9 ᠰᠠᠷ᠎ᠠ ᠵᠢᠨ 27 ᠤ᠋ ᠤᠷᠤᠢ᠂ 55601 ᠡᠭᠡᠯᠵᠢ ᠵᠢᠨ ᠲᠤᠷᠰᠢᠯᠳᠠ ᠵᠢᠨ ᠭᠠᠯᠳᠤ ᠲᠡᠷᠭᠡ ᠪᠤᠭᠤᠲᠤ ᠦᠷᠳᠡᠭᠡ ᠡᠴᠡ ᠮᠤᠷᠳᠠᠨ ᠭᠠᠷᠬᠤ ᠵᠢ ᠲᠠᠭᠠᠯᠳᠤᠨ᠂ ᠪᠤᠭᠤᠲᠤ ᠡᠴᠡ ᠢᠷᠭᠠᠶ ᠬᠦᠷᠬᠦ ᠲᠦᠷᠭᠡᠨ ᠤ᠋ ᠲᠡᠮᠦᠷ ᠵᠠᠮᠤᠨ ᠪᠤᠭᠤᠲᠤ ᠬᠤᠢ ᠨᠦ᠋ᠩᠤᠨ ᠬᠡᠰᠡᠭ ᠠᠶᠠᠯᠠᠯᠤᠨ ᠲᠤᠷᠰᠢᠯᠳᠠ ᠵᠢᠨ ᠱᠠᠳᠤᠨ ᠳᠠᠭᠠᠨ ᠤᠷᠤᠵᠦ᠂ ᠪᠦᠬᠦ ᠱᠤᠭᠤᠮ ᠵᠢᠡᠷ ᠵᠢᠡᠨ ᠲᠡᠷᠭᠡ ᠨᠡᠪᠳᠡᠷᠡᠬᠦ ᠴᠠᠭ ᠤᠳᠠᠯ ᠦᠭᠡᠢ ᠭᠦᠷᠴᠦ ᠢᠷᠡᠭᠦ ᠵᠢᠬᠠᠷᠠᠭᠤᠯᠵᠦ ᠪᠠᠢᠨ᠎ᠠ᠃
ᠪᠤᠭᠤᠲᠤ ᠡᠴᠡ ᠢᠷᠭᠠᠶ ᠬᠦᠷᠬᠦ ᠲᠦᠷᠭᠡᠨ ᠤ᠋ ᠲᠡᠮᠦᠷ ᠵᠠᠮ ᠪᠣᠯ ᠤᠯᠤᠰᠤᠨ︽ᠨᠠᠶ᠋ᠮᠠᠨ ᠭᠤᠯᠳᠤ ᠨᠠᠶ᠋ᠮᠠᠨ ᠬᠥᠨᠳᠡᠯᠡᠨ︾ᠲᠦᠷᠭᠡᠨ ᠤ᠋ ᠲᠡᠮᠦᠷ ᠵᠠᠮᠤᠨ ᠲᠤᠤᠷᠤᠨ ᠪᠡᠭᠡᠵᠢᠩ ᠡᠴᠡ ᠯᠠᠨᠵᠧᠦ᠍ ᠬᠦᠷᠬᠦ ᠵᠠᠮ ᠤᠨ ᠴᠢᠬᠤᠯᠠ ᠪᠦᠷᠢᠯᠳᠦᠬᠦᠨ ᠬᠡᠰᠡᠭ ᠪᠠᠢᠵᠦ᠂ ᠪᠤᠭᠤᠲᠤ ᠦᠷᠳᠡᠭᠡ ᠪᠡᠷ ᠡᠬᠢᠯᠡᠯᠳᠡ ᠵᠢᠨ ᠴᠡᠭ ᠪᠤᠯᠭᠠᠵᠦ᠂ ᠪᠠᠶᠠᠠᠨᠠᠭᠤᠷ ᠬᠤᠳᠠ᠂ ᠤᠷᠳᠤᠰ ᠬᠤᠳᠠ᠂ ᠦᠬᠠᠢ ᠬᠤᠳᠠ ᠪᠡᠷ ᠲᠠᠮᠵᠢᠨ᠂ ᠨᠢᠩᠰᠢᠶᠠ ᠵᠢᠨ ᠬᠤᠳᠤᠩ ᠦᠨᠳᠤᠰᠤᠳᠠᠨᠤ ᠦᠪᠡᠷᠳᠡᠭᠡᠨ ᠵᠠᠰᠠᠬᠤ ᠤᠷᠤᠨ ᠱᠢ ᠼᠦᠢ ᠱᠠᠨ ᠬᠤᠳᠠ ᠵᠢᠨ ᠬᠤᠢ ᠨᠦ᠋ᠩ ᠡᠮᠦᠨ᠎ᠠ ᠦᠷᠳᠡᠭᠡ ᠬᠦᠷᠴᠦ᠂ ᠲᠦᠯᠦᠪᠯᠡᠭᠰᠡᠨ ᠴᠠᠭᠤᠨ ᠬᠤᠷᠳᠤᠴᠠ ᠨᠢ 250 ᠺᠢᠯᠤᠮᠧᠲᠷ᠂ ᠱᠤᠭᠤᠮᠤᠨ ᠪᠦᠬᠦ ᠤᠷᠳᠤ ᠨᠢ ᠪᠠᠷᠤᠭ 420 ᠺᠢᠯᠤᠮᠧᠲᠷ᠂ 10 ᠦᠷᠳᠡᠭᠡ ᠲᠠᠢ᠃ ᠪᠤᠭᠤᠲᠤ ᠡᠴᠡ ᠢᠷᠭᠠᠶ ᠬᠦᠷᠬᠦ ᠲᠦᠷᠭᠡᠨ ᠤ᠋ ᠲᠡᠮᠦᠷ ᠵᠠᠮᠤᠨ ᠪᠤᠭᠤᠲᠤ ᠬᠤᠢ ᠨᠦ᠋ᠩᠤᠨ ᠬᠡᠰᠡᠭ 8 ᠰᠠᠷ᠎ᠠ ᠵᠢᠨ 2 ᠪ ᠡᠳᠦᠷ ᠬᠤᠯᠪᠤᠭᠠᠯᠠᠨ ᠲᠤᠬᠢᠷᠠᠭᠤᠯᠬᠤ ᠬᠤᠯᠪᠤᠭᠠᠯᠠᠨ ᠲᠤᠷᠰᠢᠴᠠ ᠬᠢᠭᠰᠡᠨ ᠡᠴᠡ ᠨᠠᠭᠠᠰᠢ᠂ ᠬᠤᠷᠳᠤᠴᠠ ᠪᠠᠨ ᠲᠡᠰ ᠲᠡᠰ ᠵᠢᠡᠷ ᠲᠡᠭᠡᠭᠰᠢᠯᠡᠬᠦᠯᠬᠦ ᠲᠤᠷᠰᠢᠴᠠ᠂ ᠰᠤᠷᠠᠭ ᠲᠤᠬᠢᠶᠠᠨᠤ ᠰᠢᠰᠲᠧᠮᠤᠨ ᠲᠤᠷᠰᠢᠴᠠ᠂ ᠠᠶᠤᠯ ᠭᠠᠮᠰᠢᠭ ᠢ ᠬᠢᠨᠠᠨ ᠡᠵᠡᠮᠳᠡᠵᠦ ᠤᠷᠢᠳᠴᠢᠯᠡᠨ ᠰᠡᠷᠡᠮᠵᠢᠯᠡᠬᠦᠯᠬᠦ ᠲᠤᠷᠰᠢᠴᠠ ᠵᠡᠷᠭᠡ ᠤᠯᠠᠨ ᠲᠠᠯ᠎ᠠ ᠵᠢᠨ ᠲᠤᠷᠰᠢᠴᠠ ᠵᠢ ᠪᠡᠶᠡᠯᠡᠬᠦᠯᠵᠦ᠂ ᠠᠶᠠᠯᠠᠯ ᠤᠨ ᠲᠤᠷᠰᠢᠴᠠ ᠬᠢᠬᠦ ᠨᠦᠬᠦᠴᠡᠯᠢ ᠪᠦᠷᠢᠯᠳᠦᠭᠦᠯᠦᠭᠰᠡᠨ ᠪᠠᠢᠨ᠎ᠠ᠃
2008-2025 © ᠳᠤᠮᠳᠠᠳᠤ ᠤᠯᠤᠰᠤᠨ ᠮᠤᠩᠭᠤᠯ ᠬᠡᠯᠡᠨᠤ ᠰᠤᠨᠢᠨ ᠮᠡᠳᠡᠭᠡᠨᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号