ᠨᠠᠰᠤᠲᠠᠨ ᠪᠤᠭᠤᠷᠤᠯᠴᠤᠳ᠎ᠦᠨ ᠳᠤᠯᠠᠭᠠᠨ ᠪᠠᠭᠤᠴᠠ
2025-10-21 10:34:01
ᠵᠣᠬᠢᠶᠠᠭ᠍ᠴᠢ᠄
ᠲᠡᠭᠦᠰᠪᠢᠯᠢᠭ
ᠣᠩᠱᠢᠭ᠍ᠰᠠᠨ ᠣᠳᠠᠭ᠎ᠠ᠄
★★★☆☆

— ᠰᠢᠶᠣᠤ ᠯᠢ ᠡ᠂ ᠥᠨᠥᠳᠥᠷ ᠶᠠᠮᠠᠷ ᠭᠤᠶᠤ ᠬᠤᠭᠤᠯᠠ ᠪᠡᠯᠡᠳᠦᠭᠰᠡᠨ ᠪᠤᠢ? ᠨᠠᠳᠠᠳᠤ ᠨᠢᠭᠡ ᠬᠤᠪᠢ ᠮᠢᠬ᠎ᠠ ᠲᠠᠢ ᠵᠠᠭᠤᠰᠢ᠂ ᠨᠢᠭᠡ ᠬᠤᠪᠢ ᠬᠠᠷᠠᠰᠤ ᠵᠠᠭᠤᠰᠢ᠂ ᠪᠠᠰᠠ ᠨᠢᠭᠡ ᠠᠶᠠᠭ᠎ᠠ ᠱᠥᠯᠥ ᠠᠪᠤᠭᠠᠳ ᠦᠭᠭᠦᠭᠡᠴᠢ !

10 ᠰᠠᠷ᠎ᠠ᠎ᠶ᠋ᠢᠨ 17᠎ᠤ᠋ ᠦᠳᠡ᠎ᠳ᠋ᠦ᠍᠂ ᠬᠣᠭᠣᠯᠠᠨ᠎ᠤ ᠴᠠᠭ ᠪᠣᠯᠣᠮᠠᠭᠴᠠ ᠵᠠᠩ ᠸᠸᠨ ᠬᠤᠸᠠ ᠨᠠᠰᠤᠲᠠᠨ ᠪᠠᠶᠠᠨᠨᠠᠭᠤᠷ ᠬᠣᠲᠠ᠎ᠶ᠋ᠢᠨ ᠯᠢᠨ ᠾᠧ ᠲᠣᠭᠣᠷᠢᠭ᠎ᠤ᠋ᠨ ᠪᠦᠯᠬᠦᠮᠳᠡᠯ ᠵᠡᠬᠡᠯᠢ ᠭᠤᠳᠤᠮᠵᠢ᠎ᠶᠢᠨ ᠨᠠᠰᠤᠵᠢᠯ᠎ᠤ᠋ᠨ ᠦᠢᠯᠡᠴᠢᠯᠡᠭᠡᠨ᠎ᠦ᠌ ᠬᠣᠭᠣᠯᠠᠨ ᠭᠡᠷ᠎ᠲᠦ᠍ ᠬᠦᠷᠴᠦ ᠢᠷᠡᠵᠡᠢ᠃

— ᠥᠩᠭᠡᠷᠡᠭᠰᠡᠨ᠎ᠳ᠋ᠦ᠍ ᠭᠡᠷ᠎ᠲᠡᠭᠡᠨ ᠭᠠᠭᠴᠠᠭᠠᠷ᠎ᠢ᠋ᠶ᠋ᠠᠨ ᠬᠣᠭᠣᠯᠠ ᠢᠳᠡᠬᠦ᠎ᠳᠤ ᠬᠡᠵᠢᠶᠡᠳᠡ ᠠᠷᠭᠠᠯᠠᠳᠠᠭ ᠪᠠᠢᠵᠠᠢ᠃ ᠣᠳᠣ ᠰᠠᠢᠨ ᠪᠣᠯᠤᠭᠰᠠᠨ ᠰᠢᠦ᠂ ᠡᠳᠦᠷ ᠪᠦᠷᠢ ᠨᠡᠢᠭᠡᠮ ᠲᠣᠭᠣᠷᠢᠭ᠎ᠤ᠋ᠨ ᠬᠣᠭᠣᠯᠠᠨ ᠭᠡᠷ᠎ᠲᠦ᠍ ᠢᠷᠡᠭᠡᠳ ᠬᠠᠯᠠᠭᠤᠨ ᠬᠣᠭᠣᠯᠠ ᠤᠯᠵᠤ ᠢᠳᠡᠬᠦ ᠮᠦᠷᠲᠡᠭᠡᠨ ᠪᠠᠰᠠ ᠨᠠᠰᠤ ᠬᠤᠷᠠᠭ ᠬᠦᠮᠦᠰ ᠲᠠᠢ ᠪᠠᠨ ᠵᠣᠭᠣᠭᠳᠠᠴᠢᠬᠠᠨ᠎ᠠ᠂ ᠡᠨᠡ ᠠᠮᠢᠳᠤᠷᠠᠯ ᠦᠨᠡᠬᠡᠷ ᠲᠠᠭᠠᠯᠠᠮᠵᠢᠲᠠᠢ ᠪᠠᠢᠨ᠎ᠠ ᠭᠡᠮᠡᠨ ᠵᠠᠩ ᠸᠸᠨ ᠬᠤᠸᠠ ᠨᠠᠰᠤᠲᠠᠨ ᠪᠠᠶᠠᠷᠯᠠᠨ᠎ᠠ᠃ ᠣᠳᠣ ᠲᠡᠷᠡ ᠨᠡᠢᠭᠡᠮ ᠲᠣᠭᠣᠷᠢᠭ᠎ᠤ᠋ᠨ ᠬᠣᠭᠣᠯᠠᠨ ᠭᠡᠷ᠎ᠦ᠋ᠨ ᠪᠠᠢᠩᠭᠤ᠎ᠶᠢᠨ ᠵᠤᠴᠢᠨ ᠪᠤᠯᠪᠠ᠃

ᠬᠣᠭᠣᠯᠠᠨ᠎ᠤ᠋ ᠴᠠᠭ ᠪᠣᠯᠬᠤ ᠪᠦᠷᠢ ᠪᠦᠯᠬᠦᠮᠳᠡᠯ ᠵᠡᠬᠡᠯᠢ ᠭᠤᠳᠤᠮᠵᠢ᠎ᠶᠢᠨ ᠨᠠᠰᠤᠵᠢᠯ᠎ᠤᠨ ᠦᠢᠯᠡᠴᠢᠯᠡᠭᠡᠨ᠎ᠦ᠌ ᠬᠣᠭᠣᠯᠠᠨ ᠭᠡᠷ᠎ᠲᠤ ᠠᠩᠬᠢᠯᠤᠮ᠎ᠠ ᠦᠨᠦᠷ ᠬᠠᠩᠬᠤᠯᠵᠤ᠂ ᠠᠮᠳᠠᠲᠤ ᠬᠤᠭᠤᠯᠠ ᠪᠤᠯᠤᠭᠰᠠᠨ᠎ᠢ ᠮᠡᠳᠡᠭᠡᠯᠡᠨ᠎ᠡ᠃ ᠥᠷᠯᠥᠭᠡ᠎ᠶ᠋ᠢᠨ ᠬᠣᠭᠣᠯᠠᠨ᠎ᠨᠢ 6 ᠵᠦᠢᠯ᠎ᠦ᠋ᠨ ᠰᠤᠩᠭᠤᠯᠲᠠ ᠲᠠᠢ᠂ ᠦᠳᠡ᠎ᠶ᠋ᠢᠨ ᠬᠣᠭᠣᠯᠠ ᠨᠢ ᠨᠡᠩ ᠴᠦ᠍ 6 ᠵᠠᠭᠤᠰᠢ 1 ᠱᠥᠯᠥ ᠲᠠᠢ᠂ ᠡᠳᠦᠷ ᠪᠦᠷᠢ 100 ᠭᠠᠷᠤᠢ ᠬᠥᠮᠦᠨ ᠤᠳᠠᠭ᠎ᠠ᠎ᠳᠤ ᠬᠠᠯᠠᠭᠤᠨ ᠳᠤᠲᠤᠨᠤ ᠦᠢᠯᠡᠴᠢᠯᠡᠵᠦ ᠪᠠᠢᠳᠠᠭ᠃

ᠪᠦᠯᠬᠦᠮᠳᠡᠯ ᠵᠡᠭᠡᠯᠢ ᠭᠤᠳᠤᠮᠵᠢ᠎ᠳᠤ 3.8 ᠲᠦᠮᠡᠨ ᠰᠠᠭᠤᠭᠠᠯᠢ ᠠᠷᠠᠳ᠎ᠪᠤᠢ᠂︽ᠨᠠᠰᠤᠲᠠᠨ ᠬᠡᠦᠬᠡᠳ︾ ᠤ᠋ᠨ ᠦᠢᠯᠡᠴᠢᠯᠡᠭᠡᠨ᠎ᠦ᠌ ᠬᠡᠷᠡᠭᠴᠡᠭᠡ᠎ᠳ᠋ᠦ᠍ ᠬᠠᠨᠳᠤᠭᠤᠯᠵᠤ᠂ ︽ᠬᠣᠶᠠᠷ ᠥᠷᠲᠡᠭᠡ ᠬᠣᠶᠠᠷ ᠲᠥᠪ︾ᠢ᠋ᠶ᠋ᠡᠷ ᠭᠤᠤᠯᠳᠠᠭᠤᠯᠤᠨ᠂ ︽ᠨᠠᠰᠤᠲᠠᠨ ᠎ᠢ ᠬᠠᠯᠠᠮᠵᠢᠯᠠᠵᠤ ᠬᠠᠷᠠᠭᠠᠯᠵᠠᠬᠤ︾ ᠨᠠᠰᠤᠵᠢᠯ᠎ᠤ᠋ᠨ ᠦᠢᠯᠡᠴᠢᠯᠡᠭᠡᠨ᠎ᠦ᠌ ᠲᠥᠷᠥᠯ ᠵᠦᠢᠯ᠎ᠢ᠋ ᠨᠢᠮᠪᠠᠢ ᠬᠡᠷᠡᠭᠵᠢᠭᠦᠯᠦᠨ᠂ ︽ᠬᠣᠭᠣᠯᠠ ᠤᠮᠳᠠ᠎ᠶᠢᠨ ᠲᠤᠰᠠᠯᠠᠮᠵᠢ᠂ ᠬᠠᠪᠰᠤᠷᠤᠨ ᠭᠦᠢᠴᠡᠳᠭᠡᠬᠦ᠂ ᠡᠷᠡᠭᠦᠯ ᠮᠡᠨᠳᠦ᠂ ᠨᠠᠭᠠᠳᠤᠮ ᠵᠤᠭ᠎ᠠ᠂ ᠬᠠᠮᠲᠤ ᠪᠠᠷ ᠡᠳ᠋ᠯᠡᠬᠦ᠂ ᠬᠠᠷᠢᠯᠴᠠᠨ ᠬᠠᠪᠰᠤᠷᠬᠤ︾ 6 ᠵᠦᠢᠯ᠎ᠦ᠋ᠨ ᠣᠨᠴᠠᠯᠢᠭᠲᠤ ᠦᠢᠯᠡᠴᠢᠯᠡᠭᠡ ᠬᠠᠩᠭᠠᠵᠤ᠂ ᠨᠠᠰᠤᠲᠠᠢᠴᠤᠳ᠎ᠲᠦ ᠵᠢᠷᠭᠠᠯᠲᠤ ᠠᠮᠢᠳᠤᠷᠠᠯ᠎ᠢ ᠡᠳ᠋ᠯᠡᠬᠦᠯᠵᠦ ᠪᠤᠢ᠃

《ᠠᠨᠢᠶ᠎ᠠ ᠡ᠂ ᠪᠢ ᠲᠠᠨ᠎ᠳ᠋ᠤ᠌ ᠬᠣᠭᠣᠯᠠ ᠬᠦᠷᠭᠡᠵᠦ ᠢᠷᠡᠯ᠎ᠡ᠂ ᠥᠨᠥᠳᠥᠷ᠎ᠦ᠋ᠨ ᠬᠣᠭᠣᠯᠠ ᠮᠠᠰᠢ ᠲᠠᠩᠰᠤᠭ ᠰᠢᠦ》 ᠭᠡᠵᠦ ᠨᠡᠢᠭᠡᠮ ᠲᠣᠭᠣᠷᠢᠭ᠎ᠤ᠋ᠨ ᠬᠣᠭᠣᠯᠠᠨ ᠭᠡᠷ᠎ᠤᠨ ᠬᠤᠭᠤᠯᠠ ᠭᠠᠷᠬᠤ ᠲᠠᠢ ᠵᠡᠷᠭᠡ᠎ᠨᠡᠢᠭᠡᠮ ᠲᠣᠭᠣᠷᠢᠭ᠎ᠤ᠋ᠨ ᠦᠷ᠎ᠡ ᠬᠡᠦᠬᠡᠳ᠎ᠤᠨ ᠦᠢᠯᠡᠴᠢᠯᠡᠭᠡᠨ᠎ᠦ᠌ ᠥᠷᠲᠡᠭᠡᠨ᠎ᠤ ᠨᠠᠰᠤᠵᠢᠯ᠎ᠤᠨ ᠬᠠᠮᠢᠶᠠᠷᠤᠭᠴᠢ ᠡᠦ ᠸᠸᠨ ᠶᠠᠨ ᠭᠠᠭᠴᠠᠭᠠᠷ ᠰᠠᠭᠤᠭ᠎ᠠ ᠨᠠᠰᠤᠲᠠᠨ ᠵᠦᠩ ᠭᠠᠢ ᠬᠤᠸᠠ᠎ᠳᠤ ᠬᠤᠭᠤᠯᠠ ᠬᠦᠷᠭᠡᠵᠦ ᠢᠷᠡᠵᠡᠢ᠃

ᠦ᠋ ᠸᠧᠨ ᠶᠠᠨ ᠬᠣᠭᠣᠯᠠᠨ᠎ᠤ᠋ ᠰᠠᠪᠠ᠎ᠵᠢ ᠨᠡᠭᠡᠭᠡᠭᠡᠳ ᠵᠦᠩ ᠭᠠᠢ ᠬᠤᠸᠠ ᠨᠠᠰᠤᠲᠠᠨ ᠎ᠢ ᠬᠣᠭᠣᠯᠠᠨ ᠰᠢᠷᠡᠭᠡᠨ᠎ᠦ᠌ ᠬᠠᠵᠠᠭᠤ᠎ᠳ᠋ᠤ᠌ ᠲᠦᠰᠢᠨ ᠰᠠᠭᠤᠯᠭᠠᠭᠠᠳ ᠬᠤᠭᠤᠯᠠ ᠵᠢ ᠨᠢ ᠢᠳᠡᠭᠦᠯᠪᠡ᠃ ᠨᠠᠰᠤᠲᠠᠨ᠎ᠢ ᠬᠣᠭᠣᠯᠠ ᠢᠳᠡᠬᠦ ᠵᠠᠪᠰᠠᠷ᠎ᠲᠡᠷᠡ ᠪᠠᠰᠠ ᠭᠡᠷ᠎ᠢ ᠨᠢ ᠶᠠᠭᠠᠷᠠᠯᠲᠠᠢ ᠴᠡᠪᠡᠷᠯᠡᠨ᠂ ᠬᠤᠪᠴᠠᠰᠤ᠎ᠵᠢ ᠨᠢ ᠤᠬᠢᠶᠠᠵᠦ ᠦᠭᠭᠦᠭᠰᠡᠨ ᠪᠠᠢᠯ᠎ᠠ᠃ ᠵᠦᠩ ᠭᠠᠢ ᠬᠤᠸᠠ ᠬᠣᠭᠣᠯᠠ ᠢᠳᠡᠵᠦ ᠪᠠᠷᠠᠬᠤ᠎ᠳᠤ ᠦ᠋ ᠸᠧᠨ ᠶᠠᠨ ᠬᠠᠨᠵᠤᠨ᠎ᠳᠡᠭᠡᠷ᠎ᠡ ᠲᠦᠰᠢᠵᠦ ᠠᠪᠠᠴᠢᠭᠠᠳ᠂ ᠴᠢᠰᠤᠨ ᠳᠠᠷᠤᠯᠲᠠ᠎ᠵᠢ ᠨᠢ ᠬᠡᠮᠵᠢᠭᠰᠡᠨ᠎ᠦ᠌ ᠳᠠᠷᠠᠭ᠎ᠠ ᠰᠠᠶᠢ ᠶᠠᠪᠤᠪᠠ᠃

《ᠨᠠᠮ ᠵᠠᠰᠠᠭ᠎ᠤ᠋ᠨ ᠳᠣᠲᠣᠨᠣ ᠦᠢᠯᠡᠴᠢᠯᠡᠭᠡ᠎ᠳ᠋ᠦ᠍ ᠴᠢᠩ ᠰᠡᠳᠬᠢᠯ᠎ᠡᠴᠡ᠎ᠪᠡᠨ ᠲᠠᠯᠠᠷᠬᠠᠵᠤ ᠪᠠᠢᠨ᠎ᠠ᠃ ᠳᠡᠷᠭᠡᠳᠡ ᠨᠠᠰᠤᠵᠢᠯ᠎ᠤ᠋ᠨ ᠬᠠᠮᠢᠶᠠᠷᠤᠭᠴᠢ ᠲᠠᠢ ᠪᠠᠢᠬᠤ ᠶᠡᠬᠡ ᠰᠠᠢᠨ ᠡ᠂ ᠲᠡᠳᠡ ᠳᠠᠭᠤᠳᠠᠮᠠᠭᠴᠠ ᠢᠷᠡᠳᠡᠭ ᠪᠦᠭᠡᠳ  ᠪᠦᠬᠦ ᠲᠠᠯ᠎ᠠ᠎ᠪᠠᠷ ᠮᠠᠨ᠎ᠤ᠋ ᠠᠮᠢᠳᠤᠷᠠᠯ ᠎ᠢ᠋ ᠬᠠᠷᠠᠭᠠᠯᠵᠠᠳᠠᠭ᠃ ᠪᠢᠳᠡ ᠠᠮᠤᠭᠤᠯᠠᠩ ᠪᠠᠢᠪᠠᠯ ᠦᠷ᠎ᠡ ᠬᠡᠦᠬᠡᠳ ᠴᠦ᠍ ᠰᠠᠨᠠᠭ᠎ᠠ ᠠᠮᠤᠷ ᠡ》 ᠭᠡᠵᠦ ᠵᠦᠩ ᠭᠠᠢ ᠬᠤᠸᠠ ᠨᠠᠰᠤᠲᠠᠨ ᠪᠠᠶᠠᠷᠯᠠᠨ᠎ᠠ᠃

ᠥᠨᠳᠥᠷ ᠨᠠᠰᠤᠳᠠᠢ ᠦᠮᠦᠭ ᠲᠦᠰᠢᠭ ᠬᠤᠮᠰᠠ ᠨᠠᠰᠤᠲᠠᠨ᠎ᠤ 《ᠨᠠᠰᠤᠵᠢᠯ᠎ᠤᠨ ᠠᠮᠢᠳᠤᠷᠠᠯ᠎ᠤᠨ ᠬᠦᠴᠢᠷ》 ᠠᠰᠠᠭᠤᠳᠠᠯ᠎ᠢ᠋ ᠦᠨᠡᠨ ᠬᠦ᠌ ᠰᠢᠢᠳᠪᠦᠷᠢᠯᠡᠬᠦ᠎ᠶᠢᠨ ᠲᠤᠰᠠᠲᠠ᠂ ᠪᠦᠯᠬᠦᠮᠳᠡᠯ ᠵᠡᠭᠡᠯᠢ ᠭᠤᠳᠤᠮᠵᠢ ᠾᠧᠪᠧᠢ ᠮᠣᠵᠢ᠎ᠶ᠋ᠢᠨ ᠱᠢ ᠵᠢᠶᠠ ᠵᠤᠸᠠᠩ᠎ᠤᠨ ᠠᠢ ᠴᠤᠤ ᠨᠠᠰᠤᠵᠢᠯ᠎ᠤ᠋ᠨ ᠦᠢᠯᠡᠴᠢᠯᠡᠭᠡᠨ᠎ᠦ᠌ ᠬᠢᠵᠠᠭᠠᠷᠲᠤ ᠺᠣᠮᠫᠠᠨᠢ᠎ᠶ᠋ᠢᠨ 《ᠨᠡᠢᠭᠡᠮ ᠲᠣᠭᠣᠷᠢᠭ᠎ᠤ᠋ᠨ ᠦᠷ᠎ᠡ ᠬᠡᠦᠬᠡᠳ᠎ᠤᠨ ᠦᠢᠯᠡᠴᠢᠯᠡᠭᠡᠨ᠎ᠦ᠌ ᠥᠷᠲᠡᠭᠡ + ᠪᠠᠭ᠎ᠠ ᠬᠡᠪᠴᠢᠶᠠᠨ᠎ᠤ ᠨᠠᠰᠤᠲᠠᠨ᠎ᠢ᠋ ᠠᠰᠠᠷᠠᠬᠤ》 ᠡᠵᠡᠩᠨᠡᠯᠲᠡ᠎ᠶ᠋ᠢᠨ ᠵᠠᠭᠪᠤᠷ᠎ᠢ᠋ ᠣᠷᠣᠭᠤᠯᠤᠨ ᠠᠪᠴᠢᠷᠡᠵᠤ᠂ ᠨᠡᠢᠭᠡᠮ ᠲᠣᠭᠣᠷᠢᠭ᠎ᠤ᠋ᠨ ᠦᠷ᠎ᠡ ᠬᠡᠦᠬᠡᠳ᠎ᠤᠨ ᠦᠢᠯᠡᠴᠢᠯᠡᠭᠡᠨ᠎ᠦ᠌ ᠥᠷᠲᠡᠭᠡ᠎ᠶ᠋ᠢ ᠪᠠᠢᠭᠤᠯᠵᠤ᠂ 30 ᠡᠷᠦᠬᠡ ᠪᠦᠷᠢ᠎ᠳ᠋ᠦ᠍ 1 ᠲᠤᠰᠬᠠᠢ ᠲᠤᠰᠢᠶᠠᠯᠲᠤ ᠨᠠᠰᠤᠵᠢᠯ᠎ᠤ᠋ᠨ ᠬᠠᠮᠢᠶᠠᠷᠤᠭᠴᠢ ᠲᠣᠬᠢᠷᠠᠭᠤᠯᠵᠠᠢ᠃ ᠨᠠᠰᠤᠵᠢᠯ᠎ᠤ᠋ᠨ ᠬᠠᠮᠢᠶᠠᠷᠤᠭᠴᠢ ᠨᠠᠰᠤᠲᠠᠢᠴᠤᠳ᠎ᠤ᠋ᠨ ᠠᠮᠢᠳᠤᠷᠠᠯ᠎ᠢ᠋ ᠬᠠᠷᠠᠭᠠᠯᠵᠠᠬᠤ᠂ ᠡᠷᠡᠭᠦᠯᠵᠢᠭᠦᠯᠬᠦ ᠰᠤᠪᠢᠯᠠᠯᠲᠠ᠂ ᠣᠶᠤᠨ ᠰᠠᠨᠠᠭ᠎ᠠ᠎ᠶ᠋ᠢ ᠲᠠᠢᠳᠬᠤᠷᠠᠭᠤᠯᠬᠤ ᠵᠡᠷᠭᠡ ᠬᠡᠷᠡᠭᠴᠡᠭᠡ᠎ᠶ᠋ᠢᠨ ᠲᠣᠭᠣᠷᠢᠨ᠎ᠳ᠋ᠤ᠌ ᠭᠡᠷ᠎ᠲᠤᠨᠢ ᠣᠴᠢᠵᠤ ᠦᠢᠯᠡᠴᠢᠯᠡᠭᠡ ᠬᠢᠨ᠎ᠡ᠃ ᠪᠠᠰᠠ ︽ᠣᠶᠤᠨᠴᠢ ᠬᠢᠨᠠᠨ ᠪᠠᠢᠴᠠᠭᠠᠯᠲᠠ + ᠬᠥᠮᠦᠨ᠎ᠦ᠌ ᠬᠦᠴᠦᠨ᠎ᠦ᠌ ᠦᠢᠯᠡᠴᠢᠯᠡᠭᠡ︾ ᠶ᠋ᠢᠨ ᠬᠣᠣᠰ ᠠᠵᠢᠯᠯᠠᠭᠠᠨ᠎ᠤ᠋ ᠵᠠᠭᠪᠤᠷ᠎ᠢ᠋ ᠬᠡᠷᠡᠭᠯᠡᠵᠦ᠂ AI ᠰᠦᠯᠵᠢᠶᠡᠨ ᠳᠡᠭᠡᠷᠡᠬᠢ ᠦᠢᠯᠡᠴᠢᠯᠡᠭᠡ᠂ 24 ᠴᠠᠭ᠎ᠤ᠋ᠨ ᠣᠶᠤᠨᠴᠢ ᠠᠮᠢ ᠨᠠᠰᠤᠨ᠎ᠤ᠋ ᠪᠡᠶ᠎ᠡ᠎ᠶ᠋ᠢᠨ ᠪᠠᠢᠳᠠᠯ᠎ᠢ᠋ ᠬᠢᠨᠠᠨ ᠬᠡᠮᠵᠢᠬᠦ᠂ ᠪᠠᠴᠢᠮ ᠳᠠᠭᠤᠳᠠᠬᠤ᠎ᠳ᠋ᠤ᠌ ᠲᠠᠷᠤᠢ ᠲᠦᠷᠭᠡᠨ ᠬᠠᠷᠢᠭᠤ ᠦᠭᠬᠦ ᠵᠡᠷᠭᠡ ᠦᠢᠯᠡᠴᠢᠯᠡᠭᠡ᠎ᠶ᠋ᠢ ᠪᠠᠭᠲᠠᠭᠠᠨ᠎ᠠ᠃ ᠡᠭᠦᠨ᠎ᠦ᠌ ᠬᠠᠮᠲᠤ ᠪᠠᠰᠠ ᠬᠣᠭᠣᠯᠠ ᠤᠮᠳᠠ᠂ ᠪᠡᠶ᠎ᠡ ᠤᠬᠢᠶᠠᠬᠤ᠂ ᠴᠡᠪᠡᠷᠯᠡᠭᠡ ᠬᠢᠬᠦ᠂ ᠡᠮᠴᠢᠯᠡᠭᠦᠯᠬᠦ᠂ ᠣᠷᠣᠯᠠᠨ ᠬᠤᠳᠠᠯᠳᠤᠨ ᠠᠪᠴᠤ ᠣᠷᠣᠯᠠᠨ ᠭᠦᠢᠴᠡᠳᠬᠡᠬᠦ᠂ ᠪᠠᠷ᠎ᠠ ᠪᠣᠯᠵᠤ ᠡᠪᠡᠳᠴᠢᠨ ᠦᠵᠡᠭᠦᠯᠬᠦ᠂ ᠡᠷᠡᠭᠦᠯᠵᠢᠯ᠎ᠦ᠋ᠨ ᠪᠣᠯᠪᠠᠰᠤᠷᠠᠯ ᠵᠡᠷᠭᠡ ᠦᠢᠯᠡᠴᠢᠯᠡᠭᠡ ᠬᠠᠩᠭᠠᠬᠤ ᠪᠥᠭᠡᠳ ᠲᠣᠭᠲᠠᠮᠠᠯ ᠬᠤᠭᠤᠴᠠᠭ᠎ᠠ᠎ᠲᠠᠢ᠎ᠭᠡᠷ᠎ᠲᠤᠨᠢ ᠣᠴᠢᠵᠤ᠂ ᠨᠠᠰᠤᠲᠠᠢᠴᠤᠳ᠎ᠢ ᠠᠮᠢᠳᠤᠷᠠᠯ᠎ᠤ᠋ᠨ ᠲᠠᠯ᠎ᠠ᠎ᠪᠠᠷ ᠲᠤᠰᠠᠯᠠᠵᠤ ᠬᠠᠷᠠᠭᠠᠯᠵᠠᠳᠠᠭ᠃

ᠡᠦ ᠸᠸᠨ ᠶᠠᠨ᠄︽ᠪᠢᠳᠡ ᠨᠠᠰᠤᠲᠠᠢᠴᠤᠳ᠎ᠤᠨ ᠬᠡᠷᠡᠭᠴᠡᠭᠡ᠎ᠶ᠋ᠢ ᠦᠨᠳᠦᠰᠦᠯᠡᠨ᠂ ᠲᠡᠳᠡᠨ᠎ᠳ᠋ᠦ᠍ ᠥᠪᠡᠷᠮᠢᠴᠡ ᠦᠢᠯᠡᠴᠢᠯᠡᠭᠡ ᠬᠠᠩᠭᠠᠵᠤ᠂ ᠨᠠᠰᠤᠲᠠᠨ᠎ᠤ᠋ ᠲᠦᠰᠢᠭ᠂ ᠦᠷ᠎ᠡ ᠬᠡᠦᠬᠡᠳ᠎ᠦ᠋ᠨ ᠬᠣᠯᠪᠣᠭᠠᠰᠤ ᠪᠣᠯᠵᠤ᠂ ᠨᠠᠰᠤᠲᠠᠢᠴᠤᠳ᠎ᠤ᠋ᠨ ᠦᠳᠡᠯᠦᠭᠡ ᠨᠠᠰᠤᠨ᠎ᠤ᠋ ᠠᠮᠢᠳᠤᠷᠠᠯ ᠎ᠢ᠋ ᠨᠡᠩ ᠲᠠᠭᠠᠲᠠᠢ ᠪᠣᠯᠭᠠᠨ᠎ᠠ︾ ᠭᠡᠵᠦ ᠰᠤᠷᠪᠤᠯᠵᠢᠯᠠᠭᠴᠢ᠎ᠳᠤ ᠬᠡᠯᠡᠪᠠ᠃

ᠡᠳᠦᠭᠡ᠂ ᠪᠦᠯᠬᠦᠮᠳᠡᠯ ᠵᠡᠭᠡᠯᠢ ᠭᠤᠳᠤᠮᠵᠢ᠎ᠶ᠋ᠢᠨ ᠨᠡᠢᠭᠡᠮ ᠲᠣᠭᠣᠷᠢᠭ᠎ᠤ᠋ᠨ ᠨᠠᠰᠤᠵᠢᠯ᠎ᠤ᠋ᠨ ᠦᠢᠯᠡᠴᠢᠯᠡᠭᠡᠨ᠎ᠦ᠌ ᠲᠥᠪ᠂ ᠨᠡᠢᠭᠡᠮ ᠲᠣᠭᠣᠷᠢᠭ᠎ᠤ᠋ᠨ ᠦᠷ᠎ᠡ ᠬᠡᠦᠬᠡᠳ᠎ᠤᠨ ᠦᠢᠯᠡᠴᠢᠯᠡᠭᠡᠨ᠎ᠦ᠌ ᠥᠷᠲᠡᠭᠡ ᠨᠢᠭᠡᠨᠲᠡ ᠨᠠᠰᠤᠲᠠᠢᠴᠤᠳ᠎ᠤ᠋ᠨ ︽ᠬᠣᠶᠠᠳᠤᠭᠠᠷ ᠭᠡᠷ ᠪᠦᠯᠢ︾ ᠪᠣᠯᠵᠤ᠂ ᠡᠳᠦᠷ ᠪᠦᠷᠢ ᠳᠤᠮᠳᠠᠴᠢ᠎ᠪᠠᠷ 200 ᠬᠥᠮᠦᠨ ᠤᠳᠠᠭ᠎ᠠ᠎ᠳᠤ ᠦᠢᠯᠡᠴᠢᠯᠡᠵᠦ᠂ ᠠᠰᠢᠭ ᠬᠦᠷᠲᠡᠭᠰᠡᠨ ᠬᠥᠮᠦᠨ 5000 ᠶ᠋ᠢ ᠳᠠᠪᠠᠵᠠᠢ᠃ ᠲᠤᠰᠬᠠᠢ ᠮᠡᠷᠭᠡᠵᠢᠯ᠎ᠦ᠋ᠨ ᠡᠷᠡᠭᠦᠯᠵᠢᠯ᠎ᠦ᠋ᠨ ᠪᠦᠯᠬᠦᠮ ᠨᠡᠢᠭᠡᠮ ᠲᠣᠭᠣᠷᠢᠭ᠎ᠤ᠋ᠨ ᠡᠷᠡᠭᠦᠯ ᠬᠠᠮᠠᠭᠠᠯᠠᠯ᠎ᠤ᠋ᠨ ᠦᠢᠯᠡᠴᠢᠯᠡᠭᠡᠨ᠎ᠦ᠌ ᠲᠥᠪ᠎ᠲᠡᠢ ᠬᠣᠯᠪᠣᠭᠠᠯᠠᠵᠤ᠂ ᠨᠠᠰᠤᠲᠠᠢᠴᠤᠳ᠎ᠲᠤ᠌ ᠪᠡᠶ᠎ᠡ᠎ᠶ᠋ᠢᠨ ᠪᠠᠢᠴᠠᠭᠠᠯᠲᠠ᠂ ᠠᠯᠪᠠᠨ ᠵᠢᠷᠤᠮ᠎ᠤ᠋ᠨ ᠡᠮᠴᠢᠯᠡᠭᠡ᠂ ᠠᠷᠬᠠᠭ ᠡᠪᠡᠳᠴᠢᠨ᠎ᠢ ᠡᠮᠴᠢᠯᠡᠬᠦ᠂ ᠡᠷᠡᠭᠦᠯᠵᠢᠯ᠎ᠦ᠋ᠨ ᠹᠢᠽᠢᠺ ᠵᠠᠰᠠᠯ ᠵᠡᠷᠭᠡ ᠦᠢᠯᠡᠴᠢᠯᠡᠭᠡ ᠥᠷᠨᠢᠭᠦᠯᠵᠦ᠂ 《ᠰᠡᠷᠭᠡᠢᠯᠡᠬᠦ — ᠵᠠᠰᠠᠬᠤ — ᠰᠤᠪᠢᠯᠠᠬᠤ》 ᠵᠢ ᠨᠢᠭᠡ ᠴᠣᠭᠴᠠᠵᠢᠭᠤᠯᠤᠭᠰᠠᠨ ᠡᠷᠡᠭᠦᠯ ᠮᠡᠨᠳᠦ᠎ᠶ᠋ᠢᠨ ᠲᠣᠣᠷ᠎ᠢ ᠰᠦᠯᠵᠢᠵᠤ᠂ ᠨᠠᠰᠤᠲᠠᠢᠴᠤᠳ᠎ᠢ ᠦᠲᠡᠯᠦᠭᠡ ᠨᠠᠰᠤᠨ᠎ᠤ ᠵᠢᠷᠭᠠᠯᠲᠤ ᠠᠮᠢᠳᠤᠷᠠᠯ᠎ᠢ ᠪᠠᠲᠤᠯᠠᠵᠤ ᠪᠤᠢ᠃

︽ᠣᠯᠠᠨ ᠲᠦᠮᠡᠨ᠎ᠳ᠋ᠦ᠍ ᠦᠢᠯᠡᠴᠢᠯᠡᠬᠦ ᠪᠣᠯ ᠮᠠᠨ᠎ᠦ᠌ ᠭᠣᠣᠯ ᠡᠭᠦᠷᠭᠡ ᠬᠠᠷᠢᠭᠤᠴᠠᠯᠭ᠎ᠠ ᠮᠥᠨ᠂ ᠬᠣᠢᠰᠢᠳᠠ ᠪᠢᠳᠡ ᠪᠠᠰᠠ ᠨᠠᠰᠤᠵᠢᠯ᠎ᠤ᠋ᠨ ᠠᠰᠠᠷᠠᠮᠵᠢ᠎ᠶ᠋ᠢᠨ ᠦᠢᠯᠡᠴᠢᠯᠡᠭᠡ᠎ᠵᠢᠨ ᠲᠠᠯ᠎ᠠ ᠪᠡᠷ ᠳᠡᠰ ᠳᠡᠪᠰᠢᠭᠦᠯᠵᠦ᠂ ᠣᠶᠤᠨᠴᠢ ᠬᠠᠲᠠᠭᠤ ᠲᠣᠨᠣᠭ ᠲᠥᠬᠥᠭᠡᠷᠦᠮᠵᠢ ᠣᠷᠣᠭᠤᠯᠤᠨ᠂ ᠦᠢᠯᠡᠴᠢᠯᠡᠭᠡᠨ᠎ᠦ᠌ ᠲᠥᠬᠥᠭᠡᠷᠦᠮᠵᠢ᠎ᠪᠡᠨ ᠲᠡᠭᠦᠯᠳᠡᠷᠵᠢᠭᠦᠯᠵᠦ᠂ ᠡᠵᠡᠩᠨᠡᠯᠲᠡ᠎ᠶ᠋ᠢᠨ ᠬᠡᠪ ᠵᠠᠭᠪᠤᠷ᠎ᠤ᠋ᠨ ᠰᠢᠨ᠎ᠡ᠎ᠶ᠋ᠢ ᠡᠭᠦᠳᠴᠦ᠂ ᠵᠡᠭᠡᠯᠢ ᠭᠤᠳᠤᠮᠵᠢ ᠳ᠋ᠠᠭᠠᠨ ᠬᠠᠯᠠᠭᠤᠨ ᠳᠤᠲᠤᠨᠤ᠂ ᠰᠠᠢᠨ ᠰᠠᠢᠬᠠᠨ ᠠᠮᠢᠳᠤᠷᠠᠯ᠎ᠢ ᠡᠳ᠋ᠯᠡᠭᠦᠯᠦᠨ᠎ᠡ︾ ᠭᠡᠵᠦ ᠪᠦᠯᠬᠦᠮᠳᠡᠯ ᠵᠡᠭᠡᠯᠢ ᠭᠤᠳᠤᠮᠵᠢ᠎ᠶ᠋ᠢᠨ ᠨᠠᠮ᠎ᠤ᠋ᠨ ᠠᠵᠢᠯ᠎ᠤ᠋ᠨ ᠬᠤᠷᠢᠶᠠᠨ᠎ᠤ ᠱᠦᠵᠢ ᠴᠢᠨ ᠶᠧ ᠶᠠᠷᠢᠵᠦ ᠪᠠᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号