ᠨᠠᠪᠴᠢᠰ ᠨᠠᠮᠢᠷᠠᠨ ᠴᠡᠴᠡᠭᠡᠰ ᠵᠤᠯᠭᠠᠷᠠᠭᠰᠠᠨ ᠰᠢᠷᠭᠠᠯ ᠨᠠᠮᠤᠷ᠎ᠤᠨ ᠤᠯᠠᠷᠢᠯ᠎ᠳᠤ ᠥᠪᠡᠷ᠎ᠦᠨ ᠠᠮᠢ ᠨᠠᠰᠤᠨ᠎ᠤ ᠭᠠᠯ᠎ᠢᠶᠠᠷ᠎ᠢᠶᠠᠨ ᠨᠢᠬᠡᠨ ᠭᠤᠷᠤᠢ ᠲᠠᠰᠤᠷᠠᠭᠰᠠᠨ ᠰᠡᠳᠬᠢᠯ᠎ᠢ ᠲᠤᠯᠠᠭᠠᠴᠠᠭᠤᠯᠵᠤ᠂ ᠤᠳᠠᠯ ᠥᠬᠡᠢ ᠰᠤᠶ᠋ᠢᠷᠡᠭᠥ᠌ ᠭᠡᠵᠤ ᠪᠠᠶ᠋ᠢᠭ᠎ᠠ ᠨᠢᠬᠡᠨ ᠭᠡᠷ ᠪᠥᠯᠢ᠎ᠶᠢ ᠭᠡᠷᠡᠯᠲᠡᠭᠦᠯᠦᠭ᠌ᠴᠢ ᠪᠤᠯ ᠤᠳᠤᠭ᠎ᠤᠨ ᠡᠮᠤᠨᠡᠳᠤ ᠬᠤᠰᠢᠭᠤᠨ᠎ᠤ ᠬᠤᠳᠠ᠎ᠶᠢᠨ ᠬᠠᠮᠢᠶᠠᠷᠤᠯᠳᠠ᠎ᠶᠢᠨ ᠲᠤᠪᠴᠢᠶᠠᠨ᠎ᠤ ᠵᠢᠷ ᠨᠢᠬᠡᠨ ᠠᠵᠢᠯᠳᠠᠨ ᠪᠢᠶᠠᠨ ᠫᠧᠩ ᠹᠧᠢ ᠪᠣᠯᠣᠨ᠎ᠠ᠃

ᠪᠢᠶᠠᠨ ᠫᠧᠩ ᠹᠧᠢ 2016 ᠤᠨ᠎ᠳᠤ ᠠᠵᠢᠯ᠎ᠳᠤ ᠤᠷᠤᠵᠤ 8 ᠵᠢᠯ᠎ᠦᠨ ᠲᠤᠷᠰᠢ ᠠᠵᠢᠯ᠎ᠤᠨ ᠡᠭᠥᠷᠬᠡ ᠲᠥᠰᠢᠶᠠᠯᠢᠶᠠᠨ ᠰᠢᠳᠤᠷᠭᠤ᠎ᠪᠠᠷ ᠭᠥᠢᠴᠡᠳᠬᠡᠵᠤ᠂ ᠠᠵᠢᠯ᠎ᠤᠨ ᠪᠠᠶ᠋ᠢᠷᠢ᠎ᠪᠠᠨ ᠬᠠᠶ᠋ᠢᠷᠠᠯᠠᠨ ᠤᠶ᠋ᠢᠯᠡᠰ᠎ᠢᠶᠠᠨ ᠲᠡᠭᠡᠳᠤᠯᠡᠵᠤ᠂ ᠵᠤᠷᠢᠭᠳᠠᠢ᠎ᠪᠠᠷ ᠪᠠᠭ᠎ᠠ ᠶᠠᠪᠤᠳᠠᠯ᠎ᠢ ᠡᠭᠥᠷᠬᠡᠯᠡᠨ ᠢᠳᠡᠪᠬᠢᠳᠠᠢ ᠪᠠᠷ ᠠᠵᠢᠯᠯᠠᠵᠤ᠂ ᠨᠠᠶ᠋ᠢᠳᠠ᠎ᠶᠢᠨ ᠠᠰᠠᠷᠠᠮᠵᠢ᠎ᠶᠢᠨ ᠤᠶ᠋ᠢᠯᠡᠰᠲᠤ᠌ ᠬᠠᠯᠠᠭᠤᠨ ᠰᠡᠳᠬᠢᠯ᠎ᠢᠶᠡᠷ ᠬᠠᠨᠳᠤᠵᠤ᠂ ᠠᠷᠠᠳ ᠲᠥᠮᠡᠨ᠎ᠳᠦ ᠤᠶ᠋ᠢᠯᠡᠴᠢᠯᠡᠬᠥᠶᠢ ᠪᠠᠷᠢᠮᠳᠠᠯᠠᠨ᠂ ᠤᠬᠠᠮᠰᠠᠷ ᠡᠴᠡ᠎ᠪᠡᠨ ᠨᠠᠶ᠋ᠢᠬᠢᠮ ᠨᠠᠶ᠋ᠢᠳᠡ᠎ᠳᠤ ᠬᠤᠪᠢ ᠨᠠᠮᠠᠭᠥᠷᠢ ᠪᠠᠨ ᠥᠵᠡᠭᠥᠯᠤᠭ᠌ᠰᠡᠨ ᠨᠢ ᠪᠤᠯᠬᠤᠳᠠᠶᠢᠨ ᠬᠠᠮᠢᠶᠠᠷᠤᠯᠳᠠ᠎ᠶᠢᠨ ᠠᠵᠢᠯᠳᠠᠨ᠎ᠤ ᠰᠠᠶ᠋ᠢᠨ ᠰᠠᠶ᠋ᠢᠬᠠᠨ ᠲᠥᠷᠢ ᠲᠥᠷᠬᠥ᠎ᠶᠢ ᠢᠯᠡᠷᠡᠭᠥᠯᠵᠤ ᠴᠢᠳᠠᠭᠰᠠᠨ ᠪᠠᠶ᠋ᠢᠨ᠎ᠠ᠃ ᠲᠡᠷᠡ 2022 ᠤᠨ᠎ᠳᠤ ᠨᠢᠬᠡ ᠤᠳᠠᠭᠠᠨ᠎ᠤ ᠥᠨ᠎ᠡ ᠲᠥᠯᠤᠪᠤᠷᠢ ᠥᠬᠡᠢ ᠪᠡᠷ ᠴᠢᠰᠤ ᠬᠠᠨᠳᠢᠪᠯᠠᠬᠤ ᠰᠠᠶ᠋ᠢᠨ ᠲᠤᠷᠠᠶᠢᠨ ᠤᠶ᠋ᠢᠯᠡᠴᠢᠯᠡᠬᠡᠨᠤ ᠠᠵᠢᠯᠯᠠᠭ᠎ᠠ ᠡᠴᠡ ᠴᠢᠰᠤ ᠪᠥᠳᠤᠬᠡᠭᠥ᠌ ᠭᠤᠤᠯ ᠡᠰ ᠪᠠᠨ ᠬᠠᠨᠳᠢᠪᠯᠠᠪᠡᠯ ᠴᠢᠰᠤ ᠴᠠᠶ᠋ᠢᠬᠤ ᠡᠪᠡᠳᠴᠢᠨ᠎ᠳᠦ ᠨᠡᠷᠪᠡᠭᠳᠡᠭᠰᠡᠳᠢ ᠠᠪᠤᠷᠠᠵᠤ ᠴᠢᠳᠠᠳᠠᠭᠢ ᠤᠶ᠋ᠢᠯᠠᠭᠠᠵᠤ ᠮᠡᠳᠡᠭᠡᠳ ᠳᠠᠷᠤᠢ ᠳ᠋ᠤᠨᠢ ᠲᠤᠮᠳᠠᠳᠤ ᠤᠯᠤᠰ᠎ᠤᠨ ᠴᠢᠰᠤ ᠪᠥᠳᠤᠭᠡᠭᠥ᠌ ᠭᠤᠤᠯ ᠡᠰᠢᠶᠡᠨ ᠬᠠᠨᠳᠢᠪᠯᠠᠭᠴᠢ᠎ᠶᠢᠨ ᠮᠠᠲᠸᠷᠢᠶᠠᠯ᠎ᠤᠨ ᠬᠥᠮᠤᠷᠬᠡᠳᠤ ᠰᠠᠶ᠋ᠢᠨ ᠲᠤᠷ᠎ᠠ ᠡᠴᠡ᠎ᠪᠡᠨ ᠨᠠᠷ᠎ᠡ ᠪᠠᠨ ᠮᠠᠳᠡᠭᠥᠯᠵᠤ᠂ 2024 ᠤᠨ 9 ᠰᠠᠷ᠎ᠠ᠎ᠳᠤ ᠤᠯᠠᠭᠠᠨ ᠵᠠᠭᠠᠯᠮᠠᠶ᠋ᠢᠳᠠᠨᠤ ᠨᠠᠶ᠋ᠢᠬᠡᠮᠯᠢᠭ ᠡᠴᠡ ᠴᠢᠰᠤ ᠬᠠᠨᠳᠢᠪᠯᠠᠬᠤ ᠮᠡᠳᠡᠭᠳᠡᠯ᠎ᠢ ᠲᠤᠰᠴᠤ᠌ ᠠᠪᠤᠭᠠᠳ ᠲᠡᠷᠡ ᠲᠤᠤᠷ᠎ᠠ ᠪᠠᠨ ᠵᠥᠪᠰᠢᠶᠡᠷᠠᠨ᠂ ᠬᠤᠰᠢᠭᠤᠨ᠎ᠤ ᠤᠯᠠᠭᠠᠨ ᠵᠠᠭᠠᠯᠮᠠᠶ᠋ᠢᠳᠠᠨᠤ ᠨᠠᠶ᠋ᠢᠬᠡᠮᠯᠢᠭᠶᠢᠨ ᠬᠢᠨ ᠲᠤᠰ ᠠᠵᠢᠯᠯᠠᠭ᠎ᠠ᠎ᠳᠦ ᠪᠠᠶᠠᠷ ᠲᠠᠯᠠᠷᠬᠠᠯᠠᠯ᠎ᠢᠶᠠᠨ ᠲᠡᠪᠰᠢᠬᠥᠯᠵᠤ ᠴᠢᠰᠤ ᠬᠠᠨᠳᠢᠪᠯᠠᠬᠤ ᠠᠵᠢᠯᠯᠠᠭ᠎ᠠ ᠨᠢ ᠤᠷᠤᠭᠰᠢᠳᠠᠢ ᠶᠠᠪᠤᠭᠳᠠᠬᠤ᠎ᠶᠢ ᠵᠥᠭᠨᠡᠨ 10 ᠰᠠᠷ᠎ᠠ᠎ᠶᠢᠨ ᠰᠡᠭᠥᠯᠴᠢᠳᠦ ᠲᠤᠰ ᠠᠵᠢᠯᠯᠠᠭ᠎ᠠ ᠨᠢ ᠪᠥᠳᠤᠮᠵᠢᠳᠠᠢ ᠶᠠᠪᠤᠭᠳᠠᠵᠤ ᠬᠤᠰᠢᠭᠤᠨ᠎ᠤ ᠪᠠᠨ ᠲᠡᠤᠬᠡᠨ ᠳᠦ ᠨᠠᠷ᠎ᠡ᠎ᠪᠠᠨ ᠲᠡᠮᠳᠡᠭᠯᠡᠬᠥᠯᠵᠡᠢ᠃

ᠪᠢᠶᠠᠨ ᠫᠧᠩ ᠹᠧᠢ ᠶᠠᠷᠢᠬᠤ᠎ᠳᠠᠭᠠᠨ ᠪᠢ ᠨᠢᠬᠡᠨ ᠰᠢᠨ᠎ᠡ ᠨᠢᠬᠡᠨ ᠥᠶ᠎ᠡ᠎ᠶᠢᠨ ᠵᠠᠯᠠᠭᠤᠴᠤᠳ ᠪᠤᠯᠤᠭᠰᠠᠨ᠎ᠤ ᠬᠤᠪᠢ᠎ᠳᠤ ᠴᠢᠰᠤ ᠪᠥᠳᠤᠬᠡᠭᠥ᠌ ᠭᠤᠤᠯ ᠡᠰ᠎ᠤᠨ ᠬᠠᠨᠳᠢᠪᠯᠠᠭᠴᠢ ᠪᠤᠯᠤᠭᠰᠠᠨ ᠮᠠᠨᠢ ᠪᠢ ᠮᠠᠰᠢ ᠶᠡᠬᠡ ᠪᠠᠶᠠᠷᠳᠠᠢ ᠠᠵᠠᠳᠠᠢ ᠰᠠᠨᠠᠭᠳᠠᠨ᠎ᠠ᠃ ᠪᠢ ᠥᠪᠡᠷ᠎ᠦᠨ ᠬᠠᠶ᠋ᠢᠷ᠎ᠠ ᠰᠡᠳᠬᠢᠯᠬᠡ ᠪᠡᠨ ᠨᠠᠶ᠋ᠢᠬᠢᠮᠳᠤ ᠡᠷᠭᠥᠵᠤ ᠥᠪᠡᠷ᠎ᠦᠨ ᠲᠥᠷᠤᠭ᠌ᠰᠡᠨ ᠴᠢᠰᠤ ᠪᠠᠷ᠎ᠢᠶᠠᠨ ᠲᠠᠬᠢᠨ ᠡᠭᠥᠰᠴᠤ᠌ ᠪᠤᠯᠤᠰᠢ ᠥᠬᠡᠢ ᠠᠮᠢ ᠨᠠᠰᠤ᠎ᠶᠢ ᠠᠪᠤᠷᠠᠨ᠎ᠠ᠃ ᠮᠥᠨ ᠴᠤ᠌ ᠡᠨᠡᠬᠥ᠌ ᠠᠵᠢᠯᠯᠠᠭ᠎ᠠ ᠪᠠᠷ᠎ᠢᠶᠠᠨ ᠨᠡᠩ ᠤᠯᠠᠨ ᠵᠠᠯᠠᠭᠤᠴᠤᠳ᠎ᠢ ᠲᠠᠶ᠋ᠢᠴᠢᠯᠠᠨ ᠲᠤᠮᠳᠠᠳᠤ᠎ᠶᠢᠨ ᠴᠢᠮᠤᠬᠡᠨᠤ ᠬᠥᠮᠤᠷᠬᠡᠳᠤ ᠲᠠᠭᠠᠭᠤᠯᠤᠨ ᠤᠷᠤᠭᠤᠯᠵᠤ ᠨᠡᠩ ᠤᠯᠠᠨ ᠡᠪᠡᠳᠴᠢᠳᠡᠳ᠎ᠦᠨ ᠠᠮᠢ ᠨᠠᠰᠤ᠎ᠶᠢ ᠠᠪᠤᠷᠠᠬᠤ᠎ᠶᠢ ᠬᠥᠰᠡᠵᠤ ᠪᠠᠶ᠋ᠢᠨ᠎ᠠ ᠬᠡᠵᠤ ᠶᠠᠷᠢᠭᠰᠠᠨ᠃ ᠪᠢᠶᠠᠨ ᠫᠧᠩ ᠹᠧᠢ᠎ᠶᠢᠨ ᠡᠨᠡᠭᠥ᠌ ᠠᠵᠢᠯᠯᠠᠭ᠎ᠠ ᠨᠢ ᠠᠮᠢ ᠨᠠᠰᠤ᠎ᠶᠢ ᠲᠠᠭᠤᠳᠠᠨ ᠰᠡᠷᠬᠥᠬᠡᠵᠤ ᠤᠯᠠᠭᠠᠨ ᠵᠠᠭᠠᠯᠮᠠᠶ᠋ᠢᠳᠠᠨᠤ ᠲᠥᠬᠡᠮᠡᠯ ᠬᠠᠶ᠋ᠢᠷ᠎ᠠ᠎ᠪᠠᠨ ᠲᠥᠮᠡᠨ᠎ᠳᠦ ᠢᠪᠡᠭᠡᠬᠥ᠌ ᠬᠥᠮᠤᠨᠯᠢᠩ ᠵᠤᠷᠢᠭ ᠰᠠᠨᠠᠭ᠎ᠠ᠎ᠶᠢ ᠢᠯᠡᠷᠡᠭᠥᠯᠵᠤ᠂ ᠪᠤᠰᠤᠳ᠎ᠢ ᠬᠠᠯᠠᠮᠵᠢᠯᠠᠬᠤ ᠥᠵᠡᠯᠢ ᠡᠭᠥᠰᠬᠡᠨ ᠬᠠᠷᠠᠯᠳᠠ ᠲᠤᠳᠠᠪᠠᠷ ᠡᠭᠥᠷᠬᠡ ᠬᠠᠷᠢᠭᠤᠴᠠᠯᠭ᠎ᠠ᠎ᠪᠠᠨ ᠡᠭᠥᠷᠭᠡᠯᠡᠵᠤ ᠬᠠᠷᠠᠮ ᠥᠬᠡᠢ ᠵᠤᠷᠢᠭᠤᠯᠬᠤ ᠰᠠᠶ᠋ᠢᠨ ᠰᠠᠶ᠋ᠢᠬᠠᠨ ᠬᠡᠪ ᠰᠤᠷᠳᠠᠯ ᠨᠢ ᠠᠮᠢ ᠨᠠᠰᠤᠨ᠎ᠤ ᠬᠥᠰᠡᠯ ᠡᠷᠡᠮᠡᠯᠵᠡᠯ᠎ᠢ ᠠᠴᠢᠶᠠᠯᠠᠵᠤ ᠤᠨᠳᠤᠷᠠᠮᠠᠯ ᠶᠡᠬᠡ ᠬᠠᠶ᠋ᠢᠷ᠎ᠠ᠎ᠪᠠᠷ᠎ᠢᠶᠠᠨ ᠬᠥᠮᠤᠨᠤ ᠶᠡᠷᠳᠢᠨᠴᠤ᠌ ᠬᠥᠮᠤᠨ ᠵᠢᠶᠠᠭ᠎ᠠ᠎ᠶᠢ ᠰᠠᠬᠢᠨ ᠬᠠᠮᠠᠭᠠᠯᠠᠭᠰᠠᠨ ᠶᠠᠪᠤᠳᠠᠯ ᠪᠤᠯᠬᠤ᠎ᠪᠠᠷ ᠪᠢᠳᠠ ᠪᠥᠬᠥᠨ ᠰᠤᠷᠤᠯᠴᠠᠭᠤᠯᠤᠰᠢᠳᠠᠢ ᠪᠠᠶ᠋ᠢᠭ᠎ᠠ᠃ ᠮᠥᠨ ᠴᠤ᠌ ᠪᠤᠶᠠᠨ᠎ᠤ ᠤᠶ᠋ᠢᠯᠡ ᠨᠢ ᠲᠠᠶᠠᠭᠠᠷ ᠤᠯᠠᠨ᠎ᠳᠤ ᠠᠯᠳᠠᠷᠰᠢᠬᠤ ᠪᠤᠯᠳᠤᠭᠠᠢ᠃
