠮᠢᠨᠦ᠍ ᠬᠡᠷ ᠬᠢᠯᠢ᠎ᠶ᠋ᠢᠨ ᠡᠮᠦᠨ᠎ᠡ ᠵᠠᠬ᠎ᠠ᠎ᠳᠦ ᠪᠠᠢᠵᠤ᠂ ᠬᠢᠯᠢ᠎ᠶ᠋ᠢᠨ ᠱᠤᠭᠤᠮ ᠡᠴᠨ ᠲᠠᠪᠤᠬᠠᠨ ᠺᠢᠯᠣᠮᠧᠲ᠋ᠷ ᠵᠠᠢᠳᠠᠢ᠂ ᠬᠢᠯᠢ ᠪᠠᠨ ᠰᠠᠬᠢᠨ ᠬᠠᠮᠠᠭᠠᠯᠠᠬᠤ ᠨᠢ ᠮᠢᠨᠤ ᠡᠭᠦᠷᠭᠡ ᠬᠠᠷᠢᠭᠤᠴᠠᠯᠭ᠎ᠠ ᠪᠠᠢᠬᠤ ᠶᠤᠰᠤᠳᠠᠢ》 ᠭᠡᠵᠦ ᠦᠪᠡᠷ ᠤ᠋ᠨ ᠪᠤᠳᠤᠯ ᠵᠢᠡᠨ ᠶᠠᠷᠢᠪᠠ᠃ ᠢᠡᠭᠭᠢᠭᠡᠳ ᠪᠠᠭᠠᠳᠤᠷᠴᠤᠬᠳᠤ ᠠᠯᠪᠠᠨ ᠵᠢᠷᠤᠮ᠎ᠤᠨ ᠬᠢᠯᠢ ᠬᠠᠮᠠᠭᠠᠯᠠᠭ᠍ᠴᠢ ᠪᠠᠢᠬᠰᠠᠨ ᠡᠴᠨ ᠪᠠᠨ 《ᠵᠤᠬᠢᠶᠠᠨ ᠪᠠᠢᠭᠤᠯᠤᠯᠳᠠ》 ᠲᠠᠢ ᠬᠢᠯᠢ ᠬᠠᠮᠠᠭᠠᠯᠠᠬᠴᠢ ᠪᠣᠯᠤᠯ᠎ᠠ᠃

2022 ᠣᠨ᠎ᠤ 7 ᠰᠠᠷ᠎ᠠ᠎ᠳᠤ᠂ ᠪᠠᠭᠠᠳᠤᠷᠴᠣᠭ᠍ᠲᠤ ᠵᠤᠷᠰᠢᠯ ᠶᠤᠰᠤᠭᠠᠷ ᠬᠢᠯᠢ ᠪᠠᠨ ᠴᠠᠭ᠍ᠳᠠᠬᠤ ᠵᠠᠭᠤᠷ᠎ᠠ ᠠᠭᠠᠷ ᠲᠡᠭᠡᠷᠡᠬᠢ ᠦᠩᠭᠢᠨᠡᠬᠦ ᠲᠠᠭᠤᠨ ᠢ᠋ ᠤᠯᠵᠤ ᠰᠤᠨᠤᠰᠴᠤ᠂ ᠲᠣᠯᠣᠭᠠᠶ ᠡᠷᠭᠦᠨ ᠬᠠᠷᠠᠭ᠍ᠰᠠᠨ᠎ᠳᠤ ᠵᠢᠯᠣᠭᠣᠴᠢ ᠥᠬᠡᠶ ᠨᠢᠰᠭᠡᠯ ᠬᠢᠯᠢ ᠵᠢᠨ ᠬᠤᠷᠢᠭᠠᠳᠤ ᠤᠷᠤᠨ ᠵᠢᠡᠷ ᠨᠢᠰᠴᠤ ᠪᠠᠢᠪᠠ᠃ ᠲᠡᠷᠡ ᠡᠷᠬᠢᠨ ᠲᠣᠭᠣᠷᠢᠨ᠎ᠢ ᠪᠠᠢᠴᠠᠭᠠᠨ ᠪᠡᠷᠡᠯᠡᠬᠤ ᠳ᠋ᠤ ᠬᠢᠯᠢ᠎ᠶ᠋ᠢᠨ ᠬᠠᠮᠠᠭᠠᠯᠠᠯᠲᠠ᠎ᠶ᠋ᠢᠨ ᠵᠠᠰᠠᠮᠠᠯ ᠵᠠᠮ᠎ᠳᠤ ᠨᠢᠭᠡᠨ ᠮᠠᠰᠢᠨ ᠲᠡᠷᠭᠡ ᠵᠣᠭ᠍ᠰᠣᠵᠤ ᠪᠠᠢᠬᠤ᠎ᠶ᠋ᠢ ᠣᠯᠵᠤ ᠮᠡᠳᠡᠵᠡᠶ᠂ ᠪᠠᠭᠠᠳᠤᠷᠴᠤᠬᠳᠤ ᠲᠡᠷᠭᠡᠨ ᠵᠢᠯᠤᠭᠤᠴᠢ ᠵᠢ ᠡᠷᠢᠵᠦ ᠤᠴᠢᠬᠰᠠᠨ ᠳ᠋ᠸ᠋ ᠤᠤᠯ ᠨᠢ ᠲᠠᠯ᠎ᠠ ᠨᠤᠳᠤᠭ ᠤ᠋ᠨ ᠭᠣᠶᠣ ᠦᠵᠡᠮᠵᠢ᠎ᠶ᠋ᠢ ᠰᠡᠭᠦᠳᠡᠷᠯᠡᠬᠦ᠌ ᠪᠡᠷ ᠭᠠᠳᠠᠷ ᠣᠷᠣᠨ᠎ᠤ ᠵᠢᠭᠤᠯᠴᠢᠯᠠᠭ᠍ᠴᠢ ᠨᠢᠰᠭᠦ᠎ᠶ᠋ᠢ ᠴᠠᠭᠠᠵᠠᠯᠠᠬᠤ ᠣᠷᠣᠨ᠎ᠳᠤ ᠵᠢᠯᠣᠭᠣᠴᠢ ᠥᠬᠡᠶ ᠨᠢᠰᠭᠡᠯ᠎ᠢᠶᠡᠨ ᠨᠢᠰᠬᠡᠭᠰᠡᠨ ᠪᠠᠢᠵᠠᠢ᠃  ᠲᠡᠭᠦᠨ᠎ᠦ ᠢᠳᠬᠠᠠ ᠰᠠᠨᠠᠭᠤᠯᠬᠤ ᠪᠡᠷ ᠵᠢᠭᠤᠯᠴᠢᠯᠠᠬᠴᠢ ᠬᠣᠯᠪᠣᠭ᠍ᠳᠠᠯ ᠪᠥᠬᠥᠶ ᠬᠢᠯᠢ᠎ᠶ᠋ᠢᠨ ᠲᠥᠷᠥ᠎ᠶ᠋ᠢᠨ ᠪᠣᠳᠣᠯᠭ᠎ᠠ ᠲᠦᠷᠢᠮ ᠲᠣᠭ᠍ᠲᠠᠭᠠᠯ᠎ᠢ ᠣᠢᠯᠠᠭᠠᠵᠦ᠂ ᠲᠠᠷᠤᠢᠬᠠᠨ ᠵᠢᠯᠣᠭᠣᠴᠢ ᠦᠭᠡᠢ ᠨᠢᠰᠭᠡᠯ ᠵᠢᠡᠨ ᠬᠣᠷᠢᠶᠠᠪᠡ᠃ 《ᠬᠢᠯᠢ᠎ᠶ᠋ᠢᠨ ᠬᠠᠮᠠᠭᠠᠯᠠᠯᠲᠠ᠎ᠶ᠋ᠢᠨ ᠵᠠᠰᠠᠮᠠᠯ ᠵᠠᠮ ᠲᠡᠭᠡᠷ᠎ᠠ ᠬᠡᠰᠡᠭ ᠵᠠᠶ ᠠᠯᠤᠰᠯᠠᠬᠤ ᠪᠦᠷᠢ ᠰᠡᠷᠡᠮᠵᠢ᠎ᠶ᠋ᠢᠨ ᠫᠠᠢᠰᠠ᠎ᠲᠠᠶ ᠪᠠᠢᠳᠠᠭ᠂ ᠭᠡᠪᠡᠴᠦ᠍ ᠵᠠᠷᠢᠮ ᠬᠥᠮᠦᠨ ᠬᠢᠴᠢᠶᠡᠮᠵᠢ ᠦᠬᠡᠢ ᠡᠴᠨ ᠪᠤᠯᠵᠤ ᠭᠠᠳᠠᠭᠠᠳᠤ᠎ᠲᠠᠶ ᠬᠣᠯᠪᠣᠭ᠍ᠳᠠᠬᠤ ᠪᠤᠳᠤᠯᠢᠶᠠᠨᠳᠦ ᠪᠠᠢᠳᠠᠯ᠎ᠢ ᠡᠭᠦᠰᠭᠡᠵᠦ ᠮᠡᠳᠡᠨ᠎ᠠ 》 ᠭᠡᠵᠦ᠍ ᠪᠠᠭᠠᠳᠤᠷᠴᠤᠭ᠍ᠳᠤ ᠲᠠᠨᠢᠯᠴᠠᠭᠤᠯᠪᠠ᠃

ᠬᠢᠯᠢ ᠨᠤᠳᠤᠭ ᠲᠠᠭᠠᠨ ᠪᠠᠭᠠᠳᠤᠷᠴᠤᠬᠳᠤ ᠤᠯᠠᠨ ᠶᠠᠪᠤᠳᠠᠯ ᠢ᠋ ᠦᠡᠭᠭᠡᠷᠡᠬᠦᠯᠪᠡ᠄ ᠵᠡᠷᠭᠡᠯᠡᠳᠡᠭᠡ ᠠᠢᠯ᠎ᠤᠨ ᠣᠪᠣᠭᠠᠯᠠᠬᠰᠠᠨ ᠡᠪᠡᠰᠦᠨ ᠳ᠋ᠤ ᠭᠠᠯ ᠭᠠᠷᠬᠤ᠎ᠳᠤ᠂ ᠲᠡᠷᠡ ᠴᠠᠭ᠍ᠳᠠᠭ᠎ᠠ᠎ᠳᠤ ᠬᠡᠷᠡᠭ ᠮᠡᠳᠡᠭᠦᠯᠬᠦ᠌᠎ᠶ᠋ᠢᠨ ᠬᠠᠮᠲᠤ  ᠤᠯᠠᠨ ᠲᠦᠮᠡᠨ᠎ᠢ ᠲᠠᠢ᠌ᠴᠢᠯᠠᠨ ᠭᠠᠯ ᠤᠨᠲᠠᠷᠠᠭᠠᠨ᠎ᠠ; ᠵᠢᠭᠤᠯᠴᠢᠯᠠᠬᠰᠠᠳ ᠤ᠋ᠨ ᠲᠡᠷᠭᠡ ᠱᠢᠪᠠᠷ ᠪᠠᠯᠴᠢᠭ᠎ᠲᠤ ᠱᠢᠭᠢᠳᠴᠦ᠍ ᠶᠠᠪᠤᠵᠤ ᠲᠡᠢᠯᠬᠦ ᠦᠭᠡᠢ ᠪᠤᠯᠬᠤ ᠦᠶ᠎ᠠ ᠳ᠋ᠤ᠂ ᠲᠡᠷᠡ ᠮᠠᠰᠢᠨ ᠲᠡᠷᠭᠡ ᠵᠢ ᠬᠠᠪᠰᠤᠷᠤᠨ ᠲᠦᠯᠬᠢᠵᠦ ᠲᠤᠰᠠᠯᠠᠮᠵᠢ ᠦᠵᠡᠬᠦᠯᠦᠨ᠎ᠠ; ᠮᠠᠯᠴᠢᠳ ᠵᠦᠷᠢᠴᠡᠯ ᠵᠠᠭᠤᠷᠠᠯᠳᠤᠭᠠᠨ ᠲᠠᠢ ᠪᠤᠯᠪᠠᠯ ᠲᠡᠷᠡ ᠲᠤᠮᠢᠯᠠᠬᠰᠠᠨ ᠰᠠᠯᠪᠤᠷᠢ ᠲᠠᠢ ᠬᠠᠮᠵᠢᠯᠴᠠᠨ ᠬᠤᠶᠠᠷ ᠲᠠᠯ᠎ᠠ ᠵᠢ ᠡᠶᠡᠳᠡᠬᠦᠯᠦᠨ᠎ᠠ ᠁

20 ᠰᠢᠬᠠᠮ ᠵᠢᠯ ᠤ᠋ᠨ ᠲᠤᠷᠰᠢ᠂ ᠪᠠᠭᠠᠳᠤᠷᠴᠣᠭ᠍ᠲᠤ ᠤᠷᠢᠳ ᠬᠣᠵᠢᠳ ᠬᠢᠯᠢ᠎ᠶ᠋ᠢᠨ ᠴᠠᠭ᠍ᠳᠠᠨ ᠪᠠᠢᠴᠠᠭᠠᠬᠤ ᠠᠵᠢᠯ᠎ᠳᠤ 1000 ᠭᠠᠷᠤᠶ ᠤᠳᠠᠭ᠎ᠠ ᠣᠷᠣᠯᠴᠠᠵᠤ᠂ ᠭᠡᠨᠡᠳᠲᠡ᠎ᠶ᠋ᠢᠨ ᠬᠡᠷᠡᠭ᠎ᠢ ᠱᠢᠶ᠋ᠳᠪᠦᠷᠢᠯᠡᠬᠦ᠌ ᠰᠣᠷᠢᠯᠲᠠ᠎ᠶ᠋ᠢ 30 ᠭᠠᠷᠤᠶ ᠤᠳᠠᠭ᠎ᠠ ᠬᠢᠵᠦ᠍᠂ ᠬᠢᠯᠢ᠎ᠶ᠋ᠢ ᠴᠠᠭ᠍ᠳᠠᠨ ᠪᠠᠢᠴᠠᠭᠠᠬᠰᠠᠨ ᠶᠡᠷᠦᠩᠬᠡᠶ ᠣᠷᠳᠣ ᠨᠢ 10 ᠭᠠᠷᠤᠶ ᠲᠦᠮᠡᠨ ᠺᠢᠯᠣᠮᠧᠲ᠋ᠷ᠎ᠲᠦ ᠬᠦᠷᠴᠦ᠍ ᠂ ᠬᠢᠯᠢ ᠬᠢᠵᠠᠭᠠᠷ᠎ᠲᠤ ᠤᠢᠷᠠᠳᠤᠬᠰᠠᠨ ᠵᠠᠭᠤ ᠭᠠᠷᠤᠶ ᠬᠥᠮᠦᠨ ᠤᠳᠠᠭ᠎ᠠ᠎ᠶ᠋ᠢ ᠢᠳᠭᠠᠨ ᠬᠣᠷᠢᠭ᠍ᠯᠠᠪᠠ; ᠭᠠᠯ ᠰᠡᠷᠭᠡᠢᠯᠡᠨ ᠭᠠᠯ ᠤᠨᠲᠠᠷᠠᠭᠠᠬᠤ᠂ ᠡᠯ᠎ᠠ ᠲᠦᠷᠦᠯ ᠤ᠋ᠨ ᠤᠬᠠᠭᠤᠯᠭ᠎ᠠ ᠬᠦᠮᠦᠵᠢᠯ ᠵᠡᠷᠭᠡ ᠠᠵᠢᠯᠯᠠᠭ᠎ᠠ᠎ᠳᠤ 500 ᠭᠠᠷᠤᠢ ᠤᠳᠠᠭ᠎ᠠ ᠣᠷᠣᠯᠴᠠᠵᠦ᠂ ᠦᠨᠳᠦᠰᠦᠨ ᠱᠠᠳᠤᠨ ᠤ᠋ ᠵᠥᠷᠢᠴᠡᠯ ᠵᠠᠭᠤᠷᠠᠯᠳᠤᠭᠠᠨ᠎ᠢ 60 ᠭᠠᠷᠤᠶ ᠬᠠᠪᠰᠤᠷᠤᠨ ᠱᠢᠶ᠋ᠳᠪᠦᠷᠢᠯᠡᠵᠦ᠍᠂ ᠬᠢᠯᠢ ᠬᠢᠵᠠᠭᠠᠷ᠎ᠤᠨ ᠠᠮᠤᠷ ᠲᠣᠭ᠍ᠲᠠᠭᠤᠨ᠎ᠳᠤ ᠥᠪᠡᠷ᠎ᠦᠨ ᠬᠦᠴᠦᠨ ᠴᠢᠳᠠᠯ ᠵᠢᠡᠨ ᠨᠡᠮᠡᠷᠢᠯᠡᠪᠡ᠃

《ᠡᠳᠦᠭᠡ ᠤᠯᠤᠰ ᠤᠷᠤᠨ ᠡᠴᠨ ᠬᠢᠯᠢ ᠬᠠᠮᠠᠭᠠᠯᠠᠬᠴᠢ ᠵᠢᠨ ᠠᠵᠢᠯ ᠢ᠋ ᠤᠯᠠᠮ ᠲᠡᠮᠵᠢᠵᠤ ᠪᠤᠢ᠂ ᠬᠦᠯᠦᠰᠤ ᠤᠯᠭᠤᠮᠵᠢ᠂ ᠬᠤᠪᠴᠠᠰᠤ ᠬᠤᠨᠠᠷ᠂ ᠪᠠᠭᠠᠵᠢ ᠬᠡᠷᠡᠭᠰᠡᠯ ᠵᠡᠷᠭᠡ ᠵᠢ ᠰᠢᠨᠡᠳᠭᠡᠵᠦ᠂ ᠰᠢᠨ᠎ᠠ ᠴᠠᠭ ᠦᠶ᠎ᠠ ᠵᠢᠨ ᠬᠢᠯᠢ ᠬᠠᠮᠠᠭᠠᠯᠠᠭ᠍ᠴᠢ ᠪᠤᠯᠤᠬᠰᠠᠨ ᠤ᠋ ᠬᠤᠪᠢ ᠳ᠋ᠤ ᠬᠢᠯᠢ ᠨᠤᠳᠤᠭ ᠵᠢᠡᠨ ᠨᠠᠡᠭ ᠰᠠᠢᠳᠤᠷ ᠰᠠᠬᠢᠨ ᠬᠠᠮᠠᠭᠠᠯᠠᠬᠤ ᠶᠤᠰᠤᠳᠠᠢ᠃ ᠡᠪᠤᠯ ᠵᠤᠨ ᠤ᠋ ᠠᠮᠠᠷᠠᠯᠳᠠ ᠳ᠋ᠤ  ᠪᠢ ᠬᠦᠤ ᠪᠠᠨ ᠲᠠᠭᠠᠭᠤᠯᠤᠨ ᠬᠢᠯᠢ ᠪᠠᠨ ᠴᠠᠬᠳᠠᠨ ᠪᠠᠢᠴᠠᠭᠠᠳᠠᠭ᠂ ᠮᠢᠨᠤ ᠪᠤᠳᠤᠬᠤ ᠪᠡᠷ ᠡᠨᠡ ᠪᠤᠯ ᠬᠠᠮᠤᠭ ᠤ᠋ᠨ ᠠᠮᠢᠳᠤᠯᠢᠭ ᠤᠯᠤᠰ ᠵᠢᠡᠨ ᠬᠠᠢᠷᠠᠯᠠᠬᠤ ᠬᠦᠮᠦᠵᠢᠯ ᠶᠤᠮ》 ᠭᠡᠵᠦ ᠪᠠᠭᠠᠳᠤᠷᠴᠤᠬᠳᠤ ᠶᠠᠷᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号