ᠨᠠᠰᠣᠳᠠᠢᠴᠣᠳ ᠬᠡᠷᠡᠭᠯᠡᠭᠡ ᠵᠢᠨ ᠣᠨᠠᠭᠣᠯᠢ᠎ᠳᠦ ᠣᠨᠠᠬᠣ ᠡᠴᠡ ᠬᠢᠴᠢᠶᠡᠬᠡᠷᠡᠢ
2025-10-20 11:19:26
ᠵᠣᠬᠢᠶᠠᠭ᠍ᠴᠢ᠄
ᠱᠢ ᠹᠸᠩ
ᠣᠩᠱᠢᠭ᠍ᠰᠠᠨ ᠣᠳᠠᠭ᠎ᠠ᠄
★★★☆☆

 ᠨᠠᠰᠣᠳᠠᠢᠴᠣᠳ ᠣᠶᠣᠨᠴᠢ  ᠭᠠᠷ ᠣᠳᠠᠰᠣ ᠵᠢ ᠴᠢᠳᠠᠮᠠᠭᠠᠢ ᠬᠡᠷᠡᠭᠯᠡᠵᠦ ᠴᠢᠳᠠᠬᠰᠠᠨ ᠡᠴᠡ ᠡᠯ᠎ᠡ ᠵᠦᠢᠯ᠎ᠦᠨ APP ᠪᠡᠷ ᠬᠣᠭᠣᠯᠠ ᠵᠠᠬᠢᠶᠠᠯᠠᠨ᠎ᠠ᠂ ᠲᠡᠷᠭᠡ ᠲᠠᠭᠣᠳᠠᠨ᠎ᠠ᠂ ᠶᠠᠭᠣᠮ᠎ᠠ ᠬᠣᠳᠠᠯᠳᠣᠨ ᠠᠪᠣᠨ᠎ᠠ᠂ ᠣᠬᠣᠷ ᠸᠢᠳᠢᠣ᠋ ᠦᠵᠡᠨ᠎ᠠ ᠁ ᠨᠠᠰᠣᠳᠠᠢᠴᠣᠳ  ᠭᠠᠷ ᠣᠳᠠᠰᠣ ᠪᠡᠷ ᠵᠢᠡᠨ ᠣᠯᠠᠨ ᠵᠦᠢᠯ᠎ᠢ ᠬᠢᠵᠦ ᠴᠢᠳᠠᠬᠣ ᠪᠣᠯᠵᠡᠢ ᠬᠡᠵᠦ ᠪᠠᠶᠠᠷᠯᠠᠬᠣ ᠵᠢᠨ ᠵᠡᠷᠭᠡ  ᠪᠡᠷ ᠰᠠᠨᠠᠮᠰᠠᠷ ᠦᠬᠡᠢ ᠣᠨᠠᠭᠣᠯᠢ᠎ᠳᠦ ᠣᠨᠠᠬᠰᠠᠨ ᠶᠠᠪᠣᠳᠠᠯ ᠴᠦᠬᠡᠨ ᠪᠣᠰᠣ ᠭᠠᠷᠴᠦ ᠪᠣᠢ᠃ 


QQ20251020-103745.png

   

                               ( ᠰᠢᠨᠬᠣᠸᠠ ᠬᠣᠷᠢᠶ᠎ᠠ ᠵᠢᠨ ᠵᠢᠷᠣᠭ)

                                                 ᠱᠸᠨ ᠬᠠᠢ ᠲᠣᠣ ᠵᠢᠷᠣᠪᠠ


ᠬᠣᠭᠣᠯᠠ ᠵᠠᠬᠢᠶᠠᠯᠠᠬᠰᠠᠨ᠎ᠴᠢᠨᠢ ᠬᠠᠷᠢᠨ ᠬᠡᠷᠡᠭᠯᠡᠭᠡ ᠵᠢᠨ ᠵᠢᠬᠡᠯᠡᠯᠭᠡ ᠪᠡᠷ  ᠠᠪᠴᠢᠬᠠᠬᠰᠠᠨ ᠪᠠᠢᠵᠠᠢ᠃ ᠬᠢᠮᠳᠠᠬᠠᠨ ᠰᠦᠯᠵᠢᠶᠡᠨ ᠲᠡᠷᠭᠡ ᠲᠠᠭᠣᠳᠠᠴᠢᠬᠠᠯ᠎ᠡ ᠬᠡᠵᠦ ᠪᠠᠶᠠᠷᠯᠠᠵᠦ ᠪᠠᠢᠬᠰᠠᠨ ᠴᠢᠨᠢ ᠬᠠᠷᠢᠨ ᠦᠨᠡᠳᠡᠢ ᠲᠡᠷᠭᠡ ᠬᠦᠷᠦᠬᠡᠳ ᠢᠷᠡᠵᠡᠢ᠃ ᠨᠢᠭᠣᠴᠠ ᠨᠣᠮᠸᠷ ᠭᠡᠷᠡᠭᠯᠡᠬᠦ ᠦᠬᠡᠢ ᠪᠡᠷ ᠵᠣᠭᠣᠰ ᠲᠦᠯᠦᠬᠦ ᠵᠢ ᠬᠡᠵᠢᠶ᠎ᠡ ᠰᠣᠩᠭᠣᠬᠰᠠᠨ ᠵᠢᠡᠨ ᠦᠯᠦ ᠮᠡᠳᠡᠨ᠎ᠡ᠃  ᠬᠡᠷᠡᠭᠯᠡᠬᠦ᠎ᠳᠦ ᠲᠦᠬᠦᠮᠬᠡᠨ᠎ᠴᠤ ᠵᠠᠬᠢᠶᠠᠯᠠᠭ᠎ᠠ ᠪᠡᠨ ᠪᠣᠴᠠᠭᠠᠬᠣ᠎ᠳᠦ ᠬᠦᠴᠢᠷ ᠪᠠᠢᠨ᠎ᠠ ᠁ ᠡᠨᠡ ᠵᠢᠯ ᠡᠴᠡ ᠡᠳᠡᠭᠡᠷ ᠠᠰᠠᠭᠣᠳᠠᠯ ᠲᠠᠢ ᠬᠣᠯᠪᠣᠬᠳᠠᠬᠰᠠᠨ ᠬᠡᠷᠡᠭᠯᠡᠭᠴᠢᠳ᠎ᠦᠨ ᠵᠠᠭᠠᠯᠳᠣᠯᠭ᠎ᠠ ᠣᠯᠠᠨ ᠪᠣᠯᠵᠦ ᠪᠠᠢᠨ᠎ᠠ᠃ ᠨᠠᠰᠣᠳᠠᠢᠴᠣᠳ ᠭᠠᠷ ᠣᠳᠠᠰᠣ ᠵᠢᠨ ᠰᠢᠰᠲ᠋ᠸᠮ᠎ᠦᠨ ᠰᠢᠨᠠᠴᠢᠯᠠᠯᠳᠠ ᠪᠣᠶᠣ APP ᠵᠢᠨ ᠰᠢᠨᠡᠴᠢᠯᠡᠯᠳᠡ ᠵᠢ ᠲᠠᠭᠠᠵᠦ ᠲᠡᠢᠯᠬᠦ ᠦᠬᠡᠢ ᠪᠠᠢᠨ᠎ᠠ᠃ ᠲᠠᠪᠴᠠᠩ ᠡᠴᠡ ᠨᠠᠰᠣᠳᠠᠢᠴᠣᠳ᠎ᠢ ᠬᠠᠯᠠᠮᠵᠢᠯᠠᠵᠦ ᠲᠠᠪᠴᠠᠩ ᠎ᠦᠨ  ᠢᠷᠡᠬᠦᠯᠵᠦ ᠪᠠᠢᠭ᠎ᠠ ᠠᠭᠣᠯᠭ᠎ᠠ ᠵᠢ ᠦᠵᠡᠬᠦ ᠦᠬᠡᠢ ᠰᠣᠩᠭᠣᠯᠳᠠ ᠲᠣᠬᠢᠷᠠᠭᠣᠯᠵᠦ ᠦᠭᠴᠤ ᠪᠣᠯᠣᠨ᠎ᠠ᠃ ᠬᠠᠮᠢᠶ᠎ᠠ ᠪᠦᠬᠦᠢ ᠰᠠᠯᠠᠭ᠎ᠠ ᠮᠦᠴᠢᠷ ᠡᠴᠡ ᠬᠡᠷᠡᠭᠯᠡᠭᠡ ᠵᠢᠨ ᠦᠳᠦᠬᠡᠯᠬᠡ ᠵᠢᠨ ᠦᠢᠯᠡ ᠠᠵᠢᠯᠯᠠᠭ᠎ᠠ ᠵᠢ ᠵᠢᠷᠣᠮᠵᠢᠭᠣᠯᠵᠦ᠂ ᠨᠢᠬᠡ ᠯᠡ ᠲᠠᠷᠣᠪᠴᠢ ᠪᠡᠷ ᠬᠣᠳᠠᠯᠳᠣᠨ ᠠᠪᠬᠣ ᠦᠢᠯᠡᠴᠢᠯᠡᠭᠡ ᠵᠢᠨ ᠬᠡᠯᠪᠡᠷᠢ ᠡᠮᠬᠢ ᠵᠢᠷᠣᠮ ᠦᠬᠡᠢ ᠬᠦᠭᠵᠢᠬᠦ ᠵᠢ ᠬᠣᠷᠢᠬᠯᠠᠬᠣ ᠴᠢᠬᠣᠯᠠᠳᠠᠢ᠃ ᠨᠡᠢᠬᠡᠮ ᠲᠣᠭᠣᠷᠢᠭ ᠡᠴᠡ ᠨᠠᠰᠣᠳᠠᠢᠴᠣᠳ᠎ᠲᠦ ᠣᠶᠣᠨᠴᠢ ᠭᠠᠷ ᠣᠳᠠᠰᠣ ᠵᠢ ᠬᠡᠷᠬᠢᠨ ᠬᠡᠷᠡᠭᠯᠡᠬᠦ ᠵᠢ ᠵᠢᠭᠠᠬᠣ ᠲᠦᠰᠦᠯ᠎ᠢ ᠲᠠᠰᠣᠷᠠᠯᠳᠠ ᠦᠬᠡᠢ ᠰᠢᠨᠡᠴᠢᠯᠡᠵᠦ᠂ ᠨᠠᠰᠣᠳᠠᠢᠴᠣᠳ᠎ᠦᠨ ᠬᠡᠷᠡᠭᠯᠡᠭᠡ ᠵᠢᠨ ᠣᠨᠠᠭᠣᠯᠢ᠎ᠳᠦ ᠣᠨᠠᠬᠣ ᠵᠢ ᠰᠡᠷᠭᠡᠢᠯᠡᠪᠡᠯ ᠵᠣᠬᠢᠨ᠎ᠠ᠃  

 — 《ᠠᠵᠦ ᠠᠬᠣᠢ ᠵᠢᠨ ᠡᠳᠦᠷ᠎ᠦᠨ ᠰᠣᠨᠢᠨ》 ᠡᠴᠡ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号