《ᠣᠶ ᠮᠣᠳᠣᠨ ᠤ᠋ ᠴᠢᠬᠢ ᠪᠣᠢᠵᠢᠭᠤᠯᠬᠤ ᠮᠡᠷᠭᠡᠵᠢᠯ ᠤ᠋ᠨ ᠳᠦᠷᠢᠮ》 ᠤ᠋ᠨ ᠦᠪᠦᠷ ᠮᠤᠩᠭᠤᠯ ᠤ᠋ᠨ ᠣᠷᠣᠨ ᠨᠤᠲᠤᠭ ᠤ᠋ᠨ ᠪᠠᠷᠢᠮᠵᠢᠶ᠎ᠠ ᠶ᠋ᠢ ᠨᠡᠢᠲᠡᠯᠡᠵᠡᠢ
2025-10-20 11:13:57
ᠵᠣᠬᠢᠶᠠᠭ᠍ᠴᠢ᠄
ᠨᠠᠮᠤᠭ
ᠣᠩᠱᠢᠭ᠍ᠰᠠᠨ ᠣᠳᠠᠭ᠎ᠠ᠄
★★★☆☆

ᠰᠤᠷᠪᠤᠯᠵᠢᠯᠠᠭᠴᠢ  ᠣᠢᠷ᠎ᠠ ᠳ᠋ᠤ ᠂ 《ᠣᠶ ᠮᠣᠳᠣᠨ ᠤ᠋ ᠴᠢᠬᠢ ᠪᠣᠢᠵᠢᠭᠤᠯᠬᠤ ᠮᠡᠷᠭᠡᠵᠢᠯ ᠤ᠋ᠨ ᠲᠦᠷᠢᠮ》 (DB15 / T 967 — 2025) ᠦᠪᠦᠷ ᠮᠤᠩᠭᠤᠯ ᠤ᠋ᠨ ᠥᠪᠡᠷᠲᠡᠭᠡᠨ ᠵᠠᠰᠠᠬᠤ ᠣᠷᠣᠨ ᠤ᠋ ᠣᠷᠣᠨ ᠨᠤᠲᠤᠭ ᠤ᠋ᠨ ᠪᠠᠷᠢᠮᠵᠢᠶ᠎ᠠ ᠶ᠋ᠢ ᠨᠡᠢᠲᠡᠯᠡᠬᠦ ᠵᠢᠨ ᠬᠠᠮᠲᠤ ᠡᠬᠢᠯᠡᠵᠦ᠍ ᠬᠡᠷᠡᠭ᠌ᠵᠢᠭᠦᠯᠪᠡ᠃

ᠲᠤᠰ ᠪᠠᠷᠢᠮᠵᠢᠶ᠎ᠠ ᠶ᠋ᠢ ᠦᠪᠦᠷ ᠮᠤᠩᠭᠤᠯ ᠤ᠋ᠨ ᠥᠪᠡᠷᠲᠡᠭᠡᠨ ᠵᠠᠰᠠᠬᠤ ᠣᠷᠣᠨ ᠤ᠋ ᠣᠶ ᠱᠢᠭᠤᠶ ᠪᠠ ᠨᠤᠲᠤᠭ ᠪᠡᠯᠴᠢᠭᠡᠷ ᠤ᠋ᠨ ᠦᠷ᠎ᠡ ᠴᠢᠬᠢ ᠵᠢᠨ ᠶᠡᠷᠦᠩᠬᠡᠶ ᠥᠷᠲᠡᠭᠡ ᠳᠠᠢᠴᠢᠯᠠᠨ᠂ ᠠᠢᠮᠠᠭ ᠬᠣᠲᠠ ᠶ᠋ᠢᠨ ᠦᠷ᠎ᠡ ᠴᠢᠬᠢ ᠵᠢᠨ ᠬᠠᠮᠢᠶᠠᠷᠤᠯᠲᠠ ᠶ᠋ᠢᠨ ᠪᠠᠢᠭᠤᠯᠤᠮᠵᠢ ᠣᠷᠣᠯᠴᠠᠵᠤ ᠬᠠᠮᠲᠤ ᠪᠠᠷ ᠵᠠᠰᠠᠪᠤᠷᠢ ᠣᠷᠣᠭᠤᠯᠪᠠ᠃ ᠲᠤᠰ ᠪᠠᠷᠢᠮᠵᠢᠶ᠎ᠠ ᠳ᠋ᠤ ᠤᠢ ᠮᠣᠳᠣᠨ ᠤ᠋ ᠴᠢᠬᠢ ᠪᠣᠢᠵᠢᠭᠤᠯᠬᠤ ᠬᠦᠷᠢᠶᠡᠯᠡᠩ ᠢ᠋ ᠪᠦᠳᠦᠭᠡᠨ ᠪᠠᠢᠭᠤᠯᠬᠤ᠂ ᠬᠥᠷᠥᠰᠥ᠍ ᠱᠢᠷᠣᠶ ᠶ᠋ᠢ ᠬᠠᠮᠢᠶᠠᠷᠬᠤ᠂ ᠳᠠᠷᠢᠵᠤ ᠴᠢᠬᠢ ᠪᠣᠢᠵᠢᠭᠤᠯᠬᠤ᠂ ᠬᠠᠲᠠᠭᠤ ᠮᠥᠴᠢᠷ᠎ᠬᠠᠳᠭᠤᠵᠤ ᠴᠢᠬᠢ ᠪᠣᠢᠵᠢᠭᠤᠯᠬᠤ᠂ ᠨᠢᠯᠬ᠎ᠠ ᠮᠥᠴᠢᠷ ᠬᠠᠳᠭᠤᠵᠤ ᠴᠢᠬᠢ ᠪᠣᠢᠵᠢᠭᠤᠯᠬᠤ᠂ ᠵᠠᠯᠭᠠᠵᠤ ᠤᠷᠭᠤᠭᠤᠯᠤᠨ ᠴᠢᠬᠢ ᠪᠣᠢᠵᠢᠭᠤᠯᠬᠤ᠂ ᠦᠨᠳᠦᠰᠦ ᠶ᠋ᠢ ᠨᠢ ᠪᠤᠯᠠᠵᠤ ᠴᠢᠬᠢ ᠪᠣᠢᠵᠢᠭᠤᠯᠬᠤ᠂ ᠱᠢᠯᠵᠢᠭᠦᠯᠦᠨ ᠤᠷᠭᠤᠭᠤᠯᠵᠤ ᠪᠣᠢᠵᠢᠭᠤᠯᠬᠤ᠂ ᠴᠢᠬᠢ ᠶ᠋ᠢᠨ ᠤᠷᠭᠤᠯᠲᠠ ᠵᠢᠨ ᠬᠤᠭᠤᠴᠠᠭᠠᠨ ᠳ᠋ᠡᠬᠢ ᠬᠠᠮᠢᠶᠠᠷᠤᠯᠲᠠ᠂ ᠭᠠᠮᠱᠢᠭ ᠢ᠋ ᠰᠡᠷᠭᠡᠢᠯᠡᠨ ᠡᠵᠡᠮᠳᠡᠬᠦ᠂ ᠴᠢᠬᠢ ᠮᠣᠳᠣ ᠶ᠋ᠢ ᠪᠠᠢᠴᠠᠭᠠᠬᠤ᠂ ᠴᠢᠬᠢ ᠮᠣᠳᠣ ᠶ᠋ᠢ ᠬᠦᠷᠢᠶᠡᠯᠡᠩ ᠡᠴᠡ ᠭᠠᠷᠭᠠᠬᠤ᠂ ᠱᠢᠨᠵᠢᠯᠡᠬᠦ᠌ ᠤᠬᠠᠭᠠᠨ ᠤ᠋ ᠲᠤᠷᠱᠢᠯᠲᠠ ᠵᠢᠴᠢ ᠴᠢᠬᠢ ᠮᠣᠳᠣᠨ ᠤ᠋ ᠬᠦᠷᠢᠶᠡᠯᠡᠩ ᠤ᠋ᠨ ᠳᠠᠩᠰᠠ ᠡᠪᠬᠡᠮᠡᠯ ᠵᠡᠷᠭᠡ ᠠᠭᠤᠯᠭ᠎ᠠ ᠪᠣᠯᠤᠨ ᠮᠡᠷᠭᠡᠵᠢᠯ ᠤ᠋ᠨ ᠭᠣᠣᠯᠳᠠᠯᠭ᠎ᠠ ᠶ᠋ᠢ ᠲᠤᠭᠲᠠᠭᠠᠵᠤ᠂ ᠡᠨᠡ ᠨᠢ ᠤᠢ ᠮᠣᠳᠣᠨ ᠤ᠋ ᠭᠡᠷ ᠤ᠋ᠨ ᠭᠠᠳᠠᠨᠠᠬᠢ ᠴᠢᠬᠢ ᠪᠣᠢᠵᠢᠭᠤᠯᠬᠤ ᠳ᠋ᠤ ᠳᠤᠬᠢᠷᠠᠨ᠎ᠠ᠃

ᠲᠣᠰ ᠪᠠᠷᠢᠮᠵᠢᠶ᠎ᠠ ᠶ᠋ᠢ ᠨᠡᠢᠲᠡᠯᠡᠭ᠌ᠰᠡᠨ ᠨᠢ ᠦᠪᠦᠷ ᠮᠤᠩᠭᠤᠯ ᠤ᠋ᠨ ᠣᠶ ᠮᠣᠳᠣᠨ ᠤ᠋ ᠴᠢᠬᠢ ᠪᠣᠢᠵᠢᠭᠤᠯᠬᠤ ᠠᠵᠢᠯ ᠢ᠋ ᠵᠢᠷᠤᠮᠵᠢᠭᠤᠯᠬᠤ᠂ 《ᠤᠮᠠᠷᠠᠲᠤ ᠵᠢᠨ ᠭᠤᠷᠪᠠᠨ ᠤᠷᠤᠨ》 ᠵᠡᠷᠭᠡ ᠭᠤᠤᠯᠳᠠᠯᠭ᠎ᠠ ᠲᠠᠶ ᠠᠮᠢ ᠠᠬᠤᠶ ᠶ᠋ᠢᠨ ᠢᠨᠵᠧᠨᠧᠷᠢᠩ ᠤ᠋ᠨ ᠦᠷ᠎ᠡ ᠴᠢᠬᠢ ᠶ᠋ᠢᠨ ᠶᠠᠰᠤ ᠴᠢᠨᠠᠷ ᠢ᠋ ᠪᠠᠲᠤᠯᠠᠬᠤ ᠳ᠋ᠤ ᠴᠢᠬᠤᠯᠠ ᠠᠴᠢ ᠬᠣᠯᠪᠣᠭ᠍ᠳᠠᠯ ᠲᠠᠶ ᠶᠤᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号