10 ᠰᠠᠷ᠎ᠠ᠎ᠶ᠋ᠢᠨ 9 ᠡᠴᠡ 11᠎ᠦ ᠡᠳᠦᠷ ᠪᠣᠯᠲᠠᠯ᠎ᠠ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠤᠬᠠᠭᠤᠯᠬᠤ ᠬᠡᠯᠲᠡᠰ᠂ ᠦᠪᠡᠷᠲᠡᠭᠡᠨ ᠵᠠᠰᠠᠬᠤ ᠤᠷᠤᠨ ᠤ᠋ ᠰᠣᠶᠣᠯ ᠪᠠ ᠵᠢᠭᠤᠯᠴᠢᠯᠠᠯ᠎ᠤᠨ ᠲᠢᠩᠬᠢᠮ᠎ᠡᠴᠡ ᠭᠣᠣᠯᠯᠠᠨ ᠡᠷᠬᠢᠯᠡᠵᠦ᠍᠂ ᠥᠪᠡᠷᠲᠡᠭᠡᠨ ᠵᠠᠰᠠᠬᠤ ᠣᠷᠣᠨ᠎ᠤ ᠱᠢᠭᠤᠳ ᠬᠠᠷᠢᠶ᠎ᠠ ᠤᠯᠠᠭᠠᠨᠮᠥ᠋ᠴᠢᠷ ᠪᠣᠯᠤᠨ ᠤᠯᠠᠭᠠᠨᠴᠠᠪ ᠬᠤᠳᠠ᠎ᠶ᠋ᠢᠨ ᠨᠠᠮ᠎ᠤᠨ ᠬᠣᠷᠢᠶ᠎ᠠ ᠵᠢᠨ ᠤᠬᠠᠭᠤᠯᠬᠤ ᠬᠡᠯᠲᠡᠰ᠎ᠡᠴᠡ ᠳᠠᠭᠠᠭᠠᠴᠢᠯᠠᠨ ᠡᠷᠬᠢᠯᠡᠭ᠌ᠰᠡᠨ 《ᠤᠮᠠᠷᠠᠲᠤ ᠬᠢᠯᠢ᠎ᠶ᠋ᠢᠨ ᠰᠣᠶᠣᠯ᠎ᠤᠨ ᠲᠤᠮᠳᠠᠳᠤ ᠵᠢᠨ ᠡᠭᠡ ᠭᠠᠵᠠᠷ ᠲᠡᠬᠢ ᠠᠶᠠᠯᠠᠯ ︱ ᠤᠯᠠᠭᠠᠨᠮᠥ᠋ᠴᠢᠷ᠎ᠦᠨ ᠪᠦᠬᠦ᠌ ᠤᠯᠤᠰ᠎ᠤᠨ ᠲᠣᠭᠣᠷᠢᠨ ᠲᠣᠭ᠍ᠯᠠᠯᠲᠠ ᠵᠢᠨ 60 ᠵᠢᠯ᠎ᠦᠨ ᠤᠢ᠎ᠶ᠋ᠢ ᠳᠤᠷᠠᠰᠭᠠᠬᠤ ᠲᠣᠭ᠍ᠯᠠᠯᠲᠠ》 ᠨᠡᠢᠰᠯᠡᠯ ᠪᠡᠭᠡᠵᠢᠩ᠎ᠳᠦ ᠨᠢᠵᠢᠭᠢᠷ ᠶᠠᠪᠤᠭᠳᠠᠵᠠᠢ᠃
3 ᠡᠳᠦᠷ᠎ᠦᠨ ᠬᠤᠭᠤᠴᠠᠭᠠᠨ᠎ᠳᠤ᠂ ᠤᠯᠠᠭᠠᠨᠮᠥ᠋ᠴᠢᠷ᠎ᠦᠨ ᠭᠡᠱᠢᠭᠦᠳ ᠤᠷᠢᠳ ᠬᠣᠵᠢᠳ ᠪᠡᠭᠡᠵᠢᠩ᠎ᠦᠨ ᠴᠤᠤᠶᠠᠩ ᠲᠢᠶᠠᠲ᠋ᠷ᠂ ᠴᠤᠤᠶᠠᠩ ᠴᠡᠴᠡᠷᠯᠢᠭ᠂ ᠰᠠᠨ ᠯᠢ ᠳᠦᠨ ᠵᠡᠷᠭᠡ ᠭᠠᠵᠠᠷ᠎ᠲᠤ ᠬᠦᠷᠴᠦ᠍ ᠲᠤᠰᠭᠠᠶ ᠲᠣᠭ᠍ᠯᠠᠯᠲᠠ ᠪᠠ ᠵᠡᠭᠡᠯᠢ ᠭᠤᠳᠤᠮᠵᠢ᠎ᠪᠠᠷ ᠲᠣᠭ᠍ᠯᠠᠯᠲᠠ ᠭᠠᠷᠭᠠᠵᠤ᠂ ᠬᠠᠮᠤᠭ᠎ᠤᠨ ᠴᠢᠩ ᠦᠨᠡᠨᠴᠢ ᠤᠷᠠᠯᠢᠭ᠎ᠢᠶᠠᠷ᠂ ᠤᠯᠠᠮᠵᠢᠯᠠᠯ ᠪᠠ ᠣᠲᠣ ᠦᠶ᠎ᠡ᠎ᠶ᠋ᠢᠨ ᠰᠣᠶᠣᠯ᠎ᠢ ᠤᠶᠠᠯᠳᠤᠭᠤᠯᠤᠨ ᠠᠭᠤᠰᠤᠯᠴᠠᠭᠤᠯᠵᠤ᠂ ᠪᠡᠭᠡᠵᠢᠩ ᠬᠣᠲᠠ᠎ᠶ᠋ᠢᠨ ᠠᠷᠠᠳ ᠪᠠ ᠵᠢᠭᠤᠯᠴᠢᠯᠠᠬᠰᠡᠳ᠎ᠲᠤ ᠨᠢᠭᠡ ᠤᠳᠠᠭᠠᠨ᠎ᠤ ᠭᠣᠢᠳᠠ ᠰᠠᠢᠬᠠᠨ ᠤᠮᠠᠷᠠᠲᠤ ᠬᠢᠯᠢ᠎ᠶ᠋ᠢᠨ ᠰᠣᠶᠣᠯ᠎ᠤᠨ ᠦᠪᠡᠳᠡᠭ᠌ᠰᠢ ᠨᠠᠢᠷ ᠢ ᠡᠷᠭᠦᠨ ᠳᠡᠪᠱᠢᠭᠦᠯᠪᠡ᠃
ᠡᠬᠢᠯᠡᠯᠲᠡ᠎ᠶ᠋ᠢᠨ ᠳᠠᠭᠤᠤ ᠪᠥᠵᠢᠭ 《ᠤᠮᠠᠷᠠᠲᠤ ᠬᠢᠯᠢ᠎ᠶ᠋ᠢᠨ ᠥᠩᠭᠡ ᠦᠵᠡᠮᠵᠢ》᠂ 《ᠡᠭᠦᠷᠢᠳᠡ᠎ᠶ᠋ᠢᠨ ᠤᠯᠠᠭᠠᠨᠮᠥ᠋ᠴᠢᠷ》 ᠨᠢ ᠤᠶᠠᠡᠭᠭ᠎ᠠ᠎ᠲᠤ ᠳᠠᠭᠤᠤ ᠪᠠ ᠤᠷᠠᠨ ᠪᠥᠵᠢᠭ᠎ᠢᠶᠡᠷ ᠵᠢᠡᠨ ᠤᠯᠠᠭᠠᠨᠴᠠᠪ᠎ᠤᠨ ᠥᠷᠭᠡᠨ ᠠᠭᠤᠳᠠᠮ ᠢ ᠬᠠᠷᠠᠭᠤᠯᠵᠤ᠂ ᠬᠠᠯᠠᠭᠤᠨ ᠰᠡᠳᠭᠢᠯᠭᠡ᠎ᠶ᠋ᠢ ᠳᠠᠮᠵᠢᠭᠤᠯᠪᠠ᠃ ᠳᠥᠷᠪᠡᠳ ᠬᠣᠱᠢᠭᠤᠨ᠎ᠤ ᠤᠯᠠᠭᠠᠨᠮᠥ᠋ᠴᠢᠷ᠎ᠦᠨ ᠭᠡᠱᠢᠭᠦᠳ ᠲᠣᠭᠣᠷᠢᠨ ᠲᠣᠭ᠍ᠯᠠᠯᠲᠠ᠎ᠶ᠋ᠢᠨ ᠭᠤᠤᠯ ᠬᠦᠴᠦᠨ ᠪᠣᠯᠤᠭ᠍ᠰᠠᠨ᠎ᠤ ᠬᠤᠪᠢ᠎ᠳᠤ᠂ 《ᠨᠢᠭᠡ ᠵᠦᠶ᠋ᠯ ᠤ᠋ᠨ ᠤᠷᠠᠯᠢᠭ ᠲᠤ ᠮᠡᠷᠭᠡᠱᠢᠵᠦ᠍ ᠣᠯᠠᠨ ᠵᠦᠶ᠋ᠯ ᠤ᠋ᠨ ᠤᠷᠠᠯᠢᠭ ᠢ᠋ ᠲᠤᠭᠯᠠᠵᠤ ᠴᠢᠳᠠᠬᠤ》 ᠬᠡᠪ ᠪᠣᠯᠪᠠᠰᠤᠷᠠᠯ ᠵᠢᠡᠨ ᠢᠯᠡᠷᠡᠭᠦᠯᠵᠤ᠂ ᠣᠷᠳᠣ᠎ᠶ᠋ᠢᠨ ᠳᠠᠭᠤᠤ᠂ ᠮᠣᠷᠢᠨ ᠬᠤᠭᠤᠷ ᠵᠡᠷᠭᠡ ᠤᠯᠠᠮᠵᠢᠯᠠᠯᠲᠤ ᠪᠣᠳᠠᠰ᠎ᠤᠨ ᠪᠤᠰᠤ ᠰᠣᠶᠣᠯ᠎ᠤᠨ ᠥᠪ ᠢ ᠲᠠᠢᠰᠠᠨ᠎ᠠ ᠲᠤᠭᠯᠠᠭᠰᠠᠨ ᠵᠢᠡᠷ ᠦᠯᠦ ᠪᠠᠷᠠᠨ ᠪᠠᠰᠠ ᠣᠲᠣ ᠦᠶ᠎ᠡ᠎ᠶ᠋ᠢᠨ ᠢᠯᠡᠳᠭᠡᠬᠦ ᠠᠷᠭ᠎ᠠ ᠮᠠᠶᠢᠭ ᠵᠢᠡᠷ ᠬᠣᠲᠠ᠎ᠶ᠋ᠢᠨ ᠲᠤᠭᠯᠠᠯᠲᠠ ᠵᠢᠨ ᠲᠠᠪᠴᠠᠩ᠎ᠳᠤ ᠵᠣᠬᠢᠴᠠᠭᠤᠯᠤᠨ ᠲᠤᠭᠯᠠᠵᠤ᠂ ᠤᠯᠠᠭᠠᠨᠮᠥ᠋ᠴᠢᠷ᠎ᠦᠨ ᠤᠯᠠᠮᠵᠢᠯᠠᠯ ᠪᠠ ᠬᠥᠭ᠌ᠵᠢᠯᠲᠡ᠎ᠶ᠋ᠢ ᠪᠦᠷᠢᠨ ᠲᠡᠭᠦᠯᠳᠡᠷ ᠲᠡᠯᠭᠡᠨ ᠦᠵᠡᠭᠦᠯᠵᠠᠢ᠃
ᠳᠥᠷᠪᠡᠳ ᠬᠣᠱᠢᠭᠤᠨ᠎ᠤ ᠤᠯᠠᠭᠠᠨᠮᠥ᠋ᠴᠢᠷ᠎ᠦᠨ ᠵᠢᠭᠠᠨ ᠵᠢᠯᠣᠭᠣᠳᠣᠭ᠍ᠴᠢ ᠨᠠᠮᠤᠷ᠄ 《ᠮᠠᠨ᠎ᠤ ᠡᠨᠡ ᠦᠳᠡᠱᠢᠯᠡᠭᠡ ᠭᠤᠤᠯᠳᠠᠭᠤ ᠥᠪᠡᠷ᠎ᠦᠨ ᠡᠭᠦᠳᠦᠭ᠌ᠰᠡᠨ ᠲᠣᠭ᠍ᠯᠠᠯᠲᠠ᠎ᠪᠠᠷ᠎ᠢᠶᠠᠨ ᠭᠤᠤᠯ ᠪᠣᠯᠭᠠᠵᠠᠢ᠂ ᠣᠯᠠᠨ᠎ᠢᠶᠠᠷ᠎ᠢᠶᠠᠨ ᠲᠣᠭ᠍ᠯᠠᠯᠲᠠ᠎ᠶ᠋ᠢ ᠰᠣᠨᠢᠷᠬᠠᠬᠤ᠎ᠪᠠᠷ ᠳᠡᠮᠵᠢᠨ ᠥᠪᠥᠷ ᠮᠣᠩᠭᠣᠯ ᠢ᠋ ᠤᠢᠯᠠᠭᠠᠵᠤ᠂ ᠲᠠᠯ᠎ᠠ ᠨᠤᠲᠤᠭ ᠢ᠋ ᠬᠠᠢᠷᠠᠯᠠᠨ᠂ ᠥᠪᠥᠷ ᠮᠣᠩᠭᠣᠯ᠎ᠤᠨ ᠰᠣᠶᠣᠯ ᠢ᠋ ᠪᠠᠬᠠᠷᠬᠠᠬᠤ᠎ᠶ᠋ᠢ ᠬᠦᠰᠡᠵᠦ᠍ ᠪᠠᠢᠨ᠎ᠠ》 ᠬᠡᠵᠤ ᠶᠠᠷᠢᠵᠠᠢ᠃
ᠢᠵᠢᠯ ᠠᠯᠬᠤᠮ᠎ᠢᠶᠠᠷ ᠥᠷᠨᠢᠭᠦᠯᠦᠭ᠌ᠰᠡᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠦᠵᠡᠭᠦᠯᠭᠡ᠎ᠶ᠋ᠢᠨ ᠲᠣᠭᠣᠷᠢᠭ ᠲᠤ᠌᠂ ᠥᠪᠥᠷ ᠮᠣᠩᠭᠣᠯ᠎ᠤᠨ ᠡᠭᠡᠳᠡᠭ᠌ᠰᠡᠨ ᠰᠦ᠂ ᠪᠤᠷᠴᠠ ᠵᠡᠷᠭᠡ ᠨᠤᠲᠤᠭ ᠤ᠋ᠨ ᠤᠨᠴᠠᠯᠢᠭᠳᠤ ᠪᠠᠷᠠᠭ᠎ᠠ ᠲᠠᠸᠠᠷ ᠤᠯᠠᠨ ᠤ᠋ ᠠᠡᠭᠬᠠᠷᠤᠯ ᠢ᠋ ᠲᠠᠳᠠᠵᠤ᠂ ᠬᠦᠮᠦᠰ ᠤ᠋ᠨ ᠤᠮᠠᠷᠠᠳᠤ ᠬᠢᠯᠢ ᠵᠢᠨ ᠰᠤᠶᠤᠯ ᠤ᠋ᠨ ᠲᠤᠬᠠᠢ ᠤᠢᠯᠠᠭᠠᠯᠲᠠ ᠵᠢ ᠨᠠᠡᠭ ᠬᠦᠨᠵᠡᠭᠡᠢ ᠪᠤᠯᠭᠠᠬᠤ ᠵᠢ ᠠᠬᠢᠭᠤᠯᠤᠨ᠎ᠠ᠃ ᠪᠣᠳᠠᠰ᠎ᠤᠨ ᠪᠤᠰᠤ ᠰᠣᠶᠣᠯ᠎ᠤᠨ ᠥᠪ᠎ᠦᠨ ᠭᠠᠷ ᠤᠷᠠᠯᠠᠯ᠎ᠤᠨ ᠪᠦᠲᠦᠭᠡᠭ᠌ᠳᠡᠬᠦᠨ᠎ᠦ ᠦᠵᠡᠭᠦᠯᠭᠡ᠎ᠶ᠋ᠢᠨ ᠲᠠᠢᠰᠠ ᠵᠢᠨ ᠲᠠᠷᠭᠡᠲᠡ ᠤᠯᠠᠨ ᠬᠦᠮᠦᠰ ᠴᠤᠭᠯᠠᠷᠠᠨ᠂ ᠤᠮᠠᠷᠠᠲᠤ ᠬᠢᠯᠢ᠎ᠶ᠋ᠢᠨ ᠰᠣᠶᠣᠯ᠎ᠤᠨ ᠭᠦᠨ ᠵᠤᠵᠠᠭᠠᠨ ᠠᠭᠤᠯᠤᠭ᠍ᠳᠠᠬᠤᠨ᠎ᠢ ᠣᠢᠯᠠᠭᠠᠵᠠᠭᠠᠨᠠ᠃
ᠦᠵᠡᠭ᠌ᠴᠢ ᠾᠧ ᠱᠢᠤᠢ᠄ 《ᠥᠨᠥᠳᠦᠷ ᠤ᠋ᠨ ᠤᠯᠠᠭᠠᠨᠮᠥ᠋ᠴᠢᠷ᠎ᠦᠨ ᠪᠦᠬᠦ᠌ ᠤᠯᠤᠰ᠎ᠲᠠᠬᠢ ᠲᠣᠭᠣᠷᠢᠨ ᠲᠣᠭ᠍ᠯᠠᠯᠲᠠ ᠨᠠᠳᠠ᠎ᠳᠤ ᠮᠠᠰᠢ ᠭᠦᠨ ᠰᠠᠭᠤᠭ᠍ᠳᠠᠯ ᠦᠯᠡᠳᠡᠭᠡᠵᠦ᠂ ᠤᠨᠴᠠᠭᠠᠢᠯᠠᠨ ᠮᠤᠷᠢᠨ ᠬᠤᠭᠤᠷ᠂ ᠲᠦᠷᠪᠡᠨ ᠤᠲᠠᠰᠤᠲᠤ ᠬᠤᠭᠤᠷ ᠤ᠋ᠨ ᠢᠷᠡᠭᠤ ᠰᠠᠢᠬᠠᠨ ᠬᠦᠭᠵᠢᠮ ᠨᠢ ᠨᠠᠳᠠ᠎ᠳᠤ ᠮᠠᠰᠢ ᠲᠠᠭᠠᠯᠠᠭᠳᠠᠵᠠᠢ》 ᠬᠡᠵᠤ ᠶᠠᠷᠢᠪᠠ᠃