ᠦᠪᠤᠷ ᠮᠤᠩᠭᠤᠯ ᠪᠤᠯ ᠪᠥᠬᠥ᠌ ᠤᠯᠤᠰ ᠤ᠋ᠨ ᠬᠠᠮᠤᠭ ᠤ᠋ᠨ ᠶᠡᠬᠡ ᠬᠠᠪᠤᠷ ᠤ᠋ᠨ ᠱᠢᠯᠢᠮᠳᠡᠭ ᠲᠠᠷᠢᠬᠤ ᠰᠠᠭᠤᠷᠢᠨ ᠪᠠᠢᠵᠤ᠂ ᠵᠢᠯ ᠪᠦᠷᠢ ᠪᠠᠷᠤᠭ 400 ᠲᠦᠮᠡᠨ ᠮᠥ᠍ ᠬᠠᠪᠤᠷ ᠤ᠋ᠨ ᠰᠢᠯᠢᠮᠳᠡᠭ ᠲᠠᠷᠢᠵᠤ᠂ 30 ᠲᠦᠮᠡ ᠭᠠᠷᠤᠢ ᠲᠣᠨ ᠰᠢᠯᠢᠮᠳᠡᠭ ᠬᠤᠷᠢᠶᠠᠵᠤ ᠪᠠᠢᠨ᠎ᠠ᠃ ᠨᠠᠮᠤᠷ ᠤ᠋ᠨ ᠬᠤᠷᠢᠶᠠᠯᠲᠠ ᠶ᠋ᠢᠨ ᠠᠵᠢᠯ ᠱᠢᠪᠲᠤᠷᠠᠭᠠᠨ ᠳ᠋ᠠᠭᠠᠨ ᠤᠷᠤᠬᠤ ᠵᠢ ᠲᠠᠭᠠᠯᠳᠤᠨ ᠦᠪᠤᠷ ᠮᠤᠩᠭᠤᠯ ᠤ᠋ᠨ ᠣᠯᠠᠨ ᠭᠠᠵᠠᠷ ᠤ᠋ᠨ ᠬᠠᠪᠤᠷ ᠤ᠋ᠨ ᠱᠢᠯᠢᠮᠳᠡᠭ ᠤ᠋ᠨ ᠮᠦ᠍ ᠨᠢᠭᠡᠴᠢ ᠶ᠋ᠢᠨ ᠤᠨᠠᠯᠲᠠ ᠳᠠᠬᠢᠨᠲᠠ ᠱᠢᠨ᠎ᠡ ᠲᠡᠮᠳᠡᠭ᠌ᠯᠡᠯ ᠢ᠋ ᠡᠭᠦᠳᠴᠦ᠍᠂ ᠤᠯᠤᠰ ᠤ᠋ᠨ 《ᠲᠣᠰᠣᠨ ᠯᠣᠩᠬᠣ》 ᠶ᠋ᠢᠨ ᠠᠮᠤᠷ ᠲᠦᠪᠱᠢᠨ ᠢ᠋ ᠪᠠᠲᠤᠯᠠᠬᠤ ᠳ᠋ᠤ ᠢᠳᠡᠪᠬᠢ ᠬᠤᠪᠢ ᠨᠠᠮᠡᠷᠢ ᠦᠵᠡᠬᠦᠯᠪᠡ᠃
ᠬᠥᠯᠥᠨ ᠪᠤᠢᠷ ᠡᠴᠡ ᠬᠥᠬᠡᠬᠣᠲᠠ ᠬᠦᠷᠲᠡᠯ᠎ᠡ ᠬᠠᠪᠤᠷ ᠤ᠋ᠨ ᠱᠢᠯᠢᠮᠳᠡᠭ ᠤ᠋ᠨ ᠥᠨᠳᠥᠷ ᠤᠨᠠᠯᠲᠠ ᠶ᠋ᠢᠨ ᠨᠡᠢᠲᠡᠯᠢᠭ ᠵᠢᠱ᠌ᠢᠶ᠎ᠡ ᠲᠠᠰᠤᠷᠠᠯᠳᠠ ᠦᠬᠡᠢ ᠴᠣᠯᠭᠣᠷᠠᠨ ᠭᠠᠷᠴᠤ᠌᠂ ᠥᠪᠡᠷᠲᠡᠭᠡᠨ ᠵᠠᠰᠠᠬᠤ ᠣᠷᠣᠨ ᠤ᠋ ᠥᠨᠳᠥᠷ ᠤᠨᠠᠯᠲᠠ ᠶ᠋ᠢᠨ 1 ᠵᠦᠢᠯ ᠤ᠋ᠨ ᠲᠡᠮᠳᠡᠭ᠌ᠯᠡᠯ ᠢ᠋ ᠱᠢᠨᠡᠳᠭᠡᠭ᠌ᠰᠡᠨ ᠵᠢᠡᠷ ᠪᠠᠷᠠᠬᠤ ᠦᠭᠡᠶ ᠡᠯ᠎ᠡ ᠭᠠᠵᠠᠷ ᠤ᠋ᠨ ᠪᠡᠯᠭᠡ ᠲᠡᠮᠳᠡᠭ ᠤ᠋ᠨ ᠴᠢᠨᠠᠷᠲᠠᠶ ᠥᠨᠳᠥᠷ ᠤᠨᠠᠯᠲᠠ ᠶ᠋ᠢᠨ 3 ᠵᠦᠢᠯ ᠤ᠋ᠨ ᠱᠢᠨ᠎ᠡ ᠲᠡᠮᠳᠡᠭ᠌ᠯᠡᠯ ᠢ᠋ ᠡᠭᠦᠳᠴᠠᠢ᠃ ᠬᠥᠯᠥᠨ ᠪᠣᠢᠷ ᠤ᠋ᠨ ᠠᠲᠠᠷ ᠬᠠᠭᠠᠯᠪᠤᠷᠢᠯᠠᠯᠲᠠ ᠶ᠋ᠢᠨ ᠬᠠᠳᠠᠲᠤ ᠲᠠᠷᠢᠶᠠᠯᠠᠩ ᠮᠠᠯᠵᠢᠯ ᠤ᠋ᠨ ᠲᠠᠯᠠᠪᠠᠶ ᠶ᠋ᠢᠨ ᠮᠢᠩᠭᠠᠨ ᠮᠥ᠍ ᠪᠡᠷ ᠬᠡᠪᠴᠢᠶᠡᠵᠢᠬᠦᠯᠦᠨ ᠲᠠᠷᠢᠭᠰᠠᠨ ᠬᠠᠪᠤᠷ ᠤ᠋ᠨ ᠱᠢᠯᠢᠮᠳᠡᠭ ᠤ᠋ᠨ ᠮᠦ᠍ ᠨᠢᠭᠡᠴᠢ ᠶ᠋ᠢᠨ ᠳᠤᠮᠳᠠᠴᠢ ᠤᠨᠠᠯᠲᠠ 280.34 ᠺᠢᠯᠣᠭ᠌ᠷᠠᠮ ᠳ᠋ᠦ ᠬᠦᠷᠴᠦ᠂ ᠥᠪᠡᠷᠲᠡᠭᠡᠨ ᠵᠠᠰᠠᠬᠤ ᠣᠷᠣᠨ ᠤ᠋ ᠱᠢᠯᠢᠮᠳᠡᠭ ᠤ᠋ᠨ ᠥᠨᠳᠥᠷ ᠤᠨᠠᠯᠲᠠ ᠶ᠋ᠢᠨ ᠲᠡᠮᠳᠡᠭ᠌ᠯᠡᠯ ᠢ᠋ ᠲᠠᠬᠢᠨᠳᠠ ᠱᠢᠨᠡᠳᠭᠡᠪᠡ; ᠲᠡᠨᠢᠬᠡ ᠲᠠᠷᠢᠶᠠᠯᠠᠩ ᠮᠠᠯᠵᠢᠯ ᠤ᠋ᠨ ᠲᠠᠯᠠᠪᠠᠶ ᠶ᠋ᠢᠨ ᠮᠢᠩᠭᠠᠨ ᠮᠥ᠍ ᠪᠡᠷ ᠵᠠᠯᠭᠠᠯᠳᠤᠭᠤᠯᠤᠨ ᠲᠠᠷᠢᠭᠰᠠᠨ ᠬᠠᠪᠤᠷ ᠤ᠋ᠨ ᠰᠢᠯᠢᠮᠳᠡᠭ ᠤ᠋ᠨ ᠮᠦ᠍ ᠨᠢᠭᠡᠴᠢ ᠶ᠋ᠢᠨ ᠤᠨᠠᠯᠲᠠ 261.96 ᠺᠢᠯᠣᠭ᠌ᠷᠠᠮ ᠳ᠋ᠤ ᠬᠦᠷᠴᠦ᠂ ᠲᠣᠰ ᠲᠠᠯᠠᠪᠠᠶ ᠶ᠋ᠢᠨ ᠲᠡᠦᠬᠡ ᠶ᠋ᠢᠨ ᠬᠠᠮᠤᠭ ᠤ᠋ᠨ ᠰᠠᠢᠨ ᠬᠡᠮᠵᠢᠭ᠌ᠳᠡᠯ ᠢ᠋ ᠳᠠᠪᠠᠪᠠ; ᠪᠤᠭᠤᠲᠤ ᠬᠤᠳᠠ ᠶ᠋ᠢᠨ ᠭᠦᠶᠡᠩ ᠱᠢᠶᠠᠨ ᠤ᠋ ᠪᠣᠬᠢᠷᠲᠤᠯ ᠥᠬᠡᠶ ᠥᠨᠳᠥᠷ ᠤᠨᠠᠯᠲᠠᠲᠤ ᠥᠨᠳᠥᠷ ᠦᠷ᠎ᠡ ᠠᠱᠢᠭ᠍ᠲᠤ ᠵᠢᠱ᠌ᠢᠶ᠎ᠡ ᠦᠵᠡᠭᠦᠯᠬᠦ᠌ ᠣᠷᠣᠨ ᠤ᠋ ᠮᠢᠩᠭᠠᠨ ᠮᠥ᠍ ᠪᠡᠷ ᠬᠡᠪᠴᠢᠶᠡᠵᠢᠬᠦᠯᠦᠨ ᠲᠠᠷᠢᠭᠰᠠᠨ ᠬᠠᠪᠤᠷ ᠤ᠋ᠨ ᠱᠢᠯᠢᠮᠳᠡᠭ ᠤ᠋ᠨ ᠮᠥ᠍ ᠨᠢᠭᠡᠴᠢ ᠶ᠋ᠢᠨ ᠤᠨᠠᠯᠲᠠ 211.85 ᠺᠢᠯᠣᠭ᠌ᠷᠠᠮ ᠳ᠋ᠦ ᠬᠦᠷᠴᠦ᠂ ᠪᠤᠭᠤᠲᠤ ᠬᠣᠲᠠ ᠶ᠋ᠢᠨ ᠱᠢᠨ᠎ᠡ ᠬᠡᠪ ᠳᠠᠭᠤᠷᠢᠶᠠᠯ ᠪᠤᠯᠵᠠᠢ; ᠬᠥᠬᠡᠬᠣᠲᠠ ᠶ᠋ᠢᠨ ᠦᠴᠦᠸᠠᠨ ᠱᠢᠶᠠᠨ ᠤ᠋ ᠮᠢᠩᠭᠠᠨ ᠮᠥ᠍ ᠪᠡᠷ ᠵᠠᠯᠭᠠᠯᠳᠤᠭᠤᠯᠤᠨ ᠲᠠᠷᠢᠭᠰᠠᠨ ᠬᠠᠪᠤᠷ ᠤ᠋ᠨ ᠱᠢᠯᠢᠮᠳᠡᠭ ᠤ᠋ᠨ ᠮᠦ᠍ ᠨᠢᠭᠡᠴᠢ ᠶ᠋ᠢᠨ ᠤᠨᠠᠯᠲᠠ 120 ᠺᠢᠯᠣᠭ᠌ᠷᠠᠮ ᠢ᠋ ᠳᠠᠪᠠᠵᠤ᠂ ᠦᠴᠦᠸᠠᠨ ᠱᠢᠶᠠᠨ ᠤ᠋ ᠮᠦ᠍ ᠨᠢᠭᠡᠴᠢ ᠶ᠋ᠢᠨ ᠤᠨᠠᠯᠲᠠ ᠶ᠋ᠢᠨ ᠲᠡᠮᠲᠡᠭᠯᠡᠯ ᠢ᠋ ᠰᠢᠨᠡᠳᠭᠡᠪᠡ᠃
ᠡᠨᠡ ᠵᠢᠯ ᠬᠥᠯᠥᠨ ᠪᠣᠢᠷ ᠤ᠋ᠨ ᠠᠲᠠᠷ ᠬᠠᠭᠠᠯᠪᠤᠷᠢᠯᠠᠯᠲᠠ ᠶ᠋ᠢᠨ ᠪᠦᠯᠦᠭ᠌ᠯᠡᠯ᠂ ᠡᠷᠭᠦᠨ᠎ᠡ ᠬᠣᠲᠠ᠂ ᠬᠥᠬᠡᠬᠣᠲᠠ ᠶ᠋ᠢᠨ ᠦᠴᠦᠸᠠᠨ ᠱᠢᠶᠠᠨ ᠪᠤᠯᠤᠨ ᠤᠯᠠᠭᠠᠨᠴᠠᠪ ᠬᠣᠲᠠ ᠶ᠋ᠢᠨ ᠳᠥᠷᠪᠡᠳ ᠬᠣᠱᠢᠭᠤ ᠤᠯᠤᠰ ᠤ᠋ᠨ ᠲᠠᠰ ᠤ᠋ᠨ ᠬᠠᠪᠤᠷ ᠤ᠋ᠨ ᠱᠢᠯᠢᠮᠳᠡᠭ ᠤ᠋ᠨ ᠮᠦ᠍ ᠨᠢᠭᠡᠴᠢ ᠶ᠋ᠢᠨ ᠤᠨᠠᠯᠲᠠ ᠵᠢ ᠪᠦᠬᠦᠯᠢ ᠴᠣᠭ᠍ᠴᠠ ᠪᠠᠷ ᠠᠬᠢᠭᠤᠯᠬᠤ ᠱᠢᠶᠠᠨ ᠶ᠋ᠢᠡᠷ ᠰᠣᠩᠭᠣᠭ᠍ᠳᠠᠪᠠ᠃ ᠡᠳᠡᠬᠡᠷ ᠭᠠᠵᠠᠷ ᠤ᠋ᠨ ᠬᠢᠨ ᠤᠯᠤᠰ ᠤ᠋ᠨ ᠪᠠ ᠥᠪᠡᠷᠲᠡᠭᠡᠨ ᠵᠠᠰᠠᠬᠤ ᠣᠷᠣᠨ ᠤ᠋ ᠪᠣᠬᠢᠷᠲᠤᠯ ᠦᠭᠡᠶ ᠥᠨᠳᠥᠷ ᠤᠨᠠᠯᠲᠠᠲᠤ ᠥᠨᠳᠥᠷ ᠦᠷ᠎ᠡ ᠠᠰᠢᠭᠳᠤ ᠲᠥᠷᠥᠯ ᠵᠦᠢᠯ ᠳ᠋ᠦ ᠲᠦᠱᠢᠭ᠌ᠯᠡᠨ ᠠᠮᠤ ᠲᠣᠰᠣ᠂ ᠬᠥᠷᠥᠰᠥ᠍ ᠱᠢᠷᠣᠶ ᠪᠣᠷᠳᠣᠭᠤᠷ᠂ ᠤᠷᠭᠤᠮᠠᠯ ᠤ᠋ᠨ ᠬᠠᠮᠠᠭᠠᠯᠠᠯᠳᠠ᠂ ᠦᠷ᠎ᠡ ᠶ᠋ᠢᠨ ᠦᠢᠯᠡᠰ᠂ ᠲᠠᠷᠢᠶᠠᠯᠠᠩ ᠤ᠋ᠨ ᠮᠠᠱᠢᠨ᠂ ᠲᠠᠷᠢᠶᠠᠯᠠᠩ ᠤ᠋ᠨ ᠳᠠᠭᠠᠳᠭᠠᠯ᠂ ᠲᠠᠷᠢᠶᠠᠨ ᠭᠠᠵᠠᠷ ᠵᠡᠷᠭᠡ ᠡᠬᠢ ᠪᠠᠶᠠᠯᠢᠭ ᠤ᠋ᠨ ᠬᠦᠴᠦᠨ ᠢ᠋ ᠡᠮᠬᠢᠯᠡᠨ ᠨᠡᠢᠯᠡᠭᠦᠯᠵᠦ᠍᠂ ᠰᠠᠯᠠᠭ᠎ᠠ ᠮᠥᠴᠢᠷ ᠬᠠᠮᠵᠢᠯᠴᠠᠨ᠂ ᠳᠡᠭᠡᠳᠦ ᠳᠣᠣᠷᠠᠳᠤ ᠱᠠᠲᠤ ᠬᠠᠮᠲᠤᠷᠠᠨ ᠬᠥᠳᠡᠯᠦᠯᠴᠡᠵᠦ᠍ ᠪᠠᠢᠭᠠᠳ ᠲᠦᠮᠡᠨ ᠮᠦ᠍ ᠶ᠋ᠢᠨ ᠵᠢᠱ᠌ᠢᠶ᠎ᠡ ᠦᠵᠡᠭᠦᠯᠬᠦ᠌ ᠲᠠᠷᠢᠶ᠎ᠠ ᠵᠢ 3 ᠬᠡᠰᠡᠭ᠂ ᠮᠢᠩᠭᠠᠨ ᠮᠦ᠍ ᠶ᠋ᠢᠨ ᠵᠢᠱ᠌ᠢᠶ᠎ᠡ ᠦᠵᠡᠭᠦᠯᠬᠦ᠌ ᠲᠠᠷᠢᠶ᠎ᠠ ᠵᠢ 21 ᠬᠡᠰᠡᠭ᠂ ᠵᠠᠭᠤᠨ ᠮᠦ᠍ ᠶ᠋ᠢᠨ ᠵᠢᠱ᠌ᠢᠶ᠎ᠡ ᠦᠵᠡᠭᠦᠯᠬᠦ᠌ ᠲᠠᠷᠢᠶ᠎ᠠ ᠵᠢ 62 ᠬᠡᠰᠡᠭ ᠪᠠᠢᠭᠤᠯᠤᠭᠰᠠᠨ ᠪᠠᠢᠨ᠎ᠠ᠃