ᠣᠮᠠᠷᠠᠲᠣ ᠬᠢᠯᠢ᠎ᠶᠢᠨ ᠰᠣᠶᠣᠯ᠎ᠤᠨ ᠠᠵᠢᠯᠯᠠᠭ᠎ᠠ᠎ᠶᠢᠨ ᠣᠯᠠᠷᠢᠯ᠎ᠤᠨ ᠲᠡᠬᠦᠰᠬᠦ ᠶᠣᠰᠣᠯᠠᠯ᠎ᠤᠨ ᠠᠶ᠎ᠠ ᠲᠠᠭᠣᠣ᠎ᠶᠢᠨ ᠦᠲᠡᠰᠢᠯᠡᠭᠡ ᠶᠠᠪᠣᠬᠲᠠᠪᠠ
2025-09-27 09:59:58
ᠵᠣᠬᠢᠶᠠᠭ᠍ᠴᠢ᠄
ᠸᠠᠩ ᠰᠢᠶᠣᠣ ᠮᠢᠩ
ᠣᠩᠱᠢᠭ᠍ᠰᠠᠨ ᠣᠳᠠᠭ᠎ᠠ᠄
★★★☆☆

ᠰᠣᠯᠣᠩᠭᠠᠨ ᠳ᠋ᠸᠩ ᠬᠢᠯᠠᠯᠵᠠᠵᠦ ᠰᠣᠩᠭᠣᠲᠠᠬ ᠠᠶᠠᠯᠭᠣ ᠬᠠᠩᠬᠢᠨᠠᠨ᠎ᠠ᠃ ᠲᠣᠮᠣ ᠲᠡᠯᠭᠡᠴᠡᠨ ᠲᠡᠭᠡᠷ᠎ᠡ ᠨᠣᠮᠢᠨ ᠨᠣᠭᠣᠭᠠᠨ ᠲᠠᠯ᠎ᠠ᠂ ᠬᠦᠪᠦᠩ ᠴᠠᠭᠠᠨ ᠡᠬᠦᠯᠡᠰ ᠡᠭᠡᠯᠵᠢᠯᠡᠨ ᠲᠣᠲᠣᠷᠠᠬᠣ ᠳ᠋ᠦ᠂ ᠲᠠᠢᠰᠠᠨ᠎ᠤ ᠴᠠᠭᠠᠨ᠎ᠠ ᠡᠴᠡ ᠨᠣᠲᠣᠬ ᠶ᠋ᠢᠡᠨ ᠮᠠᠬᠲᠠᠵᠦ ᠬᠠᠢᠷ᠎ᠠ ᠪᠠᠨ ᠣᠶᠠᠩᠭᠠᠯᠠᠬᠰᠠᠨ ᠠᠶ᠎ᠠ ᠲᠠᠭᠣᠣ ᠣᠶᠠᠩᠭᠠᠷᠠᠨ᠎ᠠ᠃ 9 ᠰᠠᠷ᠎ᠠ᠎ᠶᠢᠨ 26 ᠎ᠤ᠋ ᠣᠷᠣᠢ᠂ ᠣᠮᠠᠷᠠᠲᠣ ᠬᠢᠯᠢ᠎ᠶᠢᠨ ᠰᠣᠶᠣᠯ᠎ᠤᠨ ᠠᠵᠢᠯᠯᠠᠭ᠎ᠠ᠎ᠶᠢᠨ ᠣᠯᠠᠷᠢᠯ᠎ᠤᠨ ᠲᠡᠬᠦᠰᠬᠦ ᠶᠣᠰᠣᠯᠠᠯ᠎ᠤᠨ ᠠᠶ᠎ᠠ ᠲᠠᠭᠣᠣ᠎ᠶᠢᠨ ᠦᠲᠡᠰᠢᠯᠡᠭᠡ ᠵᠢᠴᠢ 《ᠠᠶ᠎ᠠ ᠲᠠᠭᠣᠣ᠎ᠶᠢᠨ ᠠᠶᠠᠨ》 ᠨᠠᠢ᠍ᠮᠠᠨ ᠰᠠᠷ᠎ᠠ᠎ᠶᠢᠨ ᠲᠡᠷᠭᠡᠯ ᠪᠠᠶᠠᠷ᠎ᠤᠨ ᠪᠠᠶᠠᠰᠣᠯᠲᠣ ᠦᠲᠡᠰᠢ᠎ᠶᠢᠨ ᠲᠣᠬᠯᠠᠯᠲᠠ ᠦᠪᠦᠷ ᠮᠣᠩᠭᠣᠯ᠎ᠤᠨ ᠪᠡᠶ᠎ᠡ᠎ᠶᠢᠨ ᠲᠠᠮᠢᠷ᠎ᠤᠨ ᠣᠷᠲᠣᠨ ᠳ᠋ᠦ ᠶᠠᠪᠣᠬᠲᠠᠪᠠ᠃

ᠣᠮᠠᠷᠠᠲᠣ ᠬᠢᠯᠢ᠎ᠶᠢᠨ ᠰᠣᠶᠣᠯ᠎ᠤᠨ ᠪᠠᠢᠭᠣᠯᠣᠯᠲᠠ᠎ᠶᠢ ᠲᠡᠭᠡᠭᠰᠢᠯᠡᠬᠦᠯᠬᠦ ᠠᠵᠢᠯᠯᠠᠭ᠎ᠠ᠎ᠶᠢ ᠠᠬᠢᠭᠣᠯᠵᠦ᠂ ᠣᠮᠠᠷᠠᠲᠣ ᠬᠢᠯᠢ᠎ᠶᠢᠨ ᠰᠣᠶᠣᠯ᠎ᠤᠨ ᠪᠠᠢᠭᠣᠯᠣᠯᠲᠠ᠎ᠶᠢᠨ ᠦᠷ᠎ᠡ ᠪᠦᠲᠦᠭᠡᠯ᠎ᠢ ᠲᠦᠪᠯᠡᠷᠡᠬᠦᠯᠦᠨ ᠲᠣᠰᠬᠠᠬᠣ᠎ᠶᠢᠨ ᠲᠦᠯᠦᠭᠡ᠂ ᠮᠠᠨ᠎ᠤ ᠣᠷᠣᠨ 6 ᠰᠠᠷ᠎ᠠ ᠵᠢᠨ 21 ᠡᠴᠡ 9 ᠰᠠᠷ᠎ᠠ ᠵᠢᠨ 26 ᠤ᠋ ᠡᠳᠤᠷ ᠪᠤᠯᠳᠠᠯ᠎ᠠ 《ᠠᠶᠠᠯᠭᠣᠲᠣ ᠵᠢᠭᠣᠯᠴᠢᠯᠠᠯ ᠦᠪᠦᠷ ᠮᠣᠩᠭᠣᠯ》 ᠣᠮᠠᠷᠠᠲᠣ ᠬᠢᠯᠢ᠎ᠶᠢᠨ ᠰᠣᠶᠣᠯ᠎ᠤᠨ ᠠᠵᠢᠯᠯᠠᠭ᠎ᠠ᠎ᠶᠢᠨ ᠣᠯᠠᠷᠢᠯ᠎ᠢ ᠡᠷᠬᠢᠯᠡᠵᠦ᠂ 《ᠠᠶᠠᠯᠭᠣᠲᠣ ᠵᠢᠭᠣᠯᠴᠢᠯᠠᠯ ᠦᠪᠦᠷ ᠮᠣᠩᠭᠣᠯ》 ᠶ᠋ᠢᠡᠷ ᠭᠣᠣᠯ ᠰᠡᠳᠦᠪ ᠪᠣᠯᠭᠠᠨ ᠠᠷᠠᠳ ᠲᠦᠮᠡᠨ ᠶ᠋ᠢᠡᠷ ᠭᠣᠣᠯ ᠪᠣᠯᠭᠠᠵᠦ᠂ 《ᠠᠵᠢᠯᠴᠢ ᠠᠷᠪᠢᠴᠢ ᠪᠡᠷ ᠠᠵᠢᠯᠯᠠᠭ᠎ᠠ ᠡᠷᠬᠢᠯᠡᠬᠦ》᠂ 《ᠡᠬᠦᠲᠡ ᠪᠠᠨ ᠨᠡᠭᠡᠭᠡᠨ ᠠᠵᠢᠯᠯᠠᠭ᠎ᠠ ᠡᠷᠬᠢᠯᠡᠬᠦ》 ᠣᠢᠯᠠᠭᠠᠬᠲᠠᠬᠣᠨ᠎ᠢ ᠪᠠᠷᠢᠮᠲᠠᠯᠠᠵᠦ᠂ ᠲᠣᠰᠬᠠᠢ ᠲᠣᠬᠯᠠᠯᠲᠠ᠂ ᠰᠣᠳᠣᠨ ᠪᠦᠲᠦᠭᠡᠯ ᠤ᠋ᠨ ᠦᠵᠡᠭᠦᠯᠭᠡ᠂ ᠦᠵᠡᠰᠬᠦᠯᠡᠩ ᠴᠤᠭᠯᠠᠭᠠᠨ᠂ ᠣᠯᠠᠨ ᠲᠦᠮᠡᠨᠴᠢ ᠰᠣᠶᠣᠯ ᠤ᠋ᠨ ᠠᠵᠢᠯᠯᠠᠭ᠎ᠠ᠂ ᠰᠣᠶᠣᠯ ᠵᠢᠭᠤᠯᠴᠢᠯᠠᠯ ᠤ᠋ᠨ ᠠᠭᠤᠰᠤᠯᠴᠠᠯ᠂ ᠦᠵᠡᠭᠦᠯᠭᠡ ᠨᠡᠪᠲᠡᠷᠡᠭᠦᠯᠭᠡ᠂ ᠬᠠᠷᠢᠭᠤ ᠮᠡᠳᠡᠭᠦᠯᠦᠯᠲᠡ ᠶ᠋ᠢᠨ ᠲᠣᠭ᠍ᠯᠠᠯᠲᠠ᠂ ᠠᠢᠮᠠᠭ ᠬᠣᠲᠠ ᠬᠣᠯᠪᠣᠭᠠᠯᠠᠨ ᠬᠥᠳᠡᠯᠦᠯᠴᠡᠬᠦ᠌ 8 ᠶᠡᠬᠡ  ᠲᠦᠷᠦᠯ᠎ᠤᠨ ᠠᠭᠤᠯᠭ᠎ᠠ ᠲᠣᠬᠢᠷᠠᠭᠤᠯᠵᠤ᠂ ᠡᠬᠦᠨ ᠳ᠋ᠦ ᠥᠪᠡᠷᠲᠡᠭᠡᠨ ᠵᠠᠰᠠᠬᠤ ᠣᠷᠣᠨ ᠤ᠋ ᠲᠠᠰ ᠤ᠋ᠨ 37 ᠵᠦᠶ᠋ᠯ ᠤ᠋ᠨ ᠰᠣᠶᠣᠯ ᠤ᠋ᠨ ᠠᠵᠢᠯᠯᠠᠭ᠎ᠠ᠂ ᠡᠯ᠎ᠡ ᠠᠢᠮᠠᠭ ᠬᠣᠲᠠ ᠶ᠋ᠢᠨ 38 ᠵᠦᠶ᠋ᠯ ᠤ᠋ᠨ ᠠᠵᠢᠯᠯᠠᠭ᠎ᠠ ᠪᠣᠯᠣᠨ ᠰᠣᠶᠣᠯ ᠵᠢᠭᠣᠯᠴᠢᠯᠠᠯ᠎ᠢ ᠪᠠᠶᠠᠴᠢᠯᠠᠨ ᠣᠢᠯᠠᠭᠠᠬᠣ 300 ᠭᠠᠷᠣᠢ ᠲᠦᠷᠦᠯ᠎ᠢ ᠬᠠᠮᠣᠷᠣᠨ ᠪᠠᠬᠲᠠᠭᠠᠵᠦ᠂ ᠡᠬᠡ ᠣᠯᠣᠰ᠎ᠤᠨ ᠣᠮᠠᠷᠠᠲᠣ ᠬᠢᠯᠢ ᠳ᠋ᠦ ᠰᠢᠨ᠎ᠡ ᠴᠠᠬ ᠦᠶ᠎ᠡ᠎ᠶᠢᠨ ᠰᠣᠶᠣᠯ᠎ᠤᠨ ᠬᠦᠴᠦᠷᠬᠡᠭ ᠲᠠᠭᠣᠨ᠎ᠢ ᠬᠠᠩᠬᠢᠨᠠᠭᠣᠯᠣᠬᠰᠠᠨ ᠪᠠᠢᠨ᠎ᠠ᠃

ᠣᠮᠠᠷᠠᠲᠣ ᠬᠢᠯᠢ᠎ᠶᠢᠨ ᠰᠣᠶᠣᠯ᠎ᠤᠨ ᠠᠵᠢᠯᠯᠠᠭ᠎ᠠ᠎ᠶᠢᠨ ᠣᠯᠠᠷᠢᠯ᠎ᠤᠨ ᠲᠡᠬᠦᠰᠬᠦ ᠶᠣᠰᠣᠯᠠᠯ᠎ᠤᠨ ᠠᠶ᠎ᠠ ᠲᠠᠭᠣᠣ᠎ᠶᠢᠨ ᠦᠲᠡᠰᠢᠯᠡᠭᠡ ᠨᠢ ᠲᠦᠷᠪᠡᠨ ᠠᠩᠬᠢ ᠬᠣᠪᠢᠶᠠᠵᠦ᠂ 《ᠠᠶ᠎ᠠ ᠲᠠᠭᠣᠣ᠎ᠶᠢᠨ ᠠᠶᠠᠨ》 ᠫᠷᠦ᠍ᠭᠷᠡᠮ᠎ᠤᠨ ᠣᠯᠠᠨ ᠳ᠋ᠦ ᠲᠠᠭᠠᠰᠢᠶᠠᠬᠲᠠᠬᠰᠠᠨ ᠲᠠᠭᠣᠴᠢᠨ ᠪᠣᠯᠣᠨ ᠬᠦᠨᠳᠦᠲᠦ ᠵᠣᠴᠢᠳ ᠎ᠤᠨ ᠠᠶ᠎ᠠ ᠲᠠᠭᠣᠣ᠎ᠶᠢᠨ ᠦᠵᠡᠬᠦᠯᠭᠡ᠎ᠶᠢᠨ ᠬᠡᠯᠪᠡᠷᠢ ᠪᠡᠷ ᠶᠠᠪᠣᠬᠲᠠᠵᠦ᠂ ᠶᠦᠨ ᠹᠸᠢ᠂ ᠬᠦᠰᠡᠯᠡᠩ᠂ ᠱᠢ ᠲᠸᠦ᠂ ᠡᠷᠬᠦᠨ᠎ᠡ ᠬᠠᠮᠲᠣᠯᠢᠬ᠂ ᠬᠣᠷᠴᠢᠨᠬᠦᠦ᠂ ᠬᠠᠯᠢᠨ᠂ ᠰᠢᠯᠢᠨᠪᠣᠯᠣᠷ᠂ ᠮᠦᠩᠬᠦᠨ ᠵᠡᠷᠭᠡ ᠲᠠᠭᠣᠴᠢᠳ 《ᠬᠦᠯᠦᠨ ᠪᠣᠢᠷ᠎ᠤᠨ ᠲᠠᠯ᠎ᠠ ᠨᠣᠲᠣᠬ》᠂ 《ᠬᠠᠨ ᠲᠡᠭᠷᠢ ᠠᠯᠠᠱᠠ》᠂ 《ᠵᠢᠷᠣᠶ᠎ᠠ ᠴᠢᠮ᠎ᠠ ᠪᠠᠨ》᠂ 《ᠲᠡᠭᠷᠢᠯᠢᠭ ᠵᠠᠶᠠᠭᠠᠨ᠎ᠤ ᠬᠣᠷᠣᠢ》 ᠵᠡᠷᠭᠡ 34 ᠭᠣᠴᠣ ᠰᠣᠲᠣᠨ ᠲᠠᠭᠣᠣ ᠪᠡᠷ ᠬᠣᠷᠠᠬᠰᠠᠨ ᠣᠯᠠᠨ ᠦᠵᠡᠭᠴᠢᠳ᠎ᠤᠨ ᠰᠣᠨᠣᠷ᠎ᠢ ᠮᠢᠯᠢᠶᠠᠨ ᠪᠠᠶᠠᠰᠬᠠᠵᠠᠢ᠃

ᠠᠶ᠎ᠠ ᠲᠠᠭᠣᠣ᠎ᠶᠢᠨ ᠦᠲᠡᠰᠢᠯᠡᠭᠡ ᠨᠢ ᠪᠦᠬᠦ ᠠᠷᠠᠳ ᠶ᠋ᠢᠡᠷ ᠣᠷᠣᠯᠴᠠᠬᠣ ᠲᠣᠬᠯᠠᠯᠲᠠ᠎ᠶᠢᠨ ᠲᠠᠪᠴᠠᠩ᠎ᠢ ᠡᠬᠦᠳᠴᠦ᠂ ᠣᠲᠣ ᠦᠶ᠎ᠡ᠎ᠶᠢᠨ ᠰᠢᠨ᠎ᠡ ᠮᠡᠷᠭᠡᠵᠢᠯ᠎ᠢ ᠬᠠᠷᠠᠭᠣᠯᠣᠬᠰᠠᠨ ᠲᠣᠬᠯᠠᠯᠲᠠ᠎ᠶᠢᠨ ᠲᠠᠢᠰᠠ ᠪᠣᠯᠣᠨ ᠣᠯᠠᠮᠵᠢᠯᠠᠵᠦ ᠲᠡᠯᠭᠡᠷᠡᠭᠰᠡᠨ ᠰᠣᠩᠭᠣᠲᠠᠬ ᠲᠠᠭᠣᠣ᠎ᠶᠢ ᠬᠣᠣᠰᠯᠠᠭᠣᠯᠣᠨ ᠣᠶᠠᠯᠲᠣᠭᠣᠯᠵᠦ᠂ ᠣᠮᠠᠷᠠᠲᠣ ᠬᠢᠯᠢ᠎ᠶᠢᠨ ᠰᠣᠶᠣᠯ᠎ᠤᠨ ᠦᠪᠡᠷᠮᠢᠴᠡ ᠷᠢᠳᠢ ᠰᠢᠲᠢ᠎ᠶᠢ ᠠᠮᠢᠲᠣᠯᠢᠬ ᠢᠯᠡᠷᠡᠬᠦᠯᠵᠦ᠂ 《ᠰᠣᠶᠣᠯ ᠶ᠋ᠢᠡᠷ ᠠᠷᠠᠳ ᠲᠦᠮᠡᠨ ᠳ᠋ᠦ ᠦᠢᠯᠡᠴᠢᠯᠡᠬᠦ᠂ ᠰᠣᠶᠣᠯ ᠶ᠋ᠢᠡᠷ ᠠᠷᠠᠳ ᠲᠦᠮᠡᠨ ᠳ᠋ᠦ ᠠᠰᠢᠬ ᠬᠦᠷᠲᠡᠭᠡᠬᠦ》᠎ᠶ᠋ᠢ ᠦᠨᠡᠨ᠎ᠬᠦ ᠪᠡᠶᠡᠯᠡᠬᠦᠯᠵᠦ᠂ ᠣᠮᠠᠷᠠᠲᠣ ᠬᠢᠯᠢ᠎ᠶᠢᠨ ᠰᠣᠶᠣᠯ᠎ᠤᠨ ᠠᠵᠢᠯᠯᠠᠭ᠎ᠠ᠎ᠶᠢᠨ ᠣᠯᠠᠷᠢᠯ᠎ᠤᠨ ᠠᠷᠠᠳᠴᠢ ᠴᠢᠨᠠᠷ ᠪᠣᠯᠣᠨ ᠣᠯᠠᠨ ᠲᠦᠮᠡᠨᠴᠢ ᠴᠢᠨᠠᠷ᠎ᠢ ᠲᠣᠰᠬᠠᠬᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号