ᠪᠢᠴᠢᠯ ᠰᠢᠬᠦᠮᠵᠢ
2025-10-20 11:15:45
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠣᠢᠷ᠎ᠠ᠎ᠶᠢᠨ ᠬᠤᠭᠤᠴᠠᠭᠠᠨ᠎ᠳᠤ᠂ ᠳᠤᠮᠳᠠᠳᠤ ᠤᠯᠤᠰ᠎ᠠᠴᠠ ᠠᠩᠬᠠᠳᠠᠭ᠍ᠴᠢ ᠬᠡᠢᠰᠪᠦᠷᠢ ᠪᠣᠳᠠᠲᠤ ᠠᠬᠤᠢ᠎ᠶᠢᠨ ᠺᠢᠨᠣ᠋ 《ᠳᠠᠩ ᠤᠯᠤᠰ᠎ᠦᠨ ᠣᠷᠳᠣᠨ᠎ᠤ ᠣᠷᠣᠢ᠎ᠶᠢᠨ ᠳᠠᠶ᠋ᠢᠯᠠᠯᠭ᠎ᠠ》 ᠵᠢ ᠭᠠᠳᠠᠭᠠᠳᠤ᠎ᠶᠢᠨ ᠣᠯᠠᠨ ᠤᠯᠤᠰ ᠵᠢᠴᠢ ᠭᠠᠵᠠᠷ ᠣᠷᠣᠨ᠎ᠳᠤ ᠳᠡᠯᠭᠡᠨ ᠦᠵᠡᠭᠦᠯᠵᠦ᠂ ᠮᠠᠰᠢ ᠣᠯᠠᠨ ᠭᠠᠳᠠᠭᠠᠳᠤ᠎ᠶᠢᠨ ᠦᠵᠡᠭᠴᠢᠳ ᠎ᠦᠨ ᠰᠣᠨᠢᠷᠬᠠᠯ᠎ᠢ ᠲᠠᠳᠠᠵᠠᠢ᠂ ᠺᠢᠨᠣ᠋ ᠦᠵᠡᠭᠴᠢᠳ VR ᠲᠥᠬᠦᠭᠡᠷᠦᠮᠵᠢ᠎ᠶᠢ ᠵᠡᠬᠦᠵᠦ᠂ ᠺᠢᠨᠣ᠋ ᠳᠣᠲᠣᠷᠠᠬᠢ ᠵᠣᠬᠢᠶᠠᠮᠠᠯ ᠵᠢᠭᠤᠯᠴᠢᠯᠠᠯ᠎ᠤᠨ ᠵᠠᠮᠴᠢᠯᠠᠭ᠍ᠴᠢ᠎ᠶᠢᠨ ᠳᠠᠭᠠᠭᠤᠯᠭ᠎ᠠ ᠳᠣᠣᠷ᠎ᠠ  ᠣᠷᠳᠣᠨ ᠬᠠᠷᠰᠢ ᠪᠡᠷ ᠲᠣᠭᠣᠷᠢᠨ᠎ᠠ᠂ ᠳᠠᠩ ᠤᠯᠤᠰ᠎ᠦᠨ ᠰᠢᠯᠦᠭ ᠳᠠᠭᠤᠯᠠᠯ᠂ ᠳᠠᠭᠤᠤ ᠪᠥᠵᠢᠭ᠂ ᠪᠠᠷᠢᠯᠭ᠎ᠠ ᠵᠡᠷᠭᠡ ᠰᠣᠶᠣᠯ᠎ᠤᠨ ᠡᠯᠧᠮᠧᠨ᠋ᠲ ᠨᠢ ᠮᠥᠩᠭᠥᠨ ᠬᠥᠰᠢᠭᠡᠨ ᠳᠡᠭᠡᠷᠡᠬᠢ ᠦᠵᠡᠭᠳᠡᠯ ᠲᠡᠳᠦᠢ ᠪᠢᠰᠢ  ᠪᠣᠯᠵᠤ᠂ ᠬᠠᠷᠢᠨ ᠬᠠᠷᠢᠯᠴᠠᠨ ᠬᠥᠳᠡᠯᠦᠯᠴᠡᠵᠦ ᠪᠣᠯᠬᠤ ᠠᠮᠢᠳᠤᠯᠢᠭ᠋ ᠰᠠᠢᠬᠠᠨ ᠦᠵᠡᠭᠳᠡᠯ ᠪᠣᠯᠵᠠᠢ᠃ ᠡᠭᠦᠨ᠎ᠦ ᠬᠠᠮᠲᠤ  ᠳᠤᠮᠳᠠᠳᠤ ᠤᠯᠤᠰ᠎ᠤᠨ ᠰᠠᠨᠰᠠᠷ᠎ᠤᠨ ᠪᠠᠷᠢᠮᠲᠠᠲᠤ ᠺᠢᠨᠣ᠋ 《ᠬᠦᠬᠡ ᠣᠭᠳᠠᠷᠭᠣᠢ》 ᠣᠢᠷ᠎ᠠ᠎ᠳᠤ ᠪᠠᠰᠠ ᠠᠨᠭ᠌ᠭ᠌ᠯᠢ᠂ ᠫᠠᠺᠢᠰᠲ᠋ᠠᠨ᠂ ᠨᠢᠭᠧᠷᠢᠶ᠎ᠠ᠂ ᠮᠧᠺᠰᠢᠺᠦ ᠵᠡᠷᠭᠡ ᠤᠯᠤᠰ᠎ᠲᠤ ᠵᠠᠯᠭᠠᠭ᠎ᠠ᠎ᠪᠠᠷ ᠨᠡᠪᠳᠡᠷᠡᠭᠦᠯᠦᠭᠳᠡᠪᠠ᠂ ᠺᠢᠨᠣ᠋ ᠨᠢ ᠰᠠᠨᠰᠠᠷᠴᠢᠨ᠎ᠤ ᠬᠠᠷᠠᠭᠠᠰᠤ᠎ᠠᠴᠠ ᠲᠡᠳᠡᠨ᠎ᠦ ᠰᠠᠨᠰᠠᠷ᠎ᠤᠨ ᠥᠷᠲᠡᠭᠡᠨ᠎ᠳᠦ 6 ᠰᠠᠷ᠎ᠠ ᠰᠠᠭᠤᠭᠰᠠᠨ ᠶᠡᠷᠦ ᠪᠤᠰᠤ᠎ᠶᠢᠨ ᠠᠶᠠᠯᠠᠯ᠎ᠢ ᠲᠡᠮᠳᠡᠭᠯᠡᠵᠠᠢ᠃ ᠲᠣᠰ ᠺᠢᠨᠣ᠋ ᠨᠢ ᠨᠢᠭᠡᠨᠲᠡ 16 ᠵᠦᠢᠯ᠎ᠦᠨ ᠬᠡᠯᠡ ᠪᠡᠷ ᠣᠷᠴᠢᠭᠤᠯᠤᠭᠳᠠᠬᠰᠠᠨ ᠪᠥᠭᠡᠳ ᠭᠠᠳᠠᠭᠠᠳᠤ᠎ᠳᠤ  ᠪᠠᠷᠢᠮᠲᠠᠲᠤ ᠺᠢᠨᠣ᠋ ᠵᠢᠨ ᠪᠠᠬᠠᠳᠠᠳ ᠪᠠ ᠤᠳᠤᠷᠢᠳᠤᠭᠠᠴᠢ᠎ᠶᠢᠨ  ᠠᠩᠬᠠᠷᠤᠯ᠎ᠢ ᠶᠡᠬᠡ ᠲᠠᠲᠠᠪᠠ᠃

ᠦᠨᠡᠯᠡᠯᠳᠠ᠄ ᠲᠡᠣᠬᠡ ᠵᠢ 《ᠠᠮᠢᠳᠣᠯᠢᠬᠵᠢᠭᠣᠯᠬᠣ》 ᠡᠴᠡ ᠰᠠᠨᠰᠠᠷ ᠣᠭᠲᠠᠷᠭᠤᠢ᠎ᠳᠦ 《ᠪᠡᠶ᠎ᠡ᠎ᠪᠡᠷ᠎ᠢᠶᠡᠨ ᠬᠦᠷᠴᠤ ᠰᠣᠨᠢᠷᠬᠠᠬᠣ》 ᠬᠦᠷᠲᠡᠯ᠎ᠡ᠂ ᠡᠨᠡ᠎ᠬᠦ ᠡᠯᠪᠡᠭ ᠰᠣᠶᠣᠯ᠎ᠤᠨ ᠠᠭᠣᠯᠣᠬᠳᠠᠬᠣᠨ ᠵᠢᠴᠢ ᠬᠠᠷᠠᠭ᠎ᠠ ᠰᠣᠨᠣᠷ᠎ᠤᠨ ᠭᠠᠢᠬᠠᠮᠰᠢᠭ᠋᠎ᠢ ᠬᠣᠣᠰᠯᠠᠭᠤᠯᠤᠭᠰᠠᠨ ᠬᠦᠦᠷᠨᠢᠯ ᠨᠢ ᠳᠤᠮᠳᠠᠳᠤ ᠤᠯᠤᠰ᠎ᠤᠨ ᠦᠯᠢᠬᠡᠷ᠎ᠦᠨ  ᠳᠡᠯᠡᠬᠡᠢ ᠳ᠋ᠠᠬᠢᠨ᠎ᠢ ᠠᠩᠬᠠᠷᠣᠯ᠎ᠢ ᠲᠠᠲᠠᠭᠰᠠᠨ ᠰᠢᠨ᠎ᠡ ᠬᠢᠯᠠᠰ ᠴᠡᠭ ᠪᠣᠯᠪᠠ᠃

        —  《ᠠᠷᠠᠳ᠎ᠦᠨ ᠣᠯᠣᠰ ᠲᠦᠷᠦ ᠵᠢᠨ ᠵᠦᠪᠯᠡᠯᠭᠡᠨ᠎ᠦ ᠰᠣᠨᠢᠨ》 ᠡᠴᠡ 


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号