︽ᠡᠨᠡ ᠵᠢᠯ᠂ ᠬᠣᠲᠠ᠎ᠡᠴᠡ ᠣᠷᠣᠨ ᠨᠤᠲᠤᠭ᠎ᠤ᠋ᠨ ᠮᠠᠯ ᠠᠵᠤ ᠠᠬᠤᠢ ᠲᠠᠷᠢᠶᠠᠯᠠᠩ᠎ᠤᠨ ᠳᠠᠪᠠᠭᠤᠯᠢᠭᠢ᠋ᠶ᠋ᠠᠨ ᠪᠠᠳᠠᠷᠠᠭᠤᠯᠵᠤ᠂ ᠲᠠᠷᠢᠶᠠᠯᠠᠩ᠎ᠤ᠋ᠨ ᠨᠡᠢᠭᠡᠮᠴᠢᠯᠡᠭᠰᠡᠨ ᠦᠢᠯᠡᠴᠢᠯᠡᠭᠡᠨ᠎ᠦ᠌ ᠵᠣᠬᠢᠶᠠᠨ ᠪᠠᠢᠭᠤᠯᠤᠯᠲᠠ᠎ᠶ᠋ᠢ ᠶᠡᠬᠡ ᠪᠡᠷ ᠪᠣᠢᠵᠢᠭᠤᠯᠵᠤ᠂ ᠦᠢᠯᠡᠴᠢᠯᠡᠭᠡᠨ᠎ᠤ ᠵᠣᠬᠢᠶᠠᠨ ᠪᠠᠢᠭᠤᠯᠤᠯᠲᠠ᠎ᠶᠢᠨ ᠬᠠᠭᠠᠯᠪᠤᠷᠢᠯᠠᠬᠤ᠂ ᠲᠠᠷᠢᠬᠤ᠂ ᠰᠡᠷᠭᠡᠢᠯᠡᠬᠦ᠂ ᠬᠤᠷᠢᠶᠠᠬᠤ ᠵᠡᠷᠭᠡ ᠦᠢᠯᠡᠴᠢᠯᠡᠭᠡᠨ᠎ᠦ᠌ ᠭᠣᠭᠴᠣᠭᠠᠳ᠋ᠤ᠌ ᠬᠥᠳᠡᠯᠮᠦᠷᠢ ᠦᠢᠯᠡᠴᠢᠯᠡᠭᠡᠨ᠎ᠦ᠌ ᠠᠵᠢᠯ᠎ᠤ᠋ᠨ ᠪᠠᠢᠷᠢ᠎ᠶ᠋ᠢ ᠰᠢᠨ᠎ᠡ᠎ᠪᠡᠷ ᠨᠡᠮᠡᠭᠳᠡᠭᠦᠯᠬᠦ᠎ᠵᠢ ᠵᠤᠷᠢᠭᠵᠢᠭᠤᠯᠤᠨ᠂ ᠮᠠᠯᠴᠢᠨ ᠲᠠᠷᠢᠶᠠᠴᠢᠨ᠎ᠤ ᠣᠢᠷ᠎ᠠ ᠬᠠᠪᠢᠳ᠋ᠠᠭᠠᠨ ᠠᠵᠢᠯ ᠣᠯᠬᠤ᠎ᠵᠢ ᠲᠠᠢᠴᠢᠯᠠᠪᠠ︾᠃ 8 ᠰᠠᠷ᠎ᠠ᠎ᠶ᠋ᠢᠨ 25 ᠤ᠋ ᠡᠳᠦᠷ᠂ ᠪᠠᠶᠠᠨᠨᠠᠭᠤᠷ ᠬᠣᠲᠠ᠎ᠶ᠋ᠢᠨ ᠤᠷᠠᠳ᠎ᠤ᠋ᠨ ᠡᠮᠦᠨᠡᠲᠦ ᠬᠤᠰᠢᠭᠤᠨ ᠤ᠋ ᠪᠠᠭ᠎ᠠ ᠰᠢᠭᠡᠲᠡᠢ ᠪᠠᠯᠭᠠᠰᠤ᠎ᠶᠢᠨ ᠶᠦᠩ ᠬᠣᠩ ᠲᠣᠰᠬᠣᠨ᠎ᠳᠡᠬᠢ︽ᠭᠡᠷᠡᠮ᠎ᠤᠨ ᠰᠡᠭᠦᠳᠡᠷᠲᠡᠬᠢ ᠰᠤᠷᠤᠯᠴᠠᠯᠭ᠎ᠠ᠎ᠶᠢᠨ ᠭᠠᠵᠠᠷ︾ ᠤ᠋ᠨ ᠡᠮᠦᠨ᠎ᠡ ᠬᠦᠮᠦᠨᠬᠠᠷᠠ ᠲᠦᠭᠦᠷᠴᠦ᠂ ᠬᠥᠷ ᠨᠠᠷᠭᠢᠶᠠᠨᠢ᠋ᠶ᠋ᠠᠷ ᠪᠢᠯᠬᠠᠨ᠂ ᠪᠠᠯᠭᠠᠰᠤᠨ᠎ᠤ᠋ ᠺᠠᠳ᠋ᠷ᠎ᠡᠴᠡ ᠶᠠᠭ ᠲᠣᠰᠬᠣᠨ᠎ᠤ᠋ ᠠᠷᠠᠳ᠎ᠲᠤ᠌ ᠬᠠᠮᠤᠭ᠎ᠤᠨ ᠰᠢᠨ᠎ᠡ ᠠᠷᠠᠳ᠎ᠲᠤ᠌ ᠠᠰᠢᠭ ᠬᠦᠷᠲᠡᠭᠡᠬᠦ ᠲᠥᠷᠥ᠎ᠶ᠋ᠢᠨ ᠪᠣᠳᠣᠯᠭ᠎ᠠ᠎ᠶ᠋ᠢ ᠤᠬᠠᠭᠤᠯᠤᠨ ᠲᠠᠢᠯᠪᠤᠷᠢᠯᠠᠵᠤ ᠪᠠᠢᠯ᠎ᠠ᠃
ᠤᠯᠠᠮᠵᠢᠯᠠᠯᠲᠤ ᠤᠬᠠᠭᠤᠯᠤᠨ ᠲᠠᠢᠯᠪᠤᠷᠢᠯᠠᠬᠤ ᠠᠵᠢᠯᠯᠠᠭ᠎ᠠ᠎ᠶ᠋ᠢᠨ ᠭᠦᠨᠵᠡᠬᠡᠢ ᠮᠦᠷᠲᠡᠭᠡᠨ ᠤᠢᠯᠠᠭᠠᠬᠤ ᠳᠤ ᠲᠦᠭᠦᠮ ᠦᠭᠡᠢ ᠪᠠᠢᠳᠠᠭ ᠲᠠᠢ ᠤᠨᠳᠤᠤ ᠨᠢ᠂ ᠡᠨᠳᠡ ᠲᠠᠩᠳᠠ ᠦᠨᠡᠨ ᠪᠣᠳᠠᠲᠠᠢ ᠰᠡᠳᠭᠢᠯ ᠲᠤᠯᠠᠭᠠᠴᠠᠭᠤᠯᠤᠭᠰᠠᠨ ᠠᠬᠤᠢ ᠪᠠᠢᠳᠠᠯ ᠢᠯᠡᠷᠡᠵᠦ ᠪᠠᠢᠳᠠᠭ᠃ ᠲᠥᠷᠥ᠎ᠶ᠋ᠢᠨ ᠪᠣᠳᠣᠯᠭ᠎ᠠ᠎ᠶ᠋ᠢᠨ ᠠᠰᠠᠭᠤᠨ ᠯᠠᠪᠯᠠᠭ᠎ᠠ᠎ᠶ᠋ᠢᠨ ᠰᠢᠷᠡᠭᠡᠨ᠎ᠤ ᠡᠮᠦᠨ᠎ᠡ᠂ ᠤᠯᠠᠨ ᠬᠦᠮᠦᠨ ᠴᠤᠭᠯᠠᠷᠠᠨ ᠯᠠᠪᠯᠠᠭ᠎ᠠ᠎ᠶᠢᠨ ᠰᠢᠷᠡᠭᠡ᠎ᠵᠢ ᠪᠢᠲᠡᠭᠦᠦ ᠬᠦᠷᠢᠶᠡᠯᠡᠵᠦ᠂ ᠦᠪᠠᠷ ᠥᠪᠡᠷ᠎ᠦ᠋ᠨ ᠬᠠᠯᠠᠮᠵᠢᠯᠠᠵᠤ ᠪᠠᠢᠭ᠎ᠠ ᠠᠰᠠᠭᠤᠳᠠᠯᠢ᠋ᠶ᠋ᠠᠨ ᠡᠭᠡᠯᠵᠢᠯᠡᠨ ᠠᠰᠠᠭᠤᠨ ᠯᠠᠪᠯᠠᠨ᠎ᠠ᠃ ᠪᠠᠭ᠎ᠠ ᠰᠢᠭᠡᠲᠡᠢ ᠪᠠᠯᠭᠠᠰᠤᠨ᠎ᠤ᠋ ᠨᠠᠮ᠎ᠤ᠋ᠨ ᠭᠡᠰᠢᠭᠦᠨ ᠺᠠᠳ᠋ᠷ᠂ ᠲᠣᠮᠢᠯᠠᠭᠰᠠᠨ ᠰᠠᠯᠪᠤᠷᠢ᠎ᠶ᠋ᠢᠨ ᠠᠷᠠᠳ᠎ᠤ᠋ᠨ ᠴᠠᠭᠳᠠᠭ᠎ᠠ᠂ ᠡᠷᠡᠭᠦᠯ ᠬᠠᠮᠠᠭᠠᠯᠠᠯ᠎ᠤ᠋ᠨ ᠬᠣᠷᠢᠶᠠᠨ᠎ᠤ᠋ ᠡᠮᠴᠢ ᠵᠢᠴᠢ ᠰᠠᠢᠨ ᠳᠤᠷᠠᠴᠤᠳ ᠬᠣᠯᠪᠣᠭᠠᠯᠠᠨ ᠬᠦᠷᠦᠯᠴᠡᠨ ᠢᠷᠡᠵᠦ᠂ ᠬᠢᠯᠪᠠᠷ ᠣᠢᠯᠠᠭᠠᠮᠵᠢᠲᠠᠢ ᠦᠭᠡ ᠬᠡᠯᠡ᠂ ᠠᠷᠠᠳ᠎ᠲᠤ ᠲᠠᠭᠠᠯᠠᠮᠵᠢᠲᠠᠢ ᠬᠡᠯᠪᠡᠷᠢ᠎ᠪᠡᠷ ᠨᠠᠮ᠎ᠤ᠋ᠨ ᠠᠷᠠᠳ᠎ᠲᠤ᠌ ᠠᠰᠢᠭ ᠬᠦᠷᠲᠡᠭᠡᠬᠦ ᠲᠥᠷᠥ᠎ᠶ᠋ᠢᠨ ᠪᠣᠳᠣᠯᠭ᠎ᠠ᠎ᠶ᠋ᠢ ᠣᠯᠠᠨ ᠲᠦᠮᠡᠨ᠎ᠦ᠌ ᠭᠡᠷ᠎ᠤᠨ ᠬᠤᠢᠮᠤᠷ ᠲᠸ᠋ᠨᠢ ᠣᠨᠣᠪᠴᠢᠲᠠᠢ ᠬᠦᠷᠭᠡᠨ᠎ᠡ᠃
︽ᠨᠠᠮ᠎ᠤ᠋ᠨ ᠬᠣᠷᠢᠶ᠎ᠠ᠂ ᠵᠠᠰᠠᠭ ᠤ᠋ᠨ ᠣᠷᠳᠣᠨ ᠪᠢᠳᠡᠨᠳ᠋ᠦ᠍ ᠡᠢᠮᠦ ᠰᠠᠢᠨ ᠲᠠᠯᠠᠪᠤᠷ ᠬᠠᠩᠭᠠᠵᠤ᠂ ᠡᠨᠳᠡ᠎ᠡᠴᠡ ᠠᠷᠠᠳ᠎ᠲᠤ᠌ ᠠᠰᠢᠭ ᠬᠦᠷᠲᠡᠭᠡᠬᠦ ᠡᠯ᠎ᠡ ᠵᠦᠢᠯ᠎ᠦ᠋ᠨ ᠲᠥᠷᠥ᠎ᠶ᠋ᠢᠨ ᠪᠣᠳᠣᠯᠭ᠎ᠠ᠎ᠶ᠋ᠢ ᠣᠢᠯᠠᠭᠠᠵᠤ ᠳᠡᠢᠯᠬᠦ ᠮᠥᠷᠲᠡᠭᠡᠨ ᠪᠠᠰᠠ ᠡᠯ᠎ᠡ ᠵᠦᠢᠯ᠎ᠦ᠋ᠨ ᠬᠠᠯᠠᠭᠤᠨ ᠳᠣᠲᠣᠨᠣ ᠦᠢᠯᠡᠴᠢᠯᠡᠭᠡ᠎ᠶ᠋ᠢ ᠡᠳ᠋ᠯᠡᠵᠦ ᠪᠤᠯᠤᠨ᠎ᠠ᠂ ᠲᠤᠩ ᠰᠠᠢᠬᠠᠨ ᠰᠠᠨᠠᠭᠳᠠᠵᠤ ᠪᠠᠢᠨ᠎ᠠ︾ ᠭᠡᠵᠦ ᠲᠣᠰᠬᠣᠨ᠎ᠤ᠋ ᠠᠷᠠᠳ ᠸᠠᠩ ᠢᠦᠢ ᠶᠢᠩ ᠴᠢᠩ ᠰᠡᠳᠬᠢᠯ᠎ᠡᠴᠡ᠎ᠪᠡᠨ ᠶᠠᠷᠢᠨ᠎ᠠ᠃
《ᠭᠡᠷᠡᠮ᠎ᠤᠨ ᠰᠡᠭᠦᠳᠡᠷᠲᠡᠬᠢ ᠰᠤᠷᠤᠯᠴᠠᠯᠭ᠎ᠠ᠎ᠶᠢᠨ ᠭᠠᠵᠠᠷ》 ᠨᠢ ᠤᠯᠠᠮᠵᠢᠯᠠᠯᠲᠤ ᠤᠬᠠᠭᠤᠯᠤᠨ ᠲᠠᠢᠯᠪᠤᠷᠢᠯᠠᠯᠲᠠ᠎ᠶᠢᠨ ᠬᠤᠷᠠᠯ᠎ᠤ᠋ᠨ ᠭᠡᠷ ᠲᠤ ᠦᠷᠨᠢᠭᠦᠯᠳᠡᠭ ᠬᠡᠪᠰᠢᠮᠡᠯ ᠣᠷᠣᠨ ᠪᠠᠢᠷᠢ᠎ᠵᠢ ᠡᠪᠳᠡᠵᠦ᠂ ᠬᠢᠴᠢᠶᠡᠯ᠎ᠦ᠋ᠨ ᠲᠠᠩᠬᠢᠮ ᠢ᠋ ᠣᠯᠠᠨ ᠲᠦᠮᠡᠨ᠎ᠦ᠌ ᠡᠳᠦᠷ ᠳᠣᠳᠣᠮ᠎ᠤ᠋ᠨ ᠴᠤᠭᠯᠠᠷᠠᠳᠠᠭ ᠭᠡᠷᠡᠮ᠎ᠤᠨ ᠰᠡᠭᠦᠳᠡᠷᠲᠤ᠌ ᠨᠡᠭᠦᠯᠭᠡᠨ ᠠᠪᠴᠢᠷᠠᠭᠰᠠᠨ ᠪᠠᠢᠨ᠎ᠠ᠃ ᠡᠨᠡᠬᠦ ᠣᠷᠣᠨ ᠵᠠᠢ᠎ᠶ᠋ᠢᠨ ᠰᠣᠯᠢᠭᠳᠠᠯ ᠨᠢ ᠳᠥᠬᠥᠮᠬᠡᠨ ᠭᠠᠵᠠᠷ᠎ᠦᠨ ᠪᠠᠢᠷᠢ᠎ᠶᠢᠨ ᠬᠤᠪᠢᠷᠠᠯᠲᠠ ᠳᠡᠳᠤᠢ ᠪᠢᠰᠢ᠂ ᠬᠠᠷᠢᠨ ᠤᠬᠠᠭᠤᠯᠤᠨ ᠲᠠᠢᠯᠪᠤᠷᠢᠯᠠᠬᠤ ᠲᠠᠯᠠᠪᠠᠢ᠎ᠶ᠋ᠢ ᠣᠯᠠᠨ ᠲᠦᠮᠡᠨ᠎ᠦ᠌ ᠠᠮᠢᠳᠤᠷᠠᠯ᠎ᠲᠠᠢ ᠨᠡᠩ ᠣᠢᠷᠠᠲᠤᠭᠤᠯᠵᠤ᠂ ᠲᠣᠰᠬᠣᠨ᠎ᠤ᠋ ᠠᠷᠠᠳ᠎ᠤ᠋ᠨ ᠳᠡᠷᠭᠡᠳᠡᠬᠢ ᠬᠠᠮᠤᠭᠠ᠋ᠴᠠ ᠤᠢᠷᠠᠬᠠᠨ ᠰᠤᠷᠤᠯᠴᠠᠵᠤ ᠰᠣᠯᠢᠯᠴᠠᠬᠤ ᠭᠠᠵᠠᠷ ᠪᠤᠯᠤᠭᠰᠠᠨ ᠪᠠᠢᠨ᠎ᠠ᠃ ᠡᠭᠦᠨ᠎ᠦ᠌ ᠬᠠᠮᠲᠤ ᠢᠯᠡᠳᠬᠡᠬᠦ ᠠᠷᠭ᠎ᠠ ᠮᠠᠶᠢᠬ᠎ᠤ᠋ᠨ ᠲᠠᠯ᠎ᠠ᠎ᠪᠠᠷ᠂︽ᠭᠡᠷᠡᠮ᠎ᠤᠨ ᠰᠡᠭᠦᠳᠡᠷᠲᠡᠬᠢ ᠰᠤᠷᠤᠯᠴᠠᠯᠭ᠎ᠠ᠎ᠶᠢᠨ ᠭᠠᠵᠠᠷ ︾ ᠨᠢ ︽ᠬᠡᠷᠡᠭ᠎ᠦ᠋ᠨ ᠵᠢᠱ᠌ᠢᠶ᠎ᠡ᠎ᠶ᠋ᠢ ᠪᠣᠳᠠᠲᠠᠢᠵᠢᠭᠤᠯᠬᠤ︾᠂ ︽ ᠪᠡᠶ᠎ᠡ ᠪᠡᠷ ᠢᠶᠡᠨ ᠣᠷᠣᠯᠴᠠᠬᠤ ᠬᠡᠯᠪᠡᠷᠢ︾᠂ ︽ᠠᠬᠤᠢ ᠲᠠᠯᠠᠪᠠᠢ᠎ᠶ᠋ᠢ ᠬᠣᠯᠪᠣᠭᠳᠠᠭᠤᠯᠬᠤ ︾ ᠵᠡᠷᠭᠡ ᠤᠶᠠᠨ ᠬᠠᠳᠠᠨ ᠠᠷᠭ᠎ᠠ ᠪᠠᠷᠢᠯᠢ᠋ ᠬᠡᠷᠡᠭᠯᠡᠵᠦ᠂ ᠬᠡᠢᠰᠪᠦᠷᠢ ᠲᠥᠷᠥ᠎ᠶ᠋ᠢᠨ ᠪᠣᠳᠣᠯᠭ᠎ᠠ᠎ᠶ᠋ᠢ ᠣᠯᠠᠨ ᠲᠦᠮᠡᠨ᠎ᠦ᠌ ᠣᠢᠯᠠᠭᠠᠵᠤ ᠮᠡᠳᠡᠬᠦ ᠠᠮᠢᠳᠤᠷᠠᠯ᠎ᠤ᠋ᠨ ᠲᠣᠭᠠᠴᠢᠯᠲᠠ ᠪᠣᠯᠭᠠᠵᠤ᠂ ᠲᠥᠷᠥ᠎ᠶ᠋ᠢᠨ ᠪᠣᠳᠣᠯᠭ᠎ᠠ᠎ᠶ᠋ᠢᠨ ᠤᠬᠠᠭᠤᠯᠭ᠎ᠠ᠎ᠶ᠋ᠢ ᠦᠨᠡᠨ ᠬᠦ ᠲᠠᠷᠢᠬᠢ ᠲᠣᠯᠣᠭᠠᠢᠳ᠋ᠤᠨᠢ ᠰᠢᠩᠭᠡᠭᠡᠵᠠᠢ᠃
ᠡᠨᠡ ᠵᠢᠯ᠂ ᠪᠠᠭ᠎ᠠ ᠰᠢᠭᠡᠲᠡᠢ ᠪᠠᠯᠭᠠᠰᠤᠨ᠎ᠤ᠋ ᠨᠠᠮ᠎ᠤ᠋ᠨ ᠬᠣᠷᠢᠶ᠎ᠠ ᠂ ᠵᠠᠰᠠᠭ᠎ᠤ᠋ᠨ ᠣᠷᠳᠣᠨ ᠣᠯᠠᠨ ᠲᠦᠮᠡᠨ᠎ᠦ᠌ 《ᠪᠢᠴᠢᠯ ᠵᠢᠵᠢᠭ ᠬᠡᠷᠡᠭᠴᠡᠭᠡ 》 ᠳᠡᠭᠡᠷ᠎ᠡ ᠠᠩᠬᠠᠷᠤᠯᠢ᠋ᠶ᠋ᠠᠨ ᠲᠥᠪᠯᠡᠷᠡᠭᠦᠯᠵᠦ᠂ ᠰᠡᠳᠬᠢᠮᠵᠢ ᠪᠡᠨ ᠰᠢᠨᠡᠴᠢᠯᠡᠨ᠂ ᠭᠡᠷᠡᠮ᠎ᠤᠨ ᠰᠡᠭᠦᠳᠡᠷᠲᠡᠬᠢ ᠰᠤᠷᠤᠯᠴᠠᠯᠭ᠎ᠠ᠎ᠶᠢᠨ ᠭᠠᠵᠠᠷ 》 ᠭᠡᠬᠦ ᠡᠨᠡᠬᠦ ᠨᠠᠮ᠎ᠤ᠋ᠨ ᠪᠠᠢᠭᠤᠯᠤᠯᠲᠠ᠎ᠶ᠋ᠢᠨ ᠨᠡᠷᠡᠲᠦ ᠲᠡᠮᠳᠡᠭ ᠪᠣᠯᠤᠨ ᠰᠠᠢᠨ ᠳᠤᠷ᠎ᠠ᠎ᠶ᠋ᠢᠨ ᠦᠢᠯᠡᠴᠢᠯᠡᠭᠡᠨ᠎ᠦ᠌ ᠨᠡᠷᠡᠲᠦ ᠲᠡᠮᠳᠡᠭ ᠢ᠋ ᠴᠢᠷᠮᠠᠢᠨ ᠡᠭᠦᠳᠪᠡ᠃ ᠡᠨᠡ ᠬᠦ ᠰᠢᠨ᠎ᠡ᠎ᠶ᠋ᠢ ᠪᠦᠲᠦᠭᠡᠬᠦ ᠠᠷᠭ᠎ᠠ ᠬᠡᠮᠵᠢᠶ᠎ᠡ᠎ᠪᠡᠷ ᠳᠠᠮᠵᠢᠭᠤᠯᠵᠤ᠂ ᠨᠠᠮ᠎ᠤ᠋ᠨ ᠣᠨᠣᠯᠢ᠋ ᠰᠤᠷᠲᠠᠯᠴᠢᠯᠠᠬᠤ᠂ ᠲᠦᠷᠦ᠎ᠶᠢᠨ ᠪᠣᠳᠣᠯᠭ᠎ᠠ᠎ᠶ᠋ᠢ ᠲᠠᠢᠯᠪᠤᠷᠢᠯᠠᠬᠤ ᠪᠣᠯᠤᠨ ᠪᠤᠯᠪᠠᠰᠤᠨ᠎ᠤ ᠦᠢᠯᠡᠳᠦᠯᠭᠡ᠎ᠶᠢᠨ ᠰᠠᠢᠨ ᠳᠤᠷ᠎ᠠ ᠶ᠋ᠢᠨ ᠦᠢᠯᠡᠴᠢᠯᠡᠭᠡᠨ ᠦ᠌ ᠠᠵᠢᠯᠯᠠᠭ᠎ᠠ᠎ᠶ᠋ᠢ ᠤᠯᠠᠮᠵᠢᠯᠠᠯᠲᠤ ᠬᠤᠷᠠᠯ᠎ᠤ᠋ᠨ ᠲᠠᠯᠠᠪᠠᠢᠠ᠋ᠴᠠ ᠲᠠᠷᠢᠶᠠᠴᠢᠨ ᠠᠢᠯ᠎ᠤ᠋ᠨ ᠭᠡᠷ ᠤᠨ ᠬᠤᠢᠮᠤᠷ ᠳᠤᠨᠢ ᠬᠦᠷᠲᠡᠯ᠎ᠡ ᠥᠷᠨᠢᠭᠦᠯᠵᠦ᠂ ᠨᠠᠮ ᠤ᠋ᠨ ᠲᠠᠭᠤ ᠬᠤᠭᠤᠯᠠᠢ᠎ᠶ᠋ᠢ ᠬᠥᠳᠡᠭᠡ ᠲᠣᠰᠬᠣᠨ᠎ᠤ᠋ ᠥᠨᠴᠥᠭ ᠪᠣᠯᠤᠩ ᠪᠦᠷᠢ᠎ᠳ᠋ᠦ᠍ ᠲᠠᠭᠤᠷᠢᠰᠬᠠᠪᠠ᠃
《 ᠡᠨᠡ ᠵᠢᠯ ᠂ ᠪᠢᠳᠡ ᠠᠷᠠᠳ ᠣᠯᠠᠨᠤ᠋ ᠬᠡᠷᠡᠭᠴᠡᠭᠡ ᠱᠠᠭᠠᠷᠳᠠᠯᠭᠠᠳ᠋ᠤ᠌ ᠠᠩᠬᠠᠷᠤᠯ ᠲᠠᠯᠪᠢᠵᠤ᠂ ᠰᠤᠯᠠ ᠰᠡᠯᠡᠭᠦᠦ ᠭᠠᠵᠠᠷ ᠪᠣᠯᠤᠨ ᠡᠳ᠋ ᠪᠣᠳᠠᠰᠢ᠋ ᠭᠦᠢᠴᠡᠳ ᠠᠰᠢᠭᠯᠠᠨ᠂ ᠲᠥᠷᠥ᠎ᠶ᠋ᠢᠨ ᠪᠣᠳᠣᠯᠭ᠎ᠠ᠎ᠶ᠋ᠢᠨ ᠤᠬᠠᠭᠤᠯᠭ᠎ᠠ᠂ ᠰᠡᠯᠡᠭᠦᠴᠡᠯ ᠵᠤᠭ᠎ᠠ ᠴᠡᠩᠭᠡᠯ ᠢ᠋ ᠨᠢᠭᠡ ᠴᠤᠭᠴᠠᠵᠢᠭᠤᠯᠤᠭᠰᠠᠨ〈ᠭᠡᠷᠡᠮ᠎ᠤᠨ ᠰᠡᠭᠦᠳᠡᠷᠲᠡᠬᠢ ᠰᠤᠷᠤᠯᠴᠠᠯᠭ᠎ᠠ᠎ᠶᠢᠨ ᠭᠠᠵᠠᠷ〉 ᠢ᠋ ᠪᠠᠢᠭᠤᠯᠤᠭᠰᠠᠨ ᠶᠤᠮ᠃ ᠣᠳᠣ ᠡᠨᠡ ᠨᠢ ᠨᠢᠭᠡᠨᠲᠡ ᠲᠣᠰᠬᠣᠨ ᠤ᠋ ᠬᠥᠮᠦᠰ ᠦ᠋ᠨ ᠬᠠᠮᠤᠭ᠎ᠡᠴᠡ ᠴᠤᠭᠯᠠᠷᠠᠬᠤ ᠲᠤᠷᠠᠲᠠᠢ ᠵᠢᠷᠭᠠᠯ᠎ᠤᠨ ᠪᠤᠯᠤᠩ ᠪᠤᠯᠵᠠᠢ᠃ ᠪᠢᠳᠡ ᠡᠨᠡ ᠬᠦ᠌ ᠠᠮᠵᠢᠯᠲᠠ᠎ᠲᠠᠢ ᠲᠤᠷᠰᠢᠯᠭ᠎ᠠ ᠶ᠋ᠢ ᠠᠯᠬᠤᠮ ᠠᠯᠬᠤᠮᠢ᠋ᠶ᠋ᠠᠷ ᠳᠡᠯᠭᠡᠷᠡᠭᠦᠯᠵᠦ ᠂ ᠨᠡᠩ ᠣᠯᠠᠨ ᠠᠷᠠᠳ᠎ᠲᠤ ᠠᠰᠢᠭ ᠬᠦᠷᠲᠡᠭᠡᠬᠦ ᠪᠡᠷ ᠴᠢᠷᠮᠠᠢᠵᠦ ᠪᠠᠢᠨ᠎ᠠ 》 ᠭᠡᠮᠡᠨ ᠪᠠᠭ᠎ᠠ ᠰᠢᠭᠡᠲᠡᠢ ᠪᠠᠯᠭᠠᠰᠤᠨ᠎ᠤ᠋ ᠨᠠᠮ᠎ᠤ᠋ᠨ ᠬᠣᠷᠢᠶ᠎ᠠ ᠵᠢᠨ ᠭᠡᠰᠢᠭᠦᠨ᠂ ᠤᠬᠠᠭᠤᠯᠬᠤ ᠭᠡᠰᠢᠭᠦᠨ ᠯᠢᠦ ᠬᠣᠣ ᠮᠠᠨ ᠢᠲᠡᠭᠡᠯ ᠲᠡᠭᠦᠯᠳᠡᠷᠢ᠋ᠶ᠋ᠡᠷ ᠢᠯᠡᠳᠬᠡᠨ᠎ᠡ᠃
ᠪᠣᠯᠪᠠᠰᠤᠷᠠᠯ᠎ᠤ᠋ᠨ ᠭᠠᠵᠠᠷ ᠪᠠᠭ᠎ᠠ ᠪᠣᠯᠪᠠᠴᠤ ᠠᠰᠤᠷᠤ ᠶᠡᠬᠡ ᠡᠨᠧᠷᠭᠢ ᠠᠭᠤᠯᠵᠤ ᠪᠠᠢᠭ᠎ᠠ ᠨᠢ ᠬᠥᠮᠦᠰ᠎ᠦ᠋ᠨ ᠰᠡᠳᠬᠢᠯ᠎ᠢ᠋ ᠨᠢᠭᠲᠠᠷᠠᠭᠤᠯᠬᠤ 《ᠬᠦᠴᠦᠲᠡᠢ ᠰᠣᠷᠢᠨᠵᠢᠨ ᠣᠷᠣᠨ》 ᠰᠢᠭ᠋ ᠪᠠᠢᠯ᠎ᠠ᠃ ᠡᠨᠡ ᠬᠦ ᠲᠣᠰᠬᠣᠨ ᠤ᠋ ᠠᠷᠠᠳ ᠤ᠋ᠨ ᠭᠡᠷ᠎ᠦᠨ ᠬᠤᠢᠮᠤᠷᠲᠡᠬᠢ︽ᠭᠡᠷᠡᠮ᠎ᠤᠨ ᠰᠡᠭᠦᠳᠡᠷᠲᠡᠬᠢ ᠰᠤᠷᠤᠯᠴᠠᠯᠭ᠎ᠠ᠎ᠶᠢᠨ ᠭᠠᠵᠠᠷ︾᠎ᠨᠢ ᠨᠢᠭᠡᠨᠲᠡ ᠲᠣᠰᠬᠣᠨ᠎ᠤ᠋ ᠠᠷᠠᠳ᠎ᠤ᠋ᠨ ᠡᠳᠦᠷ ᠲᠤᠲᠤᠮ᠎ᠤ᠋ᠨ ᠠᠮᠢᠳᠤᠷᠠᠯ ᠳ᠋ᠤ᠌ ᠭᠦᠨᠵᠡᠭᠡᠢᠷᠡᠨ ᠣᠷᠣᠵᠤ᠂ ᠲᠣᠰᠬᠣᠨ᠎ᠤ᠋ ᠠᠷᠠᠳ᠎ᠤ᠋ᠨ ᠡᠭᠦᠳᠡᠨᠳ᠋ᠡᠬᠢ ︽ᠵᠣᠯ ᠵᠢᠷᠭᠠᠯ ᠤ᠋ᠨ ᠥᠷᠲᠡᠭᠡ︾ ᠪᠣᠯᠤᠭᠰᠠᠨ ᠪᠥᠭᠡᠳ ᠬᠠᠮᠤᠭ᠎ᠤ᠋ᠨ ᠠᠷᠠᠳ᠎ᠲᠤ ᠲᠠᠭᠠᠯᠠᠮᠵᠢᠲᠠᠢ ᠬᠡᠯᠪᠡᠷᠢ ᠪᠡᠷ ᠦᠨᠳᠦᠰᠦᠨ ᠱᠠᠲᠤᠨ ᠤ᠋ ᠦᠢᠯᠡᠴᠢᠯᠡᠭᠡᠨ᠎ᠦ᠌ ᠳᠤᠯᠠᠭᠠᠨ᠎ᠤ᠋ ᠬᠡᠮᠵᠢᠶ᠎ᠡ ᠪᠣᠯᠤᠨ ᠦᠷ᠎ᠡ ᠪᠦᠲᠦᠮᠵᠢ ᠶ᠋ᠢ ᠠᠮᠢᠳᠤᠯᠢᠭ᠎ᠢ᠋ᠶ᠋ᠠᠷ ᠬᠠᠷᠠᠭᠤᠯᠵᠤ᠂ ᠦᠨᠳᠦᠰᠦᠨ ᠱᠠᠲᠤᠨ᠎ᠤ᠋ ᠨᠠᠮ ᠤ᠋ᠨ ᠪᠠᠢᠭᠤᠯᠤᠯᠲᠠ ᠪᠣᠯᠤᠨ ᠬᠥᠳᠡᠭᠡ ᠲᠣᠰᠬᠣᠨᠢ᠋ ᠬᠥᠭᠵᠢᠭᠦᠯᠦᠨ ᠮᠠᠨᠳᠤᠭᠤᠯᠬᠤ ᠵᠢᠷᠤᠭ᠎ᠤ᠋ᠨ ᠳᠣᠲᠣᠷᠠᠬᠢ ᠨᠢᠭᠡᠨ ᠬᠥᠮᠦᠰ᠎ᠦ᠋ᠨ ᠰᠡᠳᠬᠢᠯ ᠢ᠋ ᠨᠢᠭᠲᠠᠷᠠᠭᠤᠯᠤᠨ᠂ ᠵᠣᠯ ᠵᠢᠷᠭᠠᠯ᠎ᠤ᠋ᠨ ᠰᠡᠳᠬᠢᠭᠳᠡᠯᠢ᠋ ᠳᠡᠭᠡᠭᠰᠢᠯᠡᠭᠦᠯᠬᠦ ᠬᠠᠯᠠᠭᠤᠨ ᠳᠤᠯᠠᠭᠠᠨ ᠪᠠᠢᠷᠢᠰᠢᠯ ᠪᠣᠯᠵᠤ᠂ ᠬᠥᠳᠡᠭᠡ ᠲᠣᠰᠬᠣᠨᠢ᠋ ᠨᠡᠩ ᠰᠠᠢᠨ ᠰᠠᠢᠬᠠᠨ ᠢᠷᠡᠭᠡᠳᠦᠢ ᠳᠠᠢᠰᠢ ᠬᠥᠲᠥᠯᠦᠨ ᠵᠢᠯᠣᠭᠣᠳᠴᠤ ᠯᠠᠪᠳᠠᠭᠤᠨᠢ᠋ᠶ᠋ᠠᠷ ᠤᠷᠤᠭᠰᠢᠯᠠᠭᠤᠯᠵᠤ ᠪᠠᠢᠨ᠎ᠠ᠃