ᠤᠢᠷ᠎ᠠ ᠵᠢᠨ ᠡᠳᠦᠷ᠂ ᠳᠥᠷᠪᠡᠳᠦᠭᠡᠷ ᠬᠤᠭᠤᠴᠠᠭᠠᠨ᠎ᠤ᠋ ᠤᠯᠠᠭᠠᠨᠰᠤᠬᠠᠢᠨᠠᠭᠤᠷᠢ ᠲᠤᠭᠤᠷᠢᠬᠤ ᠳᠤᠭᠤᠢ ᠲᠡᠷᠭᠡᠨᠦ᠌ ᠤᠷᠢᠯᠭ᠎ᠠ᠎ᠶ᠋ᠢᠨ ᠤᠷᠤᠯᠳᠤᠭᠠᠨ᠎ᠤ᠋ ᠬᠤᠪᠢ ᠬᠥᠮᠦᠨ᠎ᠦ᠌ ᠤᠷᠤᠯᠳᠤᠭᠠᠨ ᠶᠠᠪᠤᠭᠳᠠᠵᠤ᠂ ᠪᠦᠬᠦ ᠣᠷᠣᠨ᠎ᠤ᠋ 130 ᠲᠠᠮᠢᠷᠴᠢᠨ ᠦᠷᠦ᠋ᠨ ᠲᠤᠶᠠᠭ᠎ᠠ᠎ᠶ᠋ᠢ ᠤᠭᠲᠤᠨ᠂ ᠨᠠᠭᠤᠷ᠎ᠤ᠋ᠨ ᠦᠵᠡᠮᠵᠢ᠎ᠵᠢ ᠰᠤᠨᠢᠷᠬᠠᠨ ᠤᠷᠤᠯᠳᠤᠭᠰᠠᠨ ᠪᠠᠢᠨ᠎ᠠ᠃
ᠦᠳᠡ᠎ᠶ᠋ᠢᠨ ᠡᠮᠦᠨᠡᠬᠢ 9 ᠴᠠᠭ᠎ᠲᠤ᠌᠂ ᠲᠤᠬᠢᠶᠠᠨ ᠫᠤᠤ ᠳᠤᠤᠭᠠᠷᠬᠤ᠎ᠶ᠋ᠢ ᠳᠠᠭᠠᠯᠳᠤᠨ᠂ ᠤᠷᠤᠯᠳᠤᠭᠠᠨᠳ᠋ᠤ᠌ ᠣᠷᠣᠯᠴᠠᠭᠰᠠᠳ ᠬᠥᠪᠴᠢ ᠡᠴᠡ ᠪᠠᠨ ᠰᠠᠯᠤᠭᠰᠠᠨ ᠰᠤᠮᠤ ᠰᠢᠭ᠋ ᠡᠬᠢᠯᠡᠯᠲᠡ ᠵᠢᠨ ᠴᠡᠭ ᠡᠴᠡ ᠮᠤᠷᠳᠠᠵᠠᠭᠠᠪᠠ᠃ ᠲᠤᠩᠭᠠᠯᠠᠭ ᠴᠡᠩᠬᠡᠷ ᠤᠯᠠᠭᠠᠨᠰᠤᠬᠠᠢ ᠨᠠᠭᠤᠷ ᠲᠣᠮᠣ ᠡᠷᠳᠡᠨᠢ᠎ᠶ᠋ᠢᠨ ᠴᠢᠯᠠᠭᠤ ᠮᠡᠲᠦ ᠮᠡᠯᠲᠡᠯᠵᠡᠨ᠂ ᠰᠦᠷᠦᠭ ᠰᠦᠷᠦᠭ ᠨᠡᠭᠦᠳᠡᠯᠦ᠋ᠨ ᠰᠢᠪᠠᠭᠤ ᠳᠡᠭᠡᠭᠦᠷ ᠨᠢ ᠬᠠᠯᠢᠨ ᠨᠢᠰᠦᠨ᠎ᠡ ᠃ ᠲᠤᠭᠤᠢ ᠲᠡᠷᠭᠡᠨ᠎ᠤ ᠲᠠᠮᠢᠷᠴᠢᠳ ᠡᠨᠡ ᠬᠦ᠌ ᠰᠠᠢᠬᠠᠨ ᠦᠵᠡᠮᠵᠢ ᠵᠢᠨ ᠳᠤᠮᠳᠠᠭᠤᠷ ᠰᠦᠯᠵᠢᠯᠳᠦᠨ᠂ ᠮᠤᠷᠤᠢᠬᠤ ᠬᠡᠰᠡᠭ ᠲᠦ᠍ ᠠᠳᠠᠯᠢ ᠪᠤᠰᠤ ᠪᠠᠢᠭᠠᠯᠢ᠎ᠶ᠋ᠢᠨ ᠦᠵᠡᠮᠵᠢᠬᠠᠷᠠᠭᠠ ᠪᠠᠶᠠᠰᠬᠠᠨ᠎ᠠ᠃
ᠯᠢᠨ ᠾᠧ ᠲᠣᠭᠣᠷᠢᠭ᠎ᠤ᠋ᠨ ᠲᠠᠮᠢᠷᠴᠢᠨ ᠵᠠᠩ ᠵᠢᠶᠦ᠋ᠨ ᠮᠧᠢ᠄《ᠪᠢ ᠯᠢᠨ ᠾᠧ ᠲᠣᠭᠣᠷᠢᠭ ᠡᠴᠡ ᠢᠷᠡᠯ᠎ᠡ᠂ ᠬᠣᠶᠠᠳᠤᠭᠠᠷ ᠤᠳᠠᠭ᠎ᠠ ᠤᠯᠠᠭᠠᠨᠰᠤᠬᠠᠢ ᠨᠠᠭᠤᠷ᠎ᠢ ᠲᠣᠭᠣᠷᠢᠬᠤ ᠳᠤᠭᠤᠢ ᠲᠡᠷᠭᠡᠨᠦ᠌ ᠤᠷᠤᠯᠳᠤᠭᠠᠨᠳ᠋ᠤ᠌ ᠣᠷᠣᠯᠴᠠᠵᠤ ᠪᠠᠢᠨ᠎ᠠ᠂ ᠵᠠᠮ ᠲᠤᠷᠰᠢ ᠥᠩᠭᠡ ᠦᠵᠡᠮᠵᠢ ᠮᠠᠰᠢ ᠭᠣᠶᠣ ᠡ》ᠭᠡᠮᠡᠨ ᠰᠤᠷᠪᠤᠯᠵᠢᠯᠠᠭᠴᠢ᠎ᠳᠤ ᠲᠤᠭᠳᠤᠯᠤᠨ ᠶᠠᠷᠢᠯ᠎ᠠ᠃
ᠪᠠᠶᠠᠨᠨᠠᠭᠤᠷ ᠬᠣᠲᠠ᠎ᠶ᠋ᠢᠨ ᠤᠷᠠᠳ᠎ᠤ᠋ᠨ ᠡᠮᠦᠨᠡᠲᠦ ᠬᠤᠰᠢᠭᠤ 4 ᠵᠢᠯ ᠳᠠᠷᠠᠭᠠᠯᠠᠨ ᠲᠤᠰ ᠤᠷᠤᠯᠳᠤᠭᠠᠨ᠎ᠢ ᠵᠣᠬᠢᠶᠠᠨ ᠪᠠᠢᠭᠤᠯᠤᠭᠠᠳ᠂ ᠤᠳᠤ ᠨᠢᠭᠡᠨᠲᠡ ᠲᠥᠷᠥᠯ ᠲᠡᠮᠳᠡᠭᠲᠦ ᠤᠷᠤᠯᠳᠤᠭᠠᠨ ᠪᠤᠯᠵᠤ ᠬᠦᠭᠵᠢᠪᠡ᠃ ᠤᠯᠠᠭᠠᠨᠰᠤᠬᠠᠢ ᠨᠠᠭᠤᠷ᠎ᠢ ᠲᠤᠭᠤᠷᠢᠬᠤ ᠳᠤᠭᠤᠢ ᠲᠡᠷᠭᠡᠨᠦ᠌ ᠤᠷᠤᠯᠳᠤᠭᠠᠨ︽ᠪᠡᠶ᠎ᠡ᠎ᠶ᠋ᠢᠨ ᠲᠠᠮᠢᠷ᠎ᠤ᠋ᠨ ᠤᠷᠤᠯᠳᠤᠭᠠᠨ︾᠎ᠤ᠋ ᠲᠠᠩ ᠴᠤᠯᠭᠤᠢ ᠬᠦᠷᠢᠶ᠎ᠡ ᠬᠡᠪᠴᠢᠶ᠎ᠡ ᠵᠢ ᠳᠠᠪᠠᠭᠠᠳ᠂ ᠲᠤᠬᠠᠢ᠎ᠶ᠋ᠢᠨ ᠭᠠᠵᠠᠷ᠎ᠤ᠋ᠨ ᠠᠮᠢ ᠠᠬᠤᠢ᠂ ᠰᠣᠶᠣᠯ ᠪᠣᠯᠤᠨ ᠵᠢᠭᠤᠯᠴᠢᠯᠠᠯ᠎ᠢ ᠠᠭᠤᠰᠤᠯᠴᠠᠭᠤᠯᠵᠠᠢ᠃ ᠲᠡᠷᠡ ᠨᠢ︽ᠳᠤᠭᠤᠢ ᠤᠨᠤᠬᠤ︾᠎ᠪᠠᠷ ᠥᠪᠡᠷᠮᠢᠴᠡ ᠵᠠᠭᠤᠴᠢᠯᠠᠭᠤᠷ ᠪᠣᠯᠭᠠᠵᠤ᠂ ᠤᠯᠠᠭᠠᠠᠰᠤᠬᠠᠢ᠎ᠶ᠋ᠢᠨ ᠨᠤᠭᠤ ᠭᠠᠵᠠᠷ᠎ᠤ᠋ᠨ ᠠᠮᠢ ᠠᠬᠤᠢ᠂ ᠲᠠᠯ᠎ᠠ ᠨᠤᠲᠤᠭ᠎ᠤ᠋ᠨ ᠰᠣᠶᠣᠯ ᠪᠣᠯᠤᠨ ᠨᠠᠯᠠᠭᠠᠷ ᠨᠠᠮᠤᠷ᠎ᠤ᠋ᠨ ᠦᠵᠡᠮᠵᠢ᠎ᠵᠢ ᠤᠯᠠᠨ᠎ᠳᠤ ᠤᠢᠯᠠᠭᠠᠭᠤᠯᠤᠨ᠂ ᠲᠤᠬᠠᠢ᠎ᠶ᠋ᠢᠨ ᠭᠠᠵᠠᠷ᠎ᠤ᠋ᠨ︽ᠪᠡᠶ᠎ᠡ᠎ᠶ᠋ᠢᠨ ᠲᠠᠮᠢᠷ + ᠰᠣᠶᠣᠯ + ᠵᠢᠭᠤᠯᠴᠢᠯᠠᠯ︾ᠦ᠋ᠨ ᠠᠭᠤᠰᠤᠯᠴᠠᠨ ᠬᠥᠭᠵᠢᠬᠦᠳ᠋ᠦ᠍ ᠠᠮᠢᠵᠢᠷᠠᠯ᠎ᠤ᠋ᠨ ᠬᠦᠴᠦᠨ ᠨᠡᠮᠡᠷᠢᠯᠡᠵᠦ ᠪᠤᠢ᠃