ᠥᠪᠥᠷ ᠮᠣᠩᠭᠣᠯ ᠤ᠋ᠨ ᠬᠡᠰᠢᠭᠲᠡᠨ ᠳᠡᠯᠡᠭᠡᠢ ᠵᠢᠨ ᠭᠠᠵᠠᠷ ᠰᠢᠨᠵᠢᠯᠡᠭᠡᠨ ᠤ᠋ ᠴᠡᠴᠡᠷᠯᠢᠭ ᠤ᠋ᠨ ᠠᠪᠳᠠᠷᠳᠤ ᠵᠢᠨ ᠳᠤᠭᠤᠷᠢᠭ ᠤ᠋ᠨ ᠬᠠᠮᠢᠶᠠᠷᠤᠯᠳᠠ ᠵᠢᠨ ᠤᠷᠤᠨ ᠳ᠋ᠡᠬᠢ 《ᠠᠪᠳᠠᠷᠳᠤ ᠵᠢᠨ ᠠᠭᠤᠯᠠᠨ ᠤ᠋ ᠶᠡᠭᠡ ᠬᠠᠭᠠᠷᠠᠯ》 ᠤᠷᠤᠨ ᠤ᠋ ᠬᠡᠭᠡᠷᠡᠯᠡᠨ ᠶᠠᠪᠠᠭᠠᠨ ᠠᠶᠠᠯᠠᠬᠤ ᠱᠤᠭᠤᠮ ᠨᠢ ᠤᠢᠷ᠎ᠠ ᠳ᠋ᠤ ᠰᠦᠯᠵᠢᠶᠠᠨ ᠲᠡᠭᠡᠷ᠎ᠠ ᠰᠠᠴᠤᠭᠳᠠᠵᠤ᠂ ᠬᠤᠯᠠ ᠤᠢᠷ᠎ᠠ ᠵᠢᠨ ᠬᠡᠭᠡᠷᠡᠯᠡᠨ ᠶᠠᠪᠠᠭᠠᠨ ᠠᠶᠠᠯᠠᠭᠴᠢ ᠵᠢᠨ ᠳᠤᠷ᠎ᠠ ᠰᠤᠨᠢᠷᠬᠠᠯ ᠢ᠋ ᠶᠡᠭᠡᠳᠡ ᠳᠠᠳᠠᠵᠤ᠂ ᠠᠮᠢ ᠠᠬᠤᠢ ᠵᠢᠨ ᠵᠢᠭᠤᠯᠴᠢᠯᠠᠭᠰᠠᠳ ᠤᠯᠠᠰᠢᠷᠠᠪᠠ᠃ ᠡᠨᠡ ᠨᠢ ᠵᠢᠭᠤᠯᠴᠢᠯᠠᠭᠰᠠᠳ ᠤ᠋ᠨ ᠤᠩᠭᠤᠨ ᠪᠠᠢᠭᠠᠯᠢ ᠵᠢᠨ ᠦᠵᠡᠮᠵᠢ ᠳ᠋ᠤ ᠬᠦᠷᠭᠦ ᠬᠦᠰᠡᠯ ᠡᠷᠡᠮᠡᠯᠵᠡᠯ ᠵᠢᠡᠷ ᠵᠠᠬ᠎ᠠ ᠳᠡᠯᠭᠡᠭᠦᠷ ᠤ᠋ᠨ ᠬᠡᠷᠡᠭᠴᠡᠭᠡ ᠵᠢ ᠪᠣᠢ ᠪᠣᠯᠭᠠᠭᠰᠠᠨ ; ᠡᠮᠬᠢ ᠵᠢᠷᠤᠮ ᠦᠭᠡᠢ ᠨᠡᠭᠡᠭᠡᠨ ᠠᠰᠢᠭᠯᠠᠯᠳᠠ ᠨᠢ ᠨᠤᠲᠤᠭ ᠪᠡᠯᠴᠢᠭᠡᠷ ᠤ᠋ᠨ ᠠᠮᠢ ᠠᠬᠤᠢ ᠵᠢᠨ ᠰᠢᠰᠲ᠋ᠧᠮ ᠤ᠋ᠨ ᠬᠡᠪᠡᠷᠡᠭ ᠤᠷᠤᠨ ᠤ᠋ ᠠᠮᠢ ᠠᠬᠤᠢ ᠵᠢᠨ ᠲᠡᠩᠴᠡᠭᠦᠷᠢ ᠵᠢ ᠰᠦᠷᠳᠡᠭᠦᠯᠦᠭᠰᠡᠨ ᠭᠡᠬᠦ ᠣᠳᠣᠬᠠᠨ ᠤ᠋ ᠠᠮᠢ ᠠᠬᠤᠢ ᠵᠢᠨ ᠵᠢᠭᠤᠯᠴᠢᠯᠠᠯ ᠤ᠋ᠨ ᠬᠥᠭᠵᠢᠯᠲᠡ ᠵᠢᠨ ᠬᠣᠶᠠᠷ ᠠᠰᠠᠭᠤᠳᠠᠯ ᠢ᠋ ᠲᠤᠰᠬᠠᠪᠠ᠃
ᠥᠪᠥᠷ ᠮᠣᠩᠭᠣᠯ ᠨᠢ ᠮᠠᠨ ᠤ᠋ ᠤᠯᠤᠰ ᠤ᠋ᠨ ᠤᠮᠠᠷᠠᠲᠤ ᠵᠢᠨ ᠴᠢᠬᠤᠯᠠ ᠠᠮᠢ ᠠᠬᠤᠢ ᠵᠢᠨ ᠬᠠᠯᠬᠠᠪᠴᠢ ᠪᠣᠯᠬᠤ ᠪᠦᠭᠡᠳ ᠦᠪᠦᠷ ᠮᠤᠩᠭᠤᠯ ᠤ᠋ᠨ ᠨᠤᠭᠤ ᠭᠠᠵᠠᠷ ᠤ᠋ᠨ ᠳᠠᠯ᠎ᠠ ᠨᠤᠳᠤᠭ᠂ ᠡᠯᠡᠰᠦᠷᠬᠡᠭ ᠭᠠᠵᠠᠷ ᠤ᠋ᠨ ᠤᠷᠭᠤᠮᠠᠯ ᠤ᠋ᠨ ᠬᠤᠴᠢᠯᠭ᠎ᠠ ᠵᠡᠷᠭᠡ ᠠᠮᠢ ᠠᠬᠤᠢ ᠵᠢᠨ ᠰᠢᠰᠲ᠋ᠧᠮ ᠤ᠋ᠨ ᠰᠡᠷᠭᠦᠯᠲᠡ ᠵᠢᠨ ᠡᠭᠡᠯᠵᠢ ᠵᠢᠨ ᠬᠤᠭᠤᠴᠠᠭ᠎ᠠ ᠨᠢ ᠬᠡᠳᠤᠨ ᠠᠷᠪᠠᠨ ᠵᠢᠯ᠂ ᠴᠢᠨᠠᠭᠰᠢᠯᠠᠨ ᠨᠡᠩ ᠤᠷᠲᠤ ᠪᠠᠢᠳᠠᠭ᠃ 《ᠠᠪᠳᠠᠷᠳᠤ ᠵᠢᠨ ᠠᠭᠤᠯᠠᠨ ᠤ᠋ ᠶᠡᠭᠡ ᠬᠠᠭᠠᠷᠠᠯ》 ᠤᠷᠤᠨ ᠮᠡᠳᠤ ᠵᠢᠨ ᠨᠡᠭᠡᠭᠡᠯᠳᠡ ᠬᠢᠭᠰᠡᠨ ᠦᠭᠡᠢ ᠤᠷᠤᠨ ᠳ᠋ᠤ ᠵᠢᠭᠤᠯᠴᠢᠯᠠᠭᠰᠠᠳ ᠤᠯᠠᠰᠢᠷᠠᠨ ᠂ 《ᠤᠷᠭᠤᠮᠠᠯ ᠤ᠋ᠨ ᠬᠤᠴᠢᠯᠭ᠎ᠠ ᠵᠢ ᠡᠪᠳᠡᠨ᠂ ᠣᠷᠴᠢᠨ ᠲᠣᠭᠣᠷᠢᠨ ᠢ᠋ ᠪᠣᠬᠢᠷᠲᠤᠭᠤᠯᠬᠤ》 ᠦᠵᠡᠭᠳᠡᠯ ᠢᠯᠡᠷᠡᠭᠰᠡᠨ ᠨᠢ 《ᠬᠡᠰᠢᠭᠲᠡᠨ ᠬᠤᠰᠢᠭᠤᠨ ᠤ᠋ ᠨᠤᠲᠤᠭ ᠪᠡᠯᠴᠢᠭᠡᠷ ᠮᠠᠭᠤᠳᠠᠬᠤ ᠨᠢ ᠪᠡᠭᠡᠵᠢᠩ ᠲᠢᠶᠠᠨᠵᠢᠨ ᠾᠧᠪᠧᠢ ᠵᠢᠨ ᠰᠠᠯᠬᠢ ᠡᠯᠡᠰᠦᠨ ᠤ᠋ ᠡᠬᠢ ᠵᠢ ᠵᠠᠰᠠᠬᠤ ᠦᠷ᠎ᠡ ᠪᠦᠲᠦᠮᠵᠢ ᠵᠢ ᠰᠢᠭᠤᠳ ᠨᠥᠯᠥᠭᠡᠯᠡᠬᠦ》 ᠦᠷᠭᠦᠯᠵᠢᠯᠡᠭᠰᠡᠨ ᠠᠮᠢ ᠠᠬᠤᠢ ᠵᠢᠨ ᠨᠠᠵᠠᠭᠠᠢ ᠲᠤᠰᠬᠠᠯ ᠢ᠋ ᠡᠭᠦᠰᠬᠡᠵᠦ ᠮᠡᠳᠡᠨ᠎ᠡ᠃
《ᠨᠤᠮᠢᠨ ᠤᠰᠤ ᠬᠦᠬᠡᠮᠳᠦᠭ ᠠᠭᠤᠯᠠ ᠪᠣᠯ ᠠᠯᠲᠠᠨ ᠠᠭᠤᠯᠠ ᠮᠥᠩᠭᠥᠨ ᠬᠠᠢᠷᠬᠠᠨ ᠮᠦᠨ》 ᠪᠣᠯᠬᠤ ᠵᠢ ᠪᠡᠶᠡᠯᠡᠭᠦᠯᠬᠦ ᠬᠡᠪᠡᠯ ᠡᠩ ᠲᠡᠷᠢᠭᠦᠨ ᠳ᠋ᠦ᠍ 《ᠠᠮᠢ ᠠᠬᠤᠢ ᠵᠢᠨ ᠤᠯᠠᠭᠠᠨ ᠱᠤᠭᠤᠮ 》 ᠤ᠋ᠨ ᠬᠠᠲᠠᠭᠤ ᠬᠦᠯᠢᠶᠡᠰᠦᠯᠡᠯ ᠢ᠋ ᠴᠢᠩᠭᠠᠳᠬᠠᠵᠤ᠂ ᠪᠠᠢᠭᠠᠯᠢ ᠵᠢᠨ ᠬᠠᠮᠠᠭᠠᠯᠠᠯᠲᠠ ᠵᠢᠨ ᠣᠷᠣᠨ ᠳ᠋ᠤ᠌ ᠳᠡᠰ ᠬᠤᠪᠢᠶᠠᠨ ᠬᠠᠮᠢᠶᠠᠷᠤᠨ ᠡᠵᠡᠮᠳᠡᠬᠦ ᠵᠢ ᠬᠡᠷᠡᠭᠵᠢᠭᠦᠯᠤᠨ᠎ᠠ ᠂ ᠳᠠᠷᠠᠭ᠎ᠠ ᠨᠢ ᠠᠮᠢ ᠠᠬᠤᠢ ᠵᠢᠨ ᠨᠥᠬᠥᠪᠥᠷᠢ ᠵᠢᠨ ᠳᠦᠷᠢᠮ ᠢ᠋ ᠲᠡᠭᠦᠯᠳᠡᠷᠵᠢᠭᠦᠯᠵᠦ᠂ ᠮᠠᠯᠴᠢᠳ ᠢ᠋ ᠠᠮᠢ ᠠᠬᠤᠢ ᠵᠢᠨ ᠬᠠᠮᠢᠶᠠᠷᠤᠯᠲᠠ ᠵᠢᠨ ᠠᠰᠢᠭ ᠬᠦᠷᠲᠡᠭᠴᠢ ᠪᠣᠯᠭᠠᠨ᠎ᠠ᠂ ᠪᠠᠰᠠ 《ᠡᠭᠦᠯᠡᠨ ᠵᠢᠭᠤᠯᠴᠢᠯᠠᠯ》 《ᠠᠮᠢ ᠠᠬᠤᠢ ᠵᠢᠨ ᠰᠤᠳᠤᠯᠭᠠᠨ ᠤ᠋ ᠬᠢᠴᠢᠶᠡᠯ》 ᠮᠡᠳᠤ ᠪᠡᠷ ᠤᠩᠭᠤᠨ ᠪᠠᠢᠭᠠᠯᠢ ᠵᠢᠨ ᠦᠵᠡᠮᠵᠢ ᠵᠢ ᠰᠦᠯᠵᠢᠶ᠎ᠡ ᠪᠡᠷ ᠰᠤᠳᠤᠯᠤᠨ ᠰᠤᠨᠢᠷᠬᠠᠨ ᠵᠢᠭᠤᠯᠴᠢᠯᠠᠬᠤ ᠠᠵᠢᠯᠯᠠᠭ᠎ᠠ ᠪᠡᠷ ᠤᠷᠤᠯᠠᠭᠤᠯᠬᠤ ᠵᠢ ᠠᠬᠢᠭᠤᠯᠵᠤ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠠᠷᠭ᠎ᠠ ᠪᠠᠷᠢᠯ ᠵᠢᠠᠷ ᠬᠦᠳᠡᠭᠡ ᠨᠤᠳᠤᠭ ᠬᠡᠭᠡᠷ᠎ᠡ ᠭᠠᠳᠠᠭ᠎ᠠ ᠵᠢᠨ ᠠᠮᠢ ᠠᠬᠤᠢ ᠵᠢᠨ ᠳᠠᠷᠤᠭᠠᠰᠤ ᠵᠢ ᠪᠠᠭᠠᠰᠬᠠᠵᠤ ᠪᠤᠯᠤᠨ᠎ᠠ ᠃ ᠡᠢᠨ ᠬᠦ᠌ 《ᠵᠠᠰᠠᠭ ᠤ᠋ᠨ ᠣᠷᠳᠣᠨ ᠬᠢᠨᠠᠨ ᠬᠠᠮᠢᠶᠠᠷᠬᠤ + ᠨᠡᠢᠭᠡᠮ ᠲᠣᠭᠣᠷᠢᠭ ᠣᠷᠣᠯᠴᠠᠬᠤ + ᠵᠢᠭᠤᠯᠴᠢᠯᠠᠭᠰᠠᠳ ᠤ᠋ᠨ ᠥᠪᠡᠷ ᠤ᠋ᠨ ᠤᠬᠠᠮᠰᠠᠷ 》 ᠣᠯᠠᠨ ᠡᠰᠢᠲᠦ ᠬᠠᠮᠲᠤ ᠵᠢᠨ ᠵᠠᠰᠠᠯᠳᠠ ᠵᠢᠨ ᠰᠢᠰᠲ᠋ᠧᠮ ᠢ᠋ ᠪᠠᠢᠭᠤᠯᠪᠠᠯ ᠰᠠᠶᠢ ᠠᠮᠢ ᠠᠬᠤᠢ ᠤᠷᠴᠢᠨ ᠳᠤᠭᠤᠷᠢᠨ ᠢ᠋ ᠡᠭᠦᠷᠢᠳᠡ ᠠᠮᠢᠵᠢᠷᠠᠯ ᠤ᠋ᠨ ᠬᠦᠴᠦᠨ ᠲᠠᠢ ᠪᠠᠢᠯᠭᠠᠵᠤ ᠴᠢᠳᠠᠬᠤ ᠨᠢ ᠢᠯᠡᠭᠡᠨ᠃
《ᠠᠮᠢ ᠠᠬᠤᠢ ᠮᠠᠨᠳᠤᠪᠠᠯ ᠪᠤᠯᠪᠠᠰᠤᠨ ᠮᠠᠨᠳᠤᠨ᠎ᠠ᠂ ᠠᠮᠢ ᠠᠬᠤᠢ ᠳᠤᠷᠤᠢᠳᠠᠪᠠᠯ ᠪᠤᠯᠪᠠᠰᠤᠨ ᠳᠤᠷᠤᠢᠳᠠᠨᠠ》 ᠭᠡᠵᠤ ᠠᠮᠢ ᠠᠬᠤᠢ ᠵᠢᠨ ᠪᠤᠯᠪᠠᠰᠤᠨ ᠤ᠋ ᠪᠠᠢᠭᠤᠯᠤᠯᠳᠠ ᠵᠢ ᠦᠨᠳᠦᠷ ᠲᠦᠪᠰᠢᠨ ᠳ᠋ᠤ ᠦᠨᠡᠯᠡᠵᠤ ᠪᠤᠢ᠃ ᠠᠮᠢ ᠠᠬᠤᠢ ᠵᠢ ᠤᠷᠢᠳ ᠵᠢᠡᠷ ᠪᠤᠳᠤᠯᠬᠢᠯᠠᠬᠤ ᠪᠤᠬᠢᠷᠳᠤᠯ ᠦᠭᠡᠢ ᠬᠦᠭᠵᠢᠭᠦᠯᠬᠦ ᠪᠡᠷ ᠤᠳᠤᠷᠢᠳᠤᠮᠵᠢ ᠪᠤᠯᠭᠠᠭᠰᠠᠨ ᠴᠢᠨᠠᠷ ᠰᠠᠢᠳᠠᠢ ᠬᠦᠭᠵᠢᠯᠳᠡ ᠵᠢᠨ ᠰᠢᠨ᠎ᠡ ᠵᠠᠮ ᠵᠢᠡᠷ ᠴᠦᠭᠦᠷᠡᠰᠢ ᠦᠭᠡᠢ ᠴᠢᠷᠮᠠᠢᠵᠤ᠂ ᠤᠷᠳᠤ ᠬᠤᠭᠤᠴᠠᠭ᠎ᠠ ᠪᠡᠷ ᠪᠠᠷᠢᠮᠳᠠᠯᠠᠨ᠂ ᠠᠮᠢ ᠠᠬᠤᠢ ᠵᠢᠨ ᠬᠦᠯᠢᠶᠡᠰᠦᠯᠡᠯ ᠢ᠋ ᠬᠥᠭᠵᠢᠯᠲᠡ ᠵᠢᠨ ᠳᠠᠪᠠᠭᠤᠯᠢᠭ ᠪᠣᠯᠭᠠᠨ ᠬᠤᠪᠢᠷᠠᠭᠤᠯᠵᠤ᠂ ᠠᠮᠢ ᠠᠬᠤᠢ ᠵᠢᠨ ᠬᠡᠪᠡᠷᠡᠭ ᠤᠷᠤᠨ ᠪᠤᠯᠭᠠᠨ ᠢ᠋ ᠠᠮᠢ ᠠᠬᠤᠢ ᠵᠢᠨ ᠪᠣᠯᠪᠠᠰᠤᠨ ᠤ᠋ ᠪᠠᠢᠭᠤᠯᠤᠯᠲᠠ ᠵᠢ ᠢᠯᠡᠷᠡᠭᠦᠯᠬᠦ ᠴᠣᠩᠬᠣᠪᠴᠢ ᠪᠣᠯᠭᠠᠵᠤ᠂ ᠦᠪᠦᠷ ᠮᠤᠩᠭᠤᠯ ᠤ᠋ᠨ ᠡᠨᠡ ᠬᠦ᠌ ᠨᠤᠮᠢᠨ ᠨᠤᠭᠤᠭᠠᠨ᠂ ᠬᠦᠭᠡᠮᠳᠦᠭ ᠴᠡᠩᠭᠡᠷ᠂ ᠠᠷᠢᠭᠤᠨ ᠴᠡᠪᠡᠷ ᠢ᠋ ᠰᠠᠢᠳᠤᠷ ᠰᠠᠬᠢᠨ ᠬᠠᠮᠠᠭᠠᠯᠠᠶ᠎ᠠ᠃