ᠣᠲᠣᠷ ᠨᠡᠭᠦᠳᠡᠯ᠎ᠢ ᠬᠠᠮᠠᠭᠠᠯᠠᠬᠰᠠᠨ ᠴᠠᠭᠳᠠᠭᠠᠨ᠎ᠤ ᠶᠠᠪᠤᠳᠠᠯ᠎ᠤᠨ 《ᠳᠤᠯᠠᠭᠠᠨ ᠥᠷᠲᠡᠭᠡ》
2025-10-20 11:07:17
ᠵᠣᠬᠢᠶᠠᠭ᠍ᠴᠢ᠄
ᠰᠦᠨ ᠯᠢ ᠶᠢᠡᠭ
ᠣᠩᠱᠢᠭ᠍ᠰᠠᠨ ᠣᠳᠠᠭ᠎ᠠ᠄
★★★☆☆

ᠠᠷᠪᠠᠨ ᠰᠠᠷ᠎ᠠ ᠵᠢᠨ ᠲᠠᠯ᠎ᠠ ᠨᠤᠳᠤᠬ ᠠᠯᠳᠠᠨ ᠰᠢᠷᠭᠠᠯ ᠦᠩᠬᠡ ᠪᠡᠷ ᠰᠢᠵᠢᠷᠳᠦᠨ᠎ᠡ᠃ ᠡᠬᠡ ᠤᠯᠤᠰ᠎ᠤᠨ ᠤᠮᠠᠷᠠᠲᠤ ᠬᠢᠯᠢ᠎ᠶᠢᠨ ᠥᠷᠭᠡᠨ ᠠᠭᠤᠳᠠᠮ ᠲᠠᠯ᠎ᠠ ᠨᠤᠲᠤᠭ᠎ᠲᠤ᠂ ᠨᠢᠬᠡᠨ ᠤᠳᠠᠭ᠎ᠠ ᠵᠢᠨ ᠣᠨᠴᠠᠭᠠᠶ 《ᠠᠶᠠᠯᠠᠯ ᠬᠠᠮᠠᠭᠠᠯᠠᠬᠤ》 ᠠᠵᠢᠯᠯᠠᠭ᠎ᠠ ᠶᠠᠭ ᠶᠠᠪᠤᠭᠳᠠᠵᠤ ᠪᠠᠢᠯ᠎ᠠ᠃ ᠤᠯᠠᠭᠠᠨᠬᠠᠳᠠ ᠬᠣᠲᠠ᠎ᠶᠢᠨ ᠠᠷᠤ ᠬᠣᠷᠴᠢᠨ ᠬᠣᠰᠢᠭᠤᠨ᠎ᠤ ᠳᠣᠲᠣᠭᠠᠳᠤ᠎ᠶᠢ ᠬᠠᠮᠠᠭᠠᠯᠠᠬᠤ ᠲᠣᠪᠴᠢᠶ᠎ᠠ᠎ᠶᠢᠨ ᠪᠠᠶᠠᠨ᠌ᠥ᠌ᠨᠳᠦᠷ ᠲᠡᠬᠢ ᠲᠣᠮᠢᠯᠠᠭᠰᠠᠨ ᠰᠠᠯᠪᠤᠷᠢ᠎ᠶᠢᠨ 《ᠣᠲᠣᠷ》 ᠴᠠᠭᠳᠠᠭᠠᠨ᠎ᠤ ᠶᠠᠪᠤᠳᠠᠯ᠎ᠤᠨ ᠲᠠᠰᠤᠭ᠎ᠤᠨ ᠴᠠᠭᠳᠠᠭ᠎ᠠ ᠨᠠᠷ ᠮᠠᠯᠵᠢᠬᠤ ᠣᠷᠣᠨ᠎ᠤ ᠨᠠᠮᠤᠷ᠎ᠤᠨ ᠤᠯᠠᠷᠢᠯ᠎ᠤᠨ ᠤᠳᠤᠷᠯᠠᠬᠤ ᠪᠥᠬᠥ ᠶᠠᠪᠤᠴᠠ᠎ᠶᠢ ᠬᠠᠮᠠᠭᠠᠯᠠᠭᠠᠳ ᠶᠠᠭᠠᠷᠠᠨ᠎ᠠ᠃ ᠡᠨᠡ ᠪᠣᠯ ᠵᠢᠯ ᠪᠦᠷᠢ ᠶᠠᠪᠤᠬᠳᠠᠬᠤ 《ᠬᠠᠭᠤᠴᠢᠨ ᠵᠤᠷᠰᠢᠯ》 ᠪᠣᠯᠬᠤ ᠪᠥᠭᠡᠳ ᠨᠡᠩ ᠴᠤ᠌ ᠬᠢᠯᠢ ᠬᠢᠵᠠᠭᠠᠷ᠎ᠤᠨ ᠦᠨᠳᠦᠰᠦᠨ ᠱᠠᠲᠤᠨ᠎ᠤ ᠵᠠᠰᠠᠯᠲᠠ᠎ᠶᠢᠨ ᠦᠢᠯᠡᠳᠦᠯᠭᠡ᠎ᠶᠢᠨ ᠬᠤᠷᠢᠶᠠᠩᠭᠤᠢ ᠳᠦᠷᠰᠦ ᠪᠣᠯᠣᠨ᠎ᠠ᠃


QQ截图20250224163936.png


《ᠣᠲᠣᠷ》 ᠴᠠᠭᠳᠠᠭᠠᠨ᠎ᠤ ᠶᠠᠪᠤᠳᠠᠯ᠎ᠤᠨ ᠲᠠᠰᠤᠭ᠎ᠤᠨ ᠴᠠᠭᠳᠠᠭ᠎ᠠ ᠨᠠᠷ


QQ截图20250825102238.png


ᠴᠠᠬᠳᠠᠭ᠎ᠠ ᠮᠠᠯᠴᠢᠳ ᠲᠦ᠍ ᠬᠠᠮᠵᠢᠨ ᠬᠡᠷ ᠤ᠋ᠨ ᠡᠳ᠋ᠯᠡᠯ ᠬᠡᠷᠡᠭᠰᠡᠯ᠎ᠢ ᠵᠦᠬᠡᠬᠡᠨ᠎ᠡ


ᠦᠦᠷ ᠴᠠᠢᠮᠠᠬᠴᠠ᠂ ᠮᠠᠯᠴᠢᠨ ᠬᠣᠣᠰᠪᠠᠶᠠᠷ᠎ᠤᠨ ᠬᠢᠨ ᠶᠠᠭᠠᠷᠠᠯᠳᠤᠨ ᠮᠤᠩᠭᠠᠨᠢᠵᠤ᠂ ᠬᠡᠳᠦᠨ ᠰᠠᠷ᠎ᠠ᠎ᠰᠠᠭᠤᠬᠰᠠᠨ ᠵᠤᠰᠠᠯᠠᠩ᠎ᠤᠨ ᠮᠣᠩᠭᠣᠯ ᠭᠡᠷ᠎ᠢᠶᠡᠨ ᠪᠠᠭᠤᠯᠭᠠᠯ᠎ᠠ᠃ ᠣᠲᠣᠷ ᠨᠡᠭᠦᠳᠡᠯ ᠬᠢᠵᠦ ᠠᠮᠢᠳᠤᠷᠠᠵᠤ ᠪᠠᠢᠭ᠎ᠠ ᠮᠠᠯᠴᠢᠳ᠎ᠲᠤ ᠠᠪᠴᠤ ᠬᠡᠯᠡᠪᠡᠯ᠂ ᠣᠲᠣᠷ ᠨᠡᠭᠦᠳᠡᠯ ᠪᠣᠯ ᠬᠠᠮᠤᠭ᠎ᠤᠨ ᠴᠢᠬᠤᠯᠠ᠂ ᠬᠠᠮᠤᠭ᠎ᠤᠨ ᠬᠠᠲᠠᠭᠤᠵᠢᠯᠲᠠᠢ ᠨᠡᠭᠦᠳᠡᠯ ᠪᠣᠯᠣᠨ᠎ᠠ᠃ ᠡᠨᠡ ᠤᠳᠠᠭ᠎ᠠ᠂ ᠤᠳᠤᠷ ᠨᠡᠬᠦᠳᠡᠯ ᠎ᠢ ᠬᠠᠮᠠᠭᠠᠯᠠᠬᠤ 《ᠤᠳᠤᠷ》 ᠴᠠᠬᠳᠠᠭᠠᠨ ᠤ᠋ ᠶᠠᠪᠤᠳᠠᠯ ᠤ᠋ᠨ ᠲᠠᠰᠤᠬ ᠤ᠋ᠨ ᠴᠠᠬᠳᠠᠭ᠎ᠠ ᠨᠠᠷ ᠲᠤᠬᠳᠠᠬᠰᠠᠨ ᠴᠠᠬ ᠲᠠᠭᠠᠨ ᠬᠦᠷᠦᠯᠴᠡᠨ ᠢᠷᠡᠵᠦ᠂ ᠮᠤᠩᠭᠤᠯ ᠬᠡᠷ ᠎ᠢ ᠪᠠᠭᠤᠯᠭᠠᠨ ᠮᠠᠰᠢᠨ ᠲᠡᠷᠬᠡᠨ ᠳ᠋ᠸ᠋ ᠲᠡᠭᠡᠭᠡᠬᠦ ᠳ᠋ᠤᠨᠢ ᠬᠠᠮᠵᠢᠨ᠎ᠠ᠃ 《ᠮᠣᠩᠭᠣᠯ ᠭᠡᠷ᠎ᠦᠨ ᠲᠡᠮᠦᠷ ᠵᠢᠶᠠᠰᠠ ᠪᠠ ᠢᠰᠡᠭᠡᠢ ᠬᠡᠪᠢᠰ᠎ᠢ ᠰᠠᠯᠭᠠᠬᠤ᠎ᠳᠤ ᠮᠠᠰᠢ ᠬᠦᠴᠢᠷᠲᠡᠢ᠂ ᠴᠠᠭᠳᠠᠭ᠎ᠠ᠎ᠶᠢᠨ ᠬᠠᠪᠰᠤᠷᠤᠯᠭ᠎ᠠ ᠪᠡᠷ ᠠᠮᠠᠷᠬᠠᠨ ᠪᠤᠯᠵᠠᠢ᠂ ᠦᠭᠡᠢ ᠪᠣᠯ ᠪᠢᠳᠡ ᠬᠣᠶᠠᠭᠤᠯᠠ ᠬᠠᠭᠠᠰ ᠡᠳᠦᠷ ᠶᠠᠭᠠᠷᠠᠨ᠎ᠠ ᠳᠠ!》 ᠬᠡᠵᠦ  ᠬᠣᠣᠰᠪᠠᠶᠠᠷ ᠮᠣᠩᠭᠣᠯ ᠭᠡᠷ᠎ᠢ ᠡᠮᠬᠢ ᠴᠡᠭᠴᠡ ᠲᠠᠢ ᠪᠠᠭᠤᠯᠭᠠᠨ ᠪᠤᠭᠤᠳᠠᠯᠯᠠᠬᠤ᠎ᠳᠠᠭᠠᠨ ᠥᠪᠡᠷ᠎ᠦᠨ ᠡᠷᠬᠡ ᠦᠭᠡᠢ ᠰᠡᠳᠬᠢᠯ ᠲᠤᠬᠳᠤᠯᠤᠨ ᠬᠡᠯᠡᠨ᠎ᠡ᠃

ᠮᠠᠰᠢᠨ ᠲᠡᠷᠬᠡᠨ ᠳ᠋ᠸ᠋ ᠮᠤᠩᠭᠤᠯ ᠬᠡᠷ ᠵᠢᠡᠨ ᠲᠡᠭᠡᠭᠡᠵᠦ ᠲᠠᠭᠤᠰᠤᠮᠠᠬᠴᠠ ᠤᠳᠤᠷᠯᠠᠬᠤ ᠡᠩᠨᠡᠬᠡ ᠠᠯᠭᠤᠷᠬᠠᠨ ᠮᠤᠷᠳᠠᠨ ᠭᠠᠷᠤᠯ᠎ᠠ᠃ ᠦᠬᠡᠷ ᠬᠣᠨᠢ ᠡᠮᠦᠨ᠎ᠡ ᠲᠠᠯ᠎ᠠ᠎ᠳᠤᠨᠢ ᠲᠤᠭᠤᠰᠤ ᠲᠠᠳᠠᠭᠤᠯᠤᠨ ᠶᠠᠪᠤᠵᠤ᠂ ᠴᠠᠭᠳᠠᠭᠠᠨ᠎ᠤ  ᠮᠠᠰᠢᠨ ᠲᠡᠷᠭᠡ ᠬᠣᠢᠨ᠎ᠠ᠎ᠡᠴᠨ ᠨᠢ ᠳᠠᠭᠠᠵᠤ᠂ ᠴᠠᠭᠳᠠᠭ᠎ᠠ ᠨᠠᠷ  ᠵᠠᠷᠢᠮ᠎ᠳᠠᠭᠠᠨ ᠮᠠᠰᠢᠨ ᠲᠡᠷᠬᠡᠨ ᠡᠴᠨ ᠪᠠᠭᠤᠵᠤ ᠦᠬᠡᠷ᠎ᠦᠨ ᠰᠦᠷᠦᠭ᠎ᠢ ᠬᠠᠪᠰᠤᠷᠤᠨ ᠬᠤᠮᠢᠵᠤ ᠬᠠᠰᠢᠵᠦ᠂ ᠬᠤᠨᠢᠨ ᠰᠦᠷᠦᠭ ᠎ᠢ ᠬᠦᠬᠡᠬᠡᠨ᠂ ᠬᠣᠲᠣᠭᠣᠷ ᠭᠠᠵᠠᠷ ᠡᠴᠨ ᠵᠠᠢᠯᠠᠭᠤᠯᠤᠨ᠎ᠠ᠃


QQ截图20250912101212.png


ᠴᠠᠬᠳᠠᠭ᠎ᠠ ᠮᠠᠯᠴᠢᠳ ᠲᠦ᠍ ᠬᠠᠪᠰᠤᠷᠤᠨ ᠮᠤᠩᠭᠤᠯ ᠬᠡᠷ᠎ᠢ ᠪᠠᠭᠤᠯᠭᠠᠨ᠎ᠠ


QQ截图20251001104448.png


ᠴᠠᠬᠳᠠᠭ᠎ᠠ ᠨᠠᠷ ᠮᠠᠯᠴᠢᠳ ᠲᠠᠢ ᠬᠠᠮᠳᠤ ᠦᠳᠡᠯᠡᠵᠦ ᠠᠮᠠᠷᠠᠨ᠎ᠠ


《ᠤᠳᠤ ᠤᠳᠤᠷᠯᠠᠬᠤ ᠳ᠋ᠸ᠋ ᠥᠩᠭᠡᠷᠡᠭᠰᠡᠨ᠎ᠲᠠᠢ ᠠᠳᠠᠯᠢ ᠦᠬᠡᠢ ᠪᠤᠯᠤᠬᠰᠠᠨ》 ᠬᠡᠳ ᠬᠣᠣᠰᠪᠠᠶᠠᠷ᠄ 《ᠥᠩᠭᠡᠷᠡᠭᠰᠡᠨ᠎ᠳᠦ ᠮᠠᠯᠴᠢᠳ ᠦᠬᠡᠷ ᠬᠣᠨᠢ᠎ᠪᠠᠨ ᠲᠠᠭᠤᠵᠤ ᠶᠠᠭᠠᠷᠠᠯᠳᠤᠵᠤ᠂ ᠤᠳᠤᠷᠯᠠᠬᠤ ᠪᠤᠯᠭᠠᠨ ᠬᠡᠳᠦᠨ ᠬᠤᠨᠢ ᠪᠡᠨ ᠬᠡᠬᠡᠴᠢᠬᠡᠳᠡᠭ᠂ ᠤᠳᠤ ᠴᠠᠬᠳᠠᠭ᠎ᠠ ᠨᠠᠷ ᠵᠠᠮ ᠲᠤᠷᠰᠢ ᠬᠠᠮᠠᠭᠠᠯᠠᠨ ᠬᠦᠷᠬᠡᠵᠦ᠂ ᠪᠢᠳᠡ ᠰᠡᠳᠬᠢᠯ ᠠᠮᠤᠷ ᠪᠤᠯᠤᠯ᠎ᠠ》 ᠬᠡᠵᠦ ᠰᠡᠳᠬᠢᠯ ᠬᠦᠳᠡᠯᠦᠨ ᠶᠠᠷᠢᠨ᠎ᠠ᠃ ᠭᠣᠣᠯ ᠦᠳᠡ᠎ᠶᠢᠨ ᠦᠶ᠎ᠡ᠎ᠪᠡᠷ᠂ ᠤᠳᠤᠷᠴᠢᠳ ᠨᠥᠮᠥᠷᠢ᠎ᠳᠦ ᠠᠮᠠᠷᠠᠨ ᠰᠠᠭᠤᠵᠤ᠂ ᠴᠠᠭᠳᠠᠭ᠎ᠠ ᠨᠠᠷ ᠮᠠᠰᠢᠨ ᠲᠡᠷᠭᠡᠨ᠎ᠳᠡᠭᠡᠨ ᠠᠪᠴᠤ ᠶᠠᠪᠤᠭ᠎ᠠ ᠲᠦᠬᠦᠮ ᠮᠢᠨᠳᠤᠤᠷ ᠬᠢᠬᠡᠳ ᠬᠠᠯᠠᠭᠤᠨ ᠤᠰᠤᠨ᠎ᠤ ᠳᠡᠪᠦᠷ᠎ᠡ᠎ᠪᠡᠨ ᠭᠠᠷᠭᠠᠵᠤ᠂ ᠮᠠᠯᠴᠢᠳ᠎ᠲᠠᠢ ᠬᠠᠮᠲᠤ ᠰᠠᠭᠤᠯᠴᠠᠨ ᠬᠤᠭᠤᠯᠠᠯᠠᠵᠤ᠂ ᠢᠨᠢᠶᠡᠯᠳᠦᠨ ᠬᠦᠬᠡᠷᠦᠯᠳᠦᠬᠦ ᠲᠠᠭᠤᠨ ᠨᠢ ᠬᠦᠳᠡᠬᠡ ᠨᠤᠳᠤᠬ᠎ᠢᠶᠠᠷ ᠴᠤᠤᠷᠢᠶᠠᠳᠤᠨ᠎ᠠ᠃

ᠨᠢᠬᠡ ᠡᠳᠦᠷ ᠲᠠᠪᠬᠢᠵᠤ ᠶᠠᠪᠤᠬᠰᠠᠭᠠᠷ ᠪᠦᠷᠦᠢ ᠪᠤᠯᠵᠤ᠂ ᠤᠳᠤᠷᠴᠢᠳ ᠬᠤᠨᠢ ᠮᠠᠯ ᠵᠢᠡᠨ ᠬᠦᠬᠡᠬᠡᠭᠰᠡᠭᠡᠷ 《ᠣᠲᠣᠷ》 ᠴᠠᠭᠳᠠᠭᠠᠨ᠎ᠤ ᠶᠠᠪᠤᠳᠠᠯ᠎ᠤᠨ ᠲᠠᠰᠤᠭ ᠤ᠋ᠨ ᠪᠠᠢᠭᠤᠯᠤᠬᠰᠠᠨ 《ᠳᠤᠯᠠᠭᠠᠨ ᠥᠷᠲᠡᠭᠡ》᠎ᠳ᠋ᠸ᠋ ᠬᠦᠷᠴᠡᠢ᠃ ᠡᠨᠡ ᠬᠦ᠌ ᠲᠤᠰᠬᠠᠢᠯᠠᠨ ᠨᠡᠭᠦᠳᠡᠯ᠎ᠦᠨ ᠮᠠᠯᠴᠢᠳ᠎ᠲᠤ ᠵᠣᠷᠢᠭᠤᠯᠤᠨ ᠪᠠᠢᠭᠤᠯᠤᠭᠰᠠᠨ ᠠᠮᠠᠷᠠᠯᠲᠠ᠎ᠶᠢᠨ ᠭᠠᠵᠠᠷ ᠨᠢ ᠠᠯᠢ ᠬᠡᠳᠦᠢᠨ ᠳ᠋ᠸᠩ ᠵᠢᠡᠨ ᠠᠰᠠᠭᠠᠵᠠᠢ᠃ ᠡᠭᠦᠳᠡ ᠲᠦᠯᠬᠢᠨ ᠤᠷᠤᠪᠠᠯ ᠪᠤᠴᠠᠯᠤᠭᠰᠠᠨ ᠤᠰᠤ ᠵᠢ ᠲᠦᠬᠦᠷᠡᠳᠡᠯ᠎ᠡ ᠰᠠᠪᠠᠯᠠᠬᠰᠠᠨ᠎ᠳᠡᠪᠦᠷ᠎ᠡ ᠵᠢ ᠰᠢᠷᠡᠭᠡᠨ ᠳᠡᠭᠡᠷ᠎ᠡ ᠲᠠᠯᠪᠢᠵᠤ᠂ ᠣᠷᠣ᠌ ᠳᠡᠪᠢᠰᠭᠡᠷ ᠴᠡᠪᠡᠷ ᠳᠡᠭᠰᠢᠬᠡᠨ ᠬᠠᠷᠠᠬᠳᠠᠨ᠎ᠠ᠃ ᠬᠣᠣᠰᠪᠠᠶᠠᠷ ᠡᠬᠡᠨᠡᠷ ᠲᠠᠢ ᠪᠡᠨ ᠬᠤᠶᠠᠭᠤᠯᠠ ᠨᠢᠭᠤᠷ᠎ᠢᠶᠠᠨ ᠤᠬᠢᠶᠠᠭᠠᠳ ᠣᠷᠤᠨ ᠳᠡᠭᠡᠷ᠎ᠡ᠎ᠪᠡᠨ ᠰᠠᠭᠤᠵᠤ᠂ ᠬᠥᠨᠵᠢᠯᠡ ᠳᠡᠪᠢᠰᠬᠡᠷ᠎ᠢᠶᠡᠨ ᠲᠦᠰᠢᠨ ᠨᠢᠳᠦ᠎ᠪᠡᠨ ᠠᠨᠢᠨ ᠠᠮᠠᠷᠠᠵᠤ ᠂ ᠦᠬᠡᠷ ᠬᠣᠨᠢᠳ ᠥᠷᠲᠡᠭᠡᠨ᠎ᠦ ᠬᠠᠵᠠᠭᠤᠳᠠᠭᠢ ᠬᠠᠰᠢᠶᠠᠨ ᠳᠣᠲᠣᠷ᠎ᠠ ᠳᠠᠪᠠᠳᠠᠢᠬᠠᠨ ᠪᠠᠢᠯ᠎ᠠ᠃ ᠴᠠᠭᠳᠠᠭᠠᠨ᠎ᠤ ᠶᠠᠪᠤᠳᠠᠯ᠎ᠤᠨ ᠲᠠᠰᠤᠭ᠎ᠤᠨ ᠬᠠᠷᠢᠭᠤᠴᠠᠯᠭᠠᠲᠠᠨ ᠹᠦ ᠰᠢᠶᠣᠣ᠄ 《ᠡᠨᠡ ᠬᠦ᠌ ᠥᠷᠲᠡᠭᠡ᠎ᠶᠢ ᠪᠠᠢᠭᠤᠯᠤᠭᠰᠠᠨ ᠨᠢ ᠵᠠᠮ ᠬᠥᠭᠡᠭᠡᠵᠦ ᠪᠠᠢᠭ᠎ᠠ ᠮᠠᠯᠴᠢᠳ᠎ᠢ ᠰᠠᠨᠠᠭ᠎ᠠ ᠠᠮᠤᠷ ᠤᠨᠲᠠᠭᠤᠯᠵᠤ ᠠᠮᠠᠷᠠᠭᠤᠯᠬᠤ ᠵᠢᠨ ᠲᠦᠯᠦᠬᠡ ᠶᠤᠮ᠂ ᠰᠠᠢᠬᠠᠨ ᠤᠨᠳᠠᠵᠤ ᠠᠮᠠᠷᠠᠪᠠᠯ ᠮᠠᠷᠭᠠᠰᠢ ᠵᠢᠨ ᠠᠶᠠᠨ᠎ᠳᠦ ᠢᠳᠡ ᠬᠦᠴᠦᠳᠡᠢ ᠪᠤᠯᠵᠦ ᠴᠢᠳᠠᠨ᠎ᠠ》 ᠬᠡᠵᠦ ᠶᠠᠷᠢᠨ᠎ᠠ᠃ ᠳᠠᠷᠠᠭ᠎ᠠ ᠥᠷᠯᠥᠭᠡ ᠨᠢ᠂ ᠥᠷᠲᠡᠭᠡᠨ᠎ᠳᠡᠭᠡᠨ ᠨᠢᠭᠡ ᠤᠷᠤᠢ ᠠᠮᠠᠷᠠᠭᠰᠠᠨ ᠬᠣᠣᠰᠪᠠᠶᠠᠷ᠎ᠤᠨ ᠬᠢᠨ ᠳᠠᠬᠢᠨᠲᠠ ᠪᠣᠭᠣᠳᠠᠯ᠎ᠢᠶᠠᠨ ᠲᠡᠭᠰᠢᠯᠡᠵᠦ᠂ 《ᠣᠲᠣᠷ》 ᠴᠠᠭᠳᠠᠭᠠᠨ᠎ᠤ ᠶᠠᠪᠤᠳᠠᠯ᠎ᠤᠨ ᠲᠠᠰᠤᠭ᠎ᠤᠨ ᠴᠠᠭᠳᠠᠭ᠎ᠠ᠎ᠨᠠᠷ ᠴᠤ᠌ ᠮᠣᠷᠳᠠᠬᠤ᠎ᠪᠠᠷ ᠪᠡᠯᠡᠬᠡᠨ ᠪᠣᠯᠵᠤ᠂ ᠴᠠᠭᠳᠠᠭᠠᠨ᠎ᠤ ᠮᠠᠰᠢᠨ ᠲᠡᠷᠭᠡ ᠬᠥᠳᠡᠯᠬᠦ᠎ᠶᠢ ᠳᠠᠭᠠᠯᠳᠤᠨ᠂ ᠤᠳᠤᠷ ᠨᠡᠬᠦᠳᠡᠯ ᠲᠠᠷᠠᠭᠠᠴᠢ ᠵᠢᠨ ᠠᠶᠠᠨ ᠳ᠋ᠠᠭᠠᠨ ᠮᠤᠷᠳᠠᠨ᠎ᠠ᠃

《ᠣᠲᠣᠷ》 ᠴᠠᠭᠳᠠᠭᠠᠨ᠎ᠤ ᠶᠠᠪᠤᠳᠠᠯ᠎ᠤᠨ ᠲᠠᠰᠤᠭ᠎ᠤᠨ ᠤᠳᠤᠷ ᠨᠡᠬᠦᠳᠡᠯ ᠎ᠢ ᠬᠠᠮᠠᠭᠠᠯᠠᠬᠤ ᠠᠵᠢᠯᠯᠠᠭ᠎ᠠ ᠨᠢ 《ᠰᠠᠨᠠᠭᠠᠴᠢᠯᠠᠭ᠎ᠠ᠎ᠲᠠᠢ ᠴᠠᠭᠳᠠᠭᠠᠨ᠎ᠤ ᠶᠠᠪᠤᠳᠠᠯ》᠎ᠤ᠋ᠨ ᠳᠠᠪᠠᠭᠤᠯᠢᠭ᠋᠎ᠢ ᠢᠯᠡᠷᠡᠭᠦᠯᠵᠦ᠂ ᠦᠨᠳᠦᠰᠦᠨ ᠱᠠᠲᠤᠨ᠎ᠤ ᠨᠡᠢᠭᠡᠮ᠎ᠦᠨ ᠵᠠᠰᠠᠯᠲᠠ᠎ᠶᠢᠨ ᠨᠠᠷᠢᠯᠢᠭ᠍ᠵᠢᠭᠤᠯᠤᠭᠰᠠᠨ ᠬᠦᠮᠦᠯᠢᠭ ᠦᠢᠯᠡᠳᠦᠯᠭᠡ ᠪᠣᠯᠣᠨ᠎ᠠ᠃


QQ截图20251001113555.png


ᠴᠠᠬᠳᠠᠭ᠎ᠠ ᠮᠠᠰᠢᠨ ᠲᠡᠷᠬᠡ ᠪᠡᠷ ᠤᠳᠤᠷ ᠨᠡᠬᠦᠳᠡᠯ᠎ᠢ ᠬᠠᠮᠠᠭᠠᠯᠠᠨ᠎ᠠ


QQ截图20251001104448.png


ᠮᠠᠯᠴᠢᠳ ᠠᠮᠠᠷᠠᠬᠤ ᠪᠡᠷ ᠪᠡᠯᠡᠳᠬᠡᠨ᠎ᠡ

(ᠭᠡᠷᠡᠯ ᠵᠢᠷᠤᠬ᠎ᠤᠳ᠎ᠢ  ᠶᠠᠩ ᠰᠢᠦ ᠯᠦᠩ᠂  ᠱᠢᠤᠢ  ᠱᠤᠸᠠᠩ  ᠴᠸᠩ  ᠰᠡᠬᠦᠳᠡᠷᠯᠡᠪᠡ )

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号