ᠬᠥᠬᠡᠬᠣᠲᠠ ᠲᠦᠩᠯᠢᠶᠣᠤ ᠵᠢᠨ ᠠᠩᠬᠢ ᠱᠢᠶ᠋ᠳᠪᠦᠷᠢᠲᠦ ᠤᠷᠤᠯᠳᠤᠭᠠᠨ᠎ᠳᠤ ᠦᠷᠢᠰᠦᠯᠳᠦᠨ᠎ᠡ
2025-10-20 11:14:36
ᠵᠣᠬᠢᠶᠠᠭ᠍ᠴᠢ᠄
ᠬᠤᠩ ᠰᠢᠶᠠ
ᠣᠩᠱᠢᠭ᠍ᠰᠠᠨ ᠣᠳᠠᠭ᠎ᠠ᠄
★★★☆☆

10 ᠰᠠᠷ᠎ᠠ᠎ᠶ᠋ᠢᠨ 12 ᠎ᠤ᠋ᠨ ᠡᠳᠦᠷ 2025 ᠣᠨ᠎ᠤ ᠢᠯᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠥᠯ ᠪᠥᠮᠪᠥᠭᠡ᠎ᠶ᠋ᠢᠨ ᠬᠡᠲᠦ ᠲᠡᠰ᠎ᠤᠨ ᠬᠣᠯᠪᠣᠭᠠᠲᠤ ᠤᠷᠤᠯᠳᠤᠭᠠᠨ᠎ᠤ ᠬᠠᠭᠠᠰ ᠱᠢᠶ᠋ᠳᠪᠦᠷᠢᠲᠦ ᠤᠷᠤᠯᠳᠤᠭᠠᠨ᠎ᠤ ᠬᠣᠶᠠᠳᠤᠭᠠᠷ ᠡᠭᠡᠯᠵᠢ᠎ᠶ᠋ᠢᠨ ᠲᠡᠮᠡᠴᠡᠭᠡᠨ ᠶᠠᠪᠤᠭᠳᠠᠵᠤ᠂ ᠬᠥᠬᠡᠬᠣᠲᠠ᠎ᠶ᠋ᠢᠨ ᠠᠩᠭᠢ᠎ᠶ᠋ᠢᠨ ᠬᠢᠨ 2᠄ 1 ᠎ᠪᠠᠷ ᠤᠯᠠᠭᠠᠨᠬᠠᠳᠠ᠎ᠶ᠋ᠢᠨ ᠠᠩᠭᠢ᠎ᠶ᠋ᠢ ᠢᠯᠠᠵᠤ᠂ ᠲᠦᠩᠯᠢᠶᠣᠤ᠎ᠶ᠋ᠢᠨ ᠠᠩᠭᠢ᠎ᠶ᠋ᠢᠨ ᠬᠢᠨ 1᠄ 0 ᠎ᠵᠢᠡᠷ ᠤᠯᠠᠭᠠᠨᠴᠠᠪ᠎ᠤᠨ ᠠᠩᠭᠢ᠎ᠶ᠋ᠢ ᠢᠯᠠᠵᠤ᠂ ᠲᠤᠰ ᠲᠤᠰ ᠱᠢᠶ᠋ᠳᠪᠦᠷᠢᠲᠦ ᠤᠷᠤᠯᠳᠤᠭᠠᠨ᠎ᠳᠤ ᠣᠷᠣᠯᠴᠠᠬᠤ ᠡᠷᠭᠡ ᠵᠢ ᠤᠯᠵᠠᠢ᠃

ᠲᠤᠰ ᠡᠳᠦᠷ᠎ᠦᠨ 16 ᠴᠠᠭ᠎ᠲᠤ ᠤᠯᠠᠭᠠᠨᠬᠠᠳᠠ᠎ᠶ᠋ᠢᠨ ᠠᠩᠭᠢ ᠪᠣᠯᠤᠨ ᠬᠥᠬᠡᠬᠣᠲᠠ᠎ᠶ᠋ᠢᠨ ᠠᠩᠭᠢ᠎ᠶ᠋ᠢᠨ ᠤᠷᠤᠯᠳᠤᠭᠠᠨ ᠶᠠᠪᠤᠭᠳᠠᠵᠠᠢ᠃ ᠤᠷᠤᠯᠳᠤᠭᠠᠨ ᠡᠬᠢᠯᠡᠭᠡᠳ 1 ᠮᠢᠨᠦ᠋ᠲ ᠪᠣᠯᠤᠯ ᠦᠭᠡᠢ᠎ᠪᠡᠷ ᠬᠥᠬᠡᠬᠣᠲᠠ᠎ᠶ᠋ᠢᠨ ᠲᠠᠮᠢᠷᠴᠢᠨ ᠦᠷᠢᠰᠦᠯᠳᠦᠭᠴᠢ ᠡᠲᠡᠭᠡᠳ᠎ᠦᠨ᠎ᠢᠶᠡᠨ ᠠᠷᠤ ᠲᠠᠯ᠎ᠠ ᠵᠢᠨ ᠬᠠᠮᠠᠭᠠᠯᠠᠯᠳᠠ ᠲᠤᠳᠠᠮᠠᠬ ᠪᠠᠢᠳᠠᠯ᠎ᠢ ᠠᠵᠢᠬᠯᠠᠨ ᠤᠯᠵᠤ᠂ ᠡᠭᠦᠳᠡ ᠰᠤᠮᠤᠳᠠᠨ ᠬᠤᠪᠢ ᠣᠯᠵᠤ᠂ 1᠄ 0 ᠬᠤᠪᠢ ᠪᠡᠷ ᠤᠷᠢᠳᠠᠪᠠ᠃  ᠬᠥᠬᠡᠬᠣᠲᠠ᠎ᠶ᠋ᠢᠨ ᠠᠩᠭᠢ ᠵᠠᠯᠭᠠᠭ᠎ᠠ ᠪᠡᠷ ᠤᠶᠠᠨ ᠬᠠᠳᠠᠨ ᠪᠠᠢᠯᠳᠤᠵᠤ᠂ ᠬᠣᠷᠢᠭ᠍ᠯᠠᠯᠲᠠ ᠬᠢᠬᠦ᠌᠎ᠶ᠋ᠢᠨ ᠬᠠᠮᠲᠤ ᠭᠠᠷᠮᠠᠭᠠᠶ ᠳᠠᠭᠠᠷᠢᠯᠲᠠ ᠬᠢᠭ᠌ᠰᠡᠨ ᠪᠠᠢᠨ᠎ᠠ᠃ ᠤᠷᠤᠯᠳᠤᠭᠠᠨ᠎ᠤ ᠳᠣᠣᠷ᠎ᠠ ᠬᠠᠭᠠᠰ ᠲᠠᠯᠠᠪᠤᠷ᠎ᠲᠤ ᠬᠣᠶᠠᠷ ᠲᠠᠯ᠎ᠠ᠎ᠪᠠᠷ᠎ᠢᠶᠠᠨ ᠪᠠᠰᠠ ᠲᠤᠰ ᠪᠦᠷᠢ ᠨᠢᠭᠡ ᠪᠥᠮᠪᠥᠭᠡ ᠣᠷᠣᠭᠤᠯᠵᠤ᠂ ᠡᠴᠦᠰ᠎ᠲᠡᠬᠡᠨ ᠤᠯᠠᠭᠠᠨᠬᠠᠳᠠ᠎ᠶ᠋ᠢᠨ ᠠᠩᠭᠢ1᠄ 2 ᠬᠤᠪᠢ ᠪᠡᠷ ᠬᠥᠬᠡᠬᠣᠲᠠ᠎ᠶ᠋ᠢᠨ ᠠᠩᠭᠢ᠎ᠳᠤ ᠳᠡᠢᠯᠦᠭ᠌ᠳᠡᠪᠡ᠃ ᠬᠥᠬᠡᠬᠣᠲᠠ᠎ᠶ᠋ᠢᠨ ᠠᠩᠭᠢ ᠬᠣᠶᠠᠷ ᠤᠳᠠᠭ᠎ᠠ 4᠄ 2 ᠎ᠬᠤᠪᠢ ᠪᠡᠷ ᠤᠯᠠᠭᠠᠨᠬᠠᠳᠠ ᠵᠢᠨ ᠠᠩᠬᠢ ᠵᠢ ᠢᠯᠠᠵᠤ᠂ ᠱᠢᠶ᠋ᠳᠪᠦᠷᠢᠲᠦ ᠤᠷᠤᠯᠳᠤᠭᠠᠨ᠎ᠳᠤ ᠤᠷᠤᠬᠤ ᠬᠢᠷᠢ ᠬᠡᠮ᠎ᠢ ᠤᠯᠤᠭᠰᠠᠨ ᠪᠠᠢᠨ᠎ᠠ᠃

ᠲᠤᠰ ᠡᠳᠦᠷ᠎ᠦᠨ 19 ᠴᠠᠭ᠎ᠲᠤ ᠨᠥᠬᠥᠭᠡ ᠨᠢᠭᠡ ᠲᠠᠯᠠᠪᠤᠷ ᠬᠠᠭᠠᠰ ᠱᠢᠢᠳᠪᠦᠷᠢᠲᠦ ᠤᠷᠤᠯᠳᠤᠭᠠᠨ ᠲᠦᠩᠯᠢᠶᠣᠤ᠎ᠶ᠋ᠢᠨ ᠠᠩᠭᠢ ᠪᠣᠯᠤᠨ ᠤᠯᠠᠭᠠᠨᠴᠠᠪ᠎ᠤᠨ ᠠᠩᠭᠢ᠎ᠶ᠋ᠢᠨ ᠬᠣᠭᠣᠷᠣᠨᠳᠣ ᠶᠠᠪᠤᠭ᠍ᠳᠠᠪᠠ᠃ ᠠᠩᠬᠠᠨ᠎ᠤ ᠨᠤᠭᠤᠯᠤᠭ᠎ᠠ᠎ᠳᠤ ᠬᠣᠶᠠᠷ ᠲᠠᠯ᠎ᠠ᠎ᠪᠠᠷ᠎ᠢᠶᠠᠨ ᠬᠣᠭᠣᠰᠣᠨ ᠬᠠᠭᠤᠳᠠᠰᠤ ᠰᠣᠯᠢᠯᠴᠠᠵᠤ᠂ ᠲᠤᠰ ᠲᠠᠯᠠᠪᠤᠷ᠎ᠤᠨ ᠤᠷᠤᠯᠳᠤᠭᠠᠨ᠎ᠳᠤ ᠢᠯᠠᠭ᠍ᠰᠠᠨ ᠨᠢ ᠱᠢᠭᠤᠳ ᠱᠢᠶ᠋ᠳᠪᠦᠷᠢᠲᠦ ᠤᠷᠤᠯᠳᠤᠭᠠᠨ᠎ᠳᠤ ᠣᠷᠣᠬᠤ ᠪᠣᠯᠪᠠ᠃ ᠤᠷᠤᠯᠳᠤᠭᠠᠨ ᠡᠬᠢᠯᠡᠭ᠌ᠰᠡᠨ᠎ᠦ ᠳᠠᠷᠠᠭ᠎ᠠ ᠲᠦᠩᠯᠢᠶᠣᠤ᠎ᠶ᠋ᠢᠨ ᠠᠩᠭᠢ ᠪᠥᠮᠪᠥᠭᠡᠨ ᠪᠠᠬᠠᠳᠠᠳ᠎ᠤᠨ ᠳᠡᠮᠵᠢᠬᠦ᠌ ᠳᠠᠭᠤᠨ᠎ᠤ ᠳᠤᠮᠳᠠ᠂ ᠰᠠᠨᠠᠭᠠᠴᠢᠯᠠᠭᠠᠲᠤ ᠪᠠᠢᠷᠢᠨ ᠳ᠋ᠤ ᠤᠷᠤᠵᠤ᠂ ᠤᠯᠠᠭᠠᠨᠴᠠᠪ᠎ᠤᠨ ᠠᠩᠭᠢ᠎ᠶ᠋ᠢᠨ ᠪᠥᠮᠪᠥᠭᠡᠨ ᠡᠭᠦᠳᠡᠨ᠎ᠳᠦ ᠪᠠᠢᠨ ᠳᠠᠬᠢᠨ ᠰᠦᠷᠳᠡᠭᠦᠯᠦᠯ ᠪᠣᠯᠤᠭ᠍ᠰᠠᠨ ᠪᠥᠭᠡᠳ 37 ᠮᠢᠨᠦ᠋ᠲ᠎ᠲᠦ ᠨᠢᠭᠡ ᠪᠥᠮᠪᠥᠭᠡ ᠣᠷᠣᠭᠤᠯᠵᠤ᠂ ᠳᠡᠭᠡᠷ᠎ᠡ ᠬᠠᠭᠠᠰ ᠲᠠᠯᠠᠪᠤᠷ᠎ᠲᠤ 1᠄ 0 ᠎ᠵᠢᠡᠷ ᠲᠡᠷᠢᠭᠦᠯᠡᠪᠡ᠃ ᠳᠣᠣᠷ᠎ᠠ ᠬᠠᠭᠠᠰ ᠲᠠᠯᠠᠪᠤᠷ᠎ᠲᠤ ᠳᠠᠬᠢᠨ ᠪᠠᠢᠯᠳᠤᠵᠤ᠂ ᠤᠯᠠᠭᠠᠨᠴᠠᠪ᠎ᠤᠨ ᠠᠩᠭᠢ ᠬᠡᠳᠦᠢᠪᠡᠷ ᠶᠡᠬᠡ ᠴᠢᠷᠮᠠᠢᠬᠰᠨ ᠪᠣᠯᠪᠠᠴᠤ᠌ ᠪᠥᠮᠪᠥᠭᠡ ᠣᠷᠣᠭᠤᠯᠵᠤ ᠴᠢᠳᠠᠭᠰᠠᠨ ᠦᠭᠡᠢ᠃ ᠲᠦᠩᠯᠢᠶᠣᠤ᠎ᠶ᠋ᠢᠨ ᠠᠩᠭᠢ ᠵᠢᠨ ᠬᠢᠨ ᠤᠯᠤᠭᠰᠠᠨ ᠬᠤᠪᠢ ᠪᠡᠨ ᠤᠷᠤᠯᠳᠤᠭᠠᠨ᠎ᠤ ᠡᠴᠦᠰ ᠪᠤᠯᠳᠠᠯ᠎ᠠ ᠪᠠᠷᠢᠮᠳᠠᠯᠠᠵᠤ᠂ ᠱᠢᠶ᠋ᠳᠪᠦᠷᠢᠲᠦ ᠤᠷᠤᠯᠳᠤᠭᠠᠨ᠎ᠳᠤ ᠤᠷᠤᠪᠠ᠃

ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠥᠯ ᠪᠥᠮᠪᠥᠭᠡ᠎ᠶ᠋ᠢᠨ ᠬᠡᠲᠦ ᠲᠡᠰ᠎ᠤᠨ ᠬᠣᠯᠪᠣᠭᠠᠲᠤ ᠤᠷᠤᠯᠳᠤᠭᠠᠨ᠎ᠤ ᠱᠢᠶ᠋ᠳᠪᠦᠷᠢᠲᠦ ᠤᠷᠤᠯᠳᠤᠭᠠᠨ᠎ᠤ ᠠᠩᠬᠠᠨ᠎ᠤ ᠦᠵᠡᠯᠴᠡᠭᠡᠨ 10 ᠰᠠᠷ᠎ᠠ᠎ᠶ᠋ᠢᠨ 18 ᠎ᠤ᠋ ᠡᠳᠦᠷ ᠶᠠᠪᠤᠭ᠍ᠳᠠᠵᠤ᠂ ᠬᠣᠶᠠᠳᠤᠭᠠᠷ ᠨᠤᠭᠤᠯᠤᠭ᠎ᠠ10 ᠰᠠᠷ᠎ᠠ᠎ᠶ᠋ᠢᠨ 25 ᠎ᠤ᠋ ᠡᠳᠦᠷ ᠶᠠᠪᠤᠭ᠍ᠳᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号