138 ᠳ᠋ᠤᠭᠠᠷ ᠬᠤᠭᠤᠴᠠᠭᠠᠨ᠎ᠤ ᠭᠤᠸᠠᠩᠵᠧᠦ᠍᠎ᠶ᠋ᠢᠨ ᠠᠷᠠᠯᠵᠢᠶᠠᠨ᠎ᠤ ᠴᠤᠭ᠍ᠯᠠᠭᠠᠨ᠎ᠳᠤ 3.2 ᠲᠦᠮᠡᠨ ᠠᠵᠤ ᠠᠬᠤᠢᠯᠠᠯ ᠣᠷᠣᠯᠴᠠᠵᠤ ᠲᠡᠤᠬᠡ ᠵᠢᠨ ᠰᠢᠨ᠎ᠡ ᠲᠡᠮᠳᠡᠭᠯᠡᠯ᠎ᠢ ᠡᠭᠦᠳᠪᠡ
2025-10-21 11:46:25
ᠵᠣᠬᠢᠶᠠᠭ᠍ᠴᠢ᠄
ᠳ᠋ᠢᠩ ᠯᠸ ᠬᠣᠩ ᠽᠸ ᠬᠤᠸᠠ
ᠣᠩᠱᠢᠭ᠍ᠰᠠᠨ ᠣᠳᠠᠭ᠎ᠠ᠄
★★★☆☆

138 ᠳ᠋ᠤᠭᠠᠷ ᠬᠤᠭᠤᠴᠠᠭᠠᠨ᠎ᠤ ᠳᠤᠮᠳᠠᠳᠤ ᠤᠯᠤᠰ᠎ᠤᠨ ᠭᠠᠳᠠᠭᠠᠳᠤ ᠣᠷᠣᠭᠤᠯᠤᠯᠲᠠ ᠭᠠᠷᠭᠠᠯᠲᠠ ᠎ᠶ᠋ᠢᠨ ᠲᠠᠸᠠᠷ ᠎ᠤᠨ ᠠᠷᠠᠯᠵᠢᠶᠠᠨ᠎ᠤ ᠴᠤᠭ᠍ᠯᠠᠭᠠᠨ (ᠭᠤᠸᠠᠩᠵᠧᠦ᠍᠎ᠶ᠋ᠢᠨ ᠠᠷᠠᠯᠵᠢᠶᠠᠨ᠎ᠤ ᠴᠤᠭ᠍ᠯᠠᠭᠠᠨ)10 ᠰᠠᠷ᠎ᠠ ᠎ᠶ᠋ᠢᠨ 15 ᠎ᠤ᠋ ᠡᠳᠦᠷ᠎ᠡᠴᠡ 11 ᠰᠠᠷ᠎ᠠ᠎ᠶ᠋ᠢᠨ 4 ᠎ᠤ᠋ ᠡᠳᠦᠷ ᠪᠣᠯᠲᠠᠯ᠎ᠠ ᠭᠤᠷᠪᠠᠨ ᠬᠤᠭᠤᠴᠠᠭ᠎ᠠ ᠬᠤᠪᠢᠶᠠᠨ ᠭᠤᠸᠠᠩᠵᠧᠦ᠍᠎ᠳᠦ ᠶᠠᠪᠤᠭ᠍ᠳᠠᠬᠤ ᠪᠠᠷ ᠪᠤᠯᠵᠤ᠂ 7.46 ᠲᠦᠮᠡᠨ ᠦᠵᠡᠭᠦᠯᠭᠡ ᠵᠢᠨ ᠪᠠᠢᠷᠢ ᠲᠤᠬᠢᠷᠠᠭᠤᠯᠵᠤ᠂ ᠦᠵᠡᠭᠦᠯᠭᠡ᠎ᠳᠦ ᠣᠷᠣᠯᠴᠠᠭ᠍ᠰᠠᠨ ᠠᠵᠤ ᠠᠬᠤᠢᠯᠠᠯ 3.2 ᠲᠦᠮᠡ᠎ᠶ᠋ᠢ ᠳᠠᠪᠠᠵᠤ ᠲᠡᠦᠬᠡ᠎ᠶ᠋ᠢᠨ ᠱᠢᠨ᠎ᠡ ᠲᠡᠮᠳᠡᠭ᠌ᠯᠡᠯ᠎ᠢ ᠡᠭᠦᠳᠪᠡ᠃ ᠲᠣᠰ ᠬᠤᠭᠤᠴᠠᠭᠠᠨ᠎ᠤ ᠭᠤᠸᠠᠩᠵᠧᠦ᠍᠎ᠶ᠋ᠢᠨ ᠠᠷᠠᠯᠵᠢᠶᠠᠨ᠎ᠤ ᠴᠤᠭ᠍ᠯᠠᠭᠠᠨ᠎ᠳᠤ ᠨᠢᠭᠡᠨᠲᠡ 24 ᠲᠦᠮᠡ ᠭᠠᠷᠤᠶ ᠬᠤᠳᠠᠯᠳᠤᠨ ᠠᠪᠬᠤ ᠬᠤᠳᠠᠯᠳᠤᠭᠠᠴᠢᠨ ᠤᠷᠢᠳᠴᠢᠯᠠᠨ ᠳᠠᠩᠰᠠᠯᠠᠭᠤᠯᠵᠤ᠂ ᠴᠤᠬᠯᠠᠭᠠᠨ ᠳ᠋ᠤ ᠣᠷᠣᠯᠴᠠᠭ᠍ᠰᠠᠨ ᠠᠨᠭᠬᠠᠨ ᠎ᠤ ᠪᠦᠯᠦᠭ᠎ᠤᠨ ᠬᠤᠳᠠᠯᠳᠤᠨ ᠠᠪᠬᠤ ᠠᠵᠤ ᠠᠬᠤᠢᠯᠠᠯ ᠵᠢᠱ᠌ᠢᠯᠲᠡ᠎ᠪᠡᠷ 400 ᠭᠠᠷᠤᠶ ᠪᠤᠢ᠃

ᠭᠤᠸᠠᠩᠵᠧᠦ᠍᠎ᠶ᠋ᠢᠨ ᠠᠷᠠᠯᠵᠢᠶᠠᠨ᠎ᠤ ᠴᠤᠭ᠍ᠯᠠᠭᠠᠨ ᠨᠢ ᠭᠠᠳᠠᠭᠠᠳᠤ ᠠᠷᠠᠯᠵᠢᠶᠠᠨ᠎ᠤ《ᠱᠢᠨ᠎ᠡ᠎ᠶ᠋ᠢ ᠡᠭᠦᠳᠬᠦ᠌ ᠲᠡᠢᠰᠢ》᠂ 《ᠣᠶᠤᠨᠴᠢ ᠲᠡᠢᠰᠢ》᠂ 《ᠪᠣᠬᠢᠷᠲᠤᠯ ᠥᠬᠡᠶ ᠲᠡᠢᠰᠢ》ᠬᠥᠭ᠌ᠵᠢᠬᠦ᠎ᠳᠦ ᠬᠦᠴᠦᠨ ᠨᠡᠮᠡᠷᠢᠯᠡᠵᠦ᠍᠂ ᠴᠤᠭᠯᠠᠭᠠᠨ᠎ᠳᠦ ᠣᠷᠣᠯᠴᠠᠭ᠍ᠰᠠᠨ ᠠᠵᠤ ᠠᠬᠤᠢᠯᠠᠯ᠎ᠤᠨ ᠳᠣᠲᠣᠷ᠎ᠠ ᠳᠡᠭᠡᠳᠦ ᠱᠢᠨ᠎ᠡ ᠮᠡᠷᠭᠡᠵᠢᠯ᠂ ᠲᠤᠰᠬᠠᠢᠵᠢᠭᠰᠠᠨ ᠨᠠᠷᠢᠯᠢᠭᠵᠢᠭᠰᠠᠨ ᠤᠨᠴᠠᠯᠢᠭᠵᠢᠭᠰᠠᠨ ᠰᠢᠨ᠎ᠠ᠂ ᠭᠠᠭᠴᠠ ᠲᠦᠷᠦᠯ᠎ᠦᠨ ᠮᠠᠩᠯᠠᠶ ᠵᠡᠷᠭᠡ  ᠱᠢᠯᠢᠳᠡᠭ ᠠᠵᠤ ᠠᠬᠤᠢᠯᠠᠯ 1 ᠲᠦᠮᠡ ᠎ᠶ᠋ᠢ ᠳᠠᠪᠠᠵᠤ᠂ ᠲᠡᠦᠬᠡ᠎ᠶ᠋ᠢᠨ ᠱᠢᠨ᠎ᠡ ᠲᠡᠮᠳᠡᠭ᠌ᠯᠡᠯ ᠎ᠢ ᠡᠭᠦᠳᠪᠡ᠃ ᠦᠵᠡᠭᠦᠯᠭᠡ᠎ᠡᠴᠡ ᠡᠮᠦᠨᠡᠬᠢ ᠪᠠᠢᠴᠠᠭᠠᠨ ᠰᠤᠳᠤᠯᠤᠯᠲᠠ᠎ᠶ᠋ᠢ ᠦᠨᠳᠦᠰᠦᠯᠡᠪᠡᠯ᠂ ᠵᠢᠱ᠌ᠢᠯᠲᠡ᠎ᠪᠡᠷ ᠲᠤᠬᠠᠶ᠎ᠶ᠋ᠢᠨ ᠲᠠᠯᠠᠪᠠᠶ᠎ᠳᠤ ᠱᠢᠨ᠎ᠡ ᠪᠦᠳᠦᠭᠡᠭᠳᠡᠬᠦᠨ (ᠣᠢᠷ᠎ᠠ᠎ᠶ᠋ᠢᠨ ᠨᠢᠭᠡ ᠵᠢᠯ᠎ᠳᠦ ᠰᠤᠳᠤᠯᠤᠨ ᠨᠡᠭᠡᠭᠡᠭ᠌ᠰᠡᠨ)100 ᠲᠦᠮᠡ ᠎ᠶ᠋ᠢ ᠳᠠᠪᠠᠵᠤ᠂ ᠪᠡᠶ᠎ᠡ ᠎ᠪᠡᠨ ᠳᠠᠭᠠᠭᠠᠭ᠍ᠰᠠᠨ ᠮᠡᠳᠡᠯᠭᠡ᠎ᠶ᠋ᠢᠨ ᠥᠮᠴᠢᠯᠡᠯ᠎ᠤᠨ ᠡᠷᠬᠡ᠎ᠲᠠᠢ ᠪᠦᠳᠦᠭᠡᠭᠳᠡᠬᠦᠨ110 ᠲᠦᠮᠡ ᠱᠢᠬᠠᠮ ᠪᠠᠢᠵᠤ᠂ ᠭᠤᠸᠠᠩᠵᠧᠦ᠍᠎ᠶ᠋ᠢᠨ ᠠᠷᠠᠯᠵᠢᠶᠠᠨ᠎ᠤ ᠴᠤᠭ᠍ᠯᠠᠭᠠᠨ᠎ᠤ ᠠᠩᠬᠠᠨ᠎ᠤ ᠪᠦᠯᠦᠭ᠎ᠤᠨ ᠦᠵᠡᠭᠦᠯᠭᠡ᠎ᠶ᠋ᠢᠨ ᠦᠶ᠋ᠯᠡᠳᠬᠦᠨ 80 ᠲᠦᠮᠡ ᠱᠢᠬᠠᠮ ᠪᠤᠢ᠃

ᠲᠣᠰ ᠬᠤᠭᠤᠴᠠᠭᠠᠨ᠎ᠤ ᠭᠤᠸᠠᠩᠵᠧᠦ᠍᠎ᠶ᠋ᠢᠨ ᠠᠷᠠᠯᠵᠢᠶᠠᠨ᠎ᠤ ᠴᠤᠭ᠍ᠯᠠᠭᠠᠨ᠎ᠤ ᠠᠩᠬᠠᠳᠠᠭ᠍ᠴᠢ ᠣᠶᠤᠨᠴᠢ ᠡᠮᠴᠢᠯᠡᠭᠡᠨ᠎ᠦ ᠲᠤᠰᠭᠠᠶ ᠲᠣᠭᠣᠷᠢᠭ᠂ ᠮᠡᠰᠡ ᠵᠠᠰᠠᠯ᠎ᠤᠨ ᠮᠠᠱᠢᠨ ᠬᠥᠮᠦᠨ᠂ ᠣᠶᠤᠨᠴᠢ ᠬᠢᠨᠠᠨ ᠬᠡᠮᠵᠢᠯᠲᠡ ᠵᠢᠴᠢ ᠡᠮᠦᠰᠴᠦ᠍ ᠵᠡᠭᠦᠵᠦ᠍ ᠪᠣᠯᠬᠤ ᠲᠥᠬᠥᠭᠡᠷᠦᠮᠵᠢ ᠵᠡᠷᠭᠡ 47 ᠠᠵᠤ ᠠᠬᠤᠢᠯᠠᠯ ᠣᠷᠣᠯᠴᠠᠵᠠᠶ; ᠦᠶ᠋ᠯᠡᠴᠢᠯᠡᠭᠡᠨ᠎ᠦ ᠮᠠᠱᠢᠨ ᠬᠥᠮᠦᠨ᠎ᠦ ᠲᠤᠰᠭᠠᠶ ᠲᠣᠭᠣᠷᠢᠭ ᠢ᠋ ᠦᠷᠭᠦᠯᠵᠢᠯᠡᠨ ᠲᠣᠬᠢᠷᠠᠭᠤᠯᠵᠤ᠂ 46 ᠠᠵᠢᠯ ᠲᠥᠷᠥᠯ᠎ᠦᠨ ᠲᠠᠭᠠᠭᠤᠯᠤᠭᠴᠢ ᠠᠵᠤ ᠠᠬᠤᠢᠯᠠᠯ᠎ᠢ ᠲᠡᠳᠡᠨ ᠣᠷᠣᠭᠤᠯᠵᠤ᠂ ᠮᠠᠱᠢᠨ ᠬᠥᠮᠦᠨ᠂ ᠮᠠᠱᠢᠨ ᠨᠣᠬᠠᠶ ᠵᠡᠷᠭᠡ᠎ᠶ᠋ᠢ ᠳᠡᠯᠭᠡᠨ ᠦᠵᠡᠭᠦᠯᠵᠦ᠍᠂ ᠭᠠᠳᠠᠭᠠᠳᠤ ᠠᠷᠠᠯᠵᠢᠶᠠᠨ᠎ᠤ ᠬᠥᠭ᠌ᠵᠢᠯᠲᠡ᠎ᠶ᠋ᠢᠨ ᠱᠢᠨ᠎ᠡ ᠭᠢᠯᠠᠰ ᠴᠡᠭ ᠢ᠋ ᠪᠣᠢᠵᠢᠭᠤᠯᠪᠠ᠃

ᠲᠣᠰ ᠬᠤᠭᠤᠴᠠᠭᠠᠨ᠎ᠤ ᠭᠤᠸᠠᠩᠵᠧᠦ᠍᠎ᠶ᠋ᠢᠨ ᠠᠷᠠᠯᠵᠢᠶᠠᠨ᠎ᠤ ᠴᠤᠭ᠍ᠯᠠᠭᠠᠨ᠎ᠤ ᠲᠤᠰᠭᠠᠶ ᠬᠤᠳᠠᠯᠳᠤᠨ ᠠᠪᠬᠤ ᠬᠤᠳᠠᠯᠳᠤᠭᠠᠴᠢᠨ ᠪᠠ ᠠᠨᠭᠬᠠᠨ᠎ᠤ ᠪᠦᠯᠦᠭ᠎ᠤᠨ ᠬᠤᠳᠠᠯᠳᠤᠨ ᠠᠪᠬᠤ ᠠᠵᠤ ᠠᠬᠤᠢᠯᠠᠯ ᠵᠢᠱ᠌ᠢᠯᠲᠡ᠎ᠪᠡᠷ ᠴᠥᠮ 137 ᠳ᠋ᠤᠭᠠᠷ ᠬᠤᠭᠤᠴᠠᠭᠠᠨ᠎ᠤ᠎ᠠᠷᠠᠯᠵᠢᠶᠠᠨ᠎ᠤ ᠴᠤᠭ᠍ᠯᠠᠭᠠᠨ᠎ᠢ ᠳᠠᠪᠠᠬᠤ ᠪᠣᠯᠤᠨ᠎ᠠ᠃ 10 ᠰᠠᠷ᠎ᠠ᠎ᠶ᠋ᠢᠨ 13 ᠎ᠤ᠋ ᠡᠳᠦᠷ ᠪᠣᠯᠲᠠᠯ᠎ᠠ᠂ 218 ᠭᠠᠳᠠᠭᠠᠳᠤ ᠭᠠᠷᠭᠠᠯᠲᠠ᠎ᠶ᠋ᠢᠨ ᠵᠠᠬ᠎ᠠ ᠳᠡᠯᠭᠡᠭᠦᠷ᠎ᠦᠨ 24 ᠲᠦᠮᠡ ᠭᠠᠷᠤᠶ ᠬᠤᠳᠠᠯᠳᠤᠨ ᠠᠪᠬᠤ ᠬᠤᠳᠠᠯᠳᠤᠭᠠᠴᠢᠨ ᠤᠷᠢᠳᠴᠢᠯᠠᠨ ᠳᠠᠩᠰᠠᠯᠠᠭᠤᠯᠵᠤ᠂ ᠲᠡᠭᠡᠷ᠎ᠡ ᠰᠠᠷ᠎ᠠ ᠵᠢᠨ ᠠᠳᠠᠯᠢ ᠬᠤᠭᠤᠴᠠᠭᠠᠨ᠎ᠤ ᠬᠢ ᠡᠴᠡ 10% ᠎ᠪᠠᠷ ᠨᠡᠮᠡᠭ᠌ᠳᠡᠪᠡ; ᠡᠭᠦᠨ᠎ᠳᠦ᠂ ᠧᠦ᠋ᠷᠣᠫᠠ ᠲᠢᠪ᠎ᠦᠨ ᠤᠯᠤᠰ᠎ᠤᠳ᠎ᠤᠨ ᠬᠣᠯᠪᠣᠭ᠎ᠠ᠂ ᠠᠮᠧᠷᠢᠺᠠ᠂《ᠨᠢᠭᠡ ᠪᠦᠰᠡ ᠨᠢᠭᠡ ᠵᠠᠮ》 ᠢ᠋ ᠬᠠᠮᠲᠤ᠎ᠪᠠᠷ ᠪᠦᠳᠦᠭᠡᠨ ᠪᠠᠢᠭᠤᠯᠬᠤ ᠤᠯᠤᠰ᠎ᠤᠳ᠎ᠤᠨ ᠬᠤᠳᠠᠯᠳᠤᠨ ᠠᠪᠬᠤ ᠬᠤᠳᠠᠯᠳᠤᠭᠠᠴᠢᠨ ᠢᠯᠡᠳᠲᠡ ᠨᠡᠮᠡᠭ᠌ᠳᠡᠪᠡ᠃

《ᠪᠢᠳᠡ ᠭᠣᠣᠯᠳᠠᠯᠭ᠎ᠠ᠎ᠪᠠᠨ ᠲᠣᠭ᠎ᠠ ᠬᠡᠮᠵᠢᠶ᠎ᠡ᠎ᠶ᠋ᠢ ᠥᠷᠭᠡᠳᠭᠡᠬᠦ᠌᠂ ᠶᠠᠰᠤ ᠴᠢᠨᠠᠷ᠎ᠢ ᠳᠡᠭᠡᠭ᠌ᠰᠢᠯᠡᠭᠦᠯᠬᠦ᠌᠂ ᠦᠷ᠎ᠡ ᠠᠱᠢᠭ᠎ᠢ ᠨᠡᠮᠡᠭ᠌ᠳᠡᠭᠦᠯᠬᠦ᠌ ᠳᠡᠭᠡᠷ᠎ᠡ ᠲᠠᠯᠪᠢᠵᠤ᠂ ᠨᠦᠯᠦᠭᠡᠯᠡᠬᠦ ᠬᠦᠴᠦᠨ ᠵᠢᠡᠨ ᠢᠳᠡᠪᠬᠢᠲᠡᠢ ᠥᠷᠭᠡᠳᠭᠡᠨ᠎ᠡ》᠃ ᠳᠤᠮᠳᠠᠳᠤ ᠤᠯᠤᠰ᠎ᠤᠨ ᠭᠠᠳᠠᠭᠠᠳᠤ ᠠᠷᠠᠯᠵᠢᠶᠠᠨ᠎ᠤ ᠲᠥᠪ᠎ᠦᠨ ᠡᠷᠬᠢᠯᠡᠭ᠌ᠴᠢ ᠵᠤ᠌ ᠶᠦᠩ᠂ ᠨᠡᠩ ᠨᠠᠷᠢᠨ ᠪᠤᠳᠤᠯᠢᠶᠠᠨᠲᠠᠶ ᠪᠥᠭᠡᠳ ᠬᠦᠨᠳᠦ ᠬᠡᠴᠡᠭᠦᠦ ᠭᠠᠳᠠᠭᠠᠳᠤ ᠣᠷᠴᠢᠨ ᠨᠥᠬᠥᠴᠡᠯ᠎ᠦᠨ ᠡᠮᠦᠨ᠎ᠡ᠂ ᠭᠤᠸᠠᠩᠵᠧᠦ᠍᠎ᠶ᠋ᠢᠨ ᠠᠷᠠᠯᠵᠢᠶᠠᠨ᠎ᠤ ᠴᠤᠭ᠍ᠯᠠᠭᠠᠨ ᠨᠢ ᠥᠪᠡᠷ᠎ᠦᠨ ᠲᠣᠭ᠍ᠲᠠᠪᠤᠷᠢᠲᠤ ᠴᠢᠨᠠᠷᠲᠠᠶ ᠴᠢᠷᠮᠠᠢᠯᠭ᠎ᠠ᠎ᠪᠠᠷ ᠎ᠢᠶᠠᠨ ᠳᠤᠮᠳᠠᠳᠤ ᠤᠯᠤᠰ᠎ᠤᠨ ᠭᠠᠳᠠᠭᠠᠳᠤ ᠠᠷᠠᠯᠵᠢᠶ᠎ᠠ ᠪᠣᠯᠤᠨ ᠲᠡᠯᠡᠬᠡᠢ ᠵᠢᠨ ᠠᠷᠠᠯᠵᠢᠶ᠎ᠠ᠎ᠳᠤ ᠨᠡᠩ ᠣᠯᠠᠨ ᠲᠣᠭ᠍ᠲᠠᠪᠤᠷᠢᠲᠤ ᠴᠢᠨᠠᠷ ᠣᠯᠭᠣᠬᠤ ᠪᠣᠯᠤᠨ᠎ᠠ ᠭᠡᠪᠡ᠃

《ᠭᠤᠸᠠᠩᠵᠧᠦ᠍᠎ᠶ᠋ᠢᠨ ᠠᠷᠠᠯᠵᠢᠶᠠᠨ᠎ᠤ ᠴᠤᠭ᠍ᠯᠠᠭᠠᠨ ᠨᠢ ᠮᠠᠨ᠎ᠤ ᠬᠤᠳᠠᠯᠳᠤᠨ ᠠᠪᠬᠤ ᠪᠠᠢᠯᠳᠤᠬᠤ ᠪᠣᠳᠣᠯᠭ᠎ᠠ᠎ᠶ᠋ᠢᠨ ᠭᠤᠤᠯ ᠲᠤᠯᠭᠠᠭᠤᠷᠢ ᠪᠣᠯᠬᠤ᠎ᠪᠠᠷ ᠪᠠᠷᠠᠬᠤ ᠥᠬᠡᠶ ᠨᠠᠩ ᠴᠤ᠌ ᠳᠤᠮᠳᠠᠳᠤ ᠤᠯᠤᠰ᠎ᠤᠨ ᠦᠶ᠋ᠯᠡᠳᠬᠦ᠌ ᠦᠶ᠋ᠯᠡᠰ᠎ᠦᠨ ᠬᠥᠭ᠌ᠵᠢᠯᠲᠡ᠎ᠶ᠋ᠢ ᠭᠦᠨᠵᠡᠭᠡᠶ ᠣᠢᠯᠠᠭᠠᠬᠤ ᠴᠢᠬᠤᠯᠠ ᠴᠣᠩᠬᠣᠪᠴᠢ ᠪᠣᠯᠬᠤ ᠶᠤᠮ》᠃ ᠭᠸᠷᠮᠠᠨ᠎ᠤ ᠯᠢᠳ᠋ᠸᠺᠠᠦ᠋ᠹᠯᠠᠨᠳ᠋ ᠬᠠᠩᠭᠠᠯᠭ᠎ᠠ᠎ᠶ᠋ᠢᠨ ᠬᠡᠯᠬᠢᠢ᠎ᠡ᠎ᠶ᠋ᠢᠨ ᠬᠠᠮᠢᠶᠠᠷᠤᠯᠲᠠ ᠎ᠶ᠋ᠢᠨ ᠬᠢᠵᠠᠭᠠᠷᠲᠤ ᠺᠣᠮᠫᠠᠨᠢ᠎ᠶ᠋ᠢᠨ ᠳᠤᠮᠳᠠᠳᠤ ᠤᠯᠤᠰ᠎ᠤᠨ ᠶᠡᠷᠦᠩᠬᠡᠢ ᠳᠠᠭᠠᠭᠠᠮᠠᠯ ᠰᠲᠸᠹᠠᠨ·ᠱᠢᠷᠭᠠᠢ᠌ᠰᠲ᠂《ᠳᠤᠮᠳᠠᠳᠤ ᠤᠯᠤᠰ ᠎ᠤᠨ ᠵᠠᠬ᠎ᠠ ᠳᠡᠯᠭᠡᠭᠦᠷ᠎ᠦᠨ ᠥᠷᠨᠢᠭᠦᠨ ᠬᠥᠭ᠌ᠵᠢᠩᠭᠦᠢ ᠠᠮᠢᠵᠢᠷᠠᠯ ᠎ᠤᠨ ᠬᠦᠴᠦᠨ᠂ ᠬᠠᠩᠭᠠᠯᠭ᠎ᠠ᠎ᠶ᠋ᠢᠨ ᠬᠡᠯᠬᠢᠢ᠎ᠡ᠎ᠶ᠋ᠢᠨ ᠮᠤᠨᠳᠠᠭ ᠶᠡᠬᠡ ᠬᠡᠮᠵᠢᠶ᠎ᠡ ᠪᠣᠯᠤᠨ ᠲᠡᠷᠢᠭᠦᠨ ᠎ᠦ ᠲᠦᠪᠱᠢᠨ ᠵᠢᠴᠢ ᠠᠯᠤᠰ ᠬᠡᠳᠤ᠎ᠶ᠋ᠢᠨ ᠬᠠᠷᠠᠭᠠᠰᠤ ᠲᠠᠢ ᠬᠠᠩᠭᠠᠯᠭ᠎ᠠ᠎ᠶ᠋ᠢᠨ ᠬᠤᠳᠠᠯᠳᠤᠭᠠᠴᠢᠨ ᠪᠣᠯᠤᠨ ᠬᠤᠳᠠᠯᠳᠤᠭᠠᠨ᠎ᠤ ᠬᠠᠨᠢᠲᠠᠨ᠎ᠲᠠᠶ ᠬᠠᠮᠲᠤ ᠪᠠᠷ ᠪᠠᠢᠭᠤᠯᠤᠭ᠍ᠰᠠᠨ ᠬᠠᠮᠲᠤᠷᠠᠯᠴᠠᠭᠠᠨ ᠎ᠤ ᠠᠮᠢ ᠠᠬᠤᠢ᠎ᠳᠤ ᠲᠦᠱᠢᠭ᠌ᠯᠡᠪᠡᠯ᠂ ᠪᠢᠳᠡᠨ᠎ᠦ ᠬᠤᠳᠠᠯᠳᠤᠨ ᠠᠪᠬᠤ ᠠᠯᠤᠰ᠎ᠤᠨ ᠲᠦᠰᠦᠪ ᠰᠠᠶ᠍ᠢ ᠪᠣᠯᠪᠠᠰᠤᠷᠠᠩᠭᠤᠢ ᠪᠤᠯᠵᠤ ᠴᠢᠳᠠᠨ᠎ᠠ》 ᠭᠡᠪᠡ᠃

ᠱᠢᠨᠬᠤᠸᠠ ᠬᠤᠷᠢᠶ᠎ᠠ ᠵᠢᠨ ᠭᠤᠸᠠᠩᠵᠧᠦ᠍᠎ᠶ᠋ᠢᠨ 10 ᠰᠠᠷ᠎ᠠ᠎ᠶ᠋ᠢᠨ 15 ᠎ᠤ᠋ ᠴᠠᠬᠢᠯᠭᠠᠨ ᠮᠡᠳᠡᠭᠡ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号