18 ᠵᠢᠯ ᠡᠯᠡᠰᠦᠨ ᠴᠥᠯ ᠳ᠋ᠦ ᠴᠥᠬᠥᠷᠡᠰᠢ ᠥᠬᠡᠶ ᠤᠢᠵᠢᠭᠤᠯᠤᠯᠲᠠ ᠬᠢᠵᠥ ᠭᠠᠨᠳᠠᠷᠢ ᠠᠭᠤᠯᠠᠨ ᠤ᠋ ᠣᠢ ᠱᠢᠭᠤᠶ ᠶ᠋ᠢᠨ ᠪᠦᠷᠬᠦᠴᠡ ᠵᠢᠨ ᠨᠤᠷᠮ᠎ᠠ 0 ᠪᠠᠢᠭᠰᠠᠨ ᠡᠴᠡ ᠪᠠᠨ 54.6% ᠳ᠋ᠤ ᠬᠥᠷᠴᠡᠢ
2023-09-29 10:17:41
ᠵᠣᠬᠢᠶᠠᠭ᠍ᠴᠢ᠄
ᠬᠤᠤ ᠪᠢᠶᠤᠤ
ᠣᠩᠱᠢᠭ᠍ᠰᠠᠨ ᠣᠳᠠᠭ᠎ᠠ᠄
★★★☆☆

ᠭᠠᠨᠳᠠᠷᠢ ᠠᠭᠤᠯᠠ ᠦᠬᠠᠶ ᠬᠣᠲᠠ ᠳ᠋ᠤ ᠰᠦᠨᠳᠡᠷᠯᠡᠵᠦ᠍᠂ ᠪᠦᠬᠦ ᠬᠣᠲᠠ ᠶ᠋ᠢᠨ ᠬᠠᠮᠤᠭ ᠤ᠋ᠨ ᠥᠨᠳᠥᠷ ᠴᠡᠭ ᠪᠤᠯᠤᠨ᠎ᠠ᠃ ᠡᠨᠡ ᠠᠭᠤᠯᠠ ᠵᠢ ᠤᠢᠵᠢᠭᠤᠯᠤᠭᠰᠠᠨ ᠥᠯᠢᠭᠡᠷ ᠨᠢ ᠨᠠᠩ ᠴᠤ᠌ ᠦᠬᠠᠶ ᠬᠤᠳᠠ ᠶ᠋ᠢᠨ ᠠᠷᠠᠳ ᠲᠦᠮᠡᠨ ᠤ᠋ 《ᠤᠮᠠᠷᠠᠲᠤ ᠶ᠋ᠢᠨ ᠭᠤᠷᠪᠠᠨ ᠣᠷᠣᠨ ᠤ᠋ ᠵᠣᠷᠢᠭ ᠰᠠᠨᠠᠭ᠎ᠠ》 ᠵᠢ ᠶᠡᠬᠡ ᠪᠡᠷ ᠪᠠᠳᠠᠷᠠᠭᠤᠯᠵᠤ᠂ ᠴᠦᠬᠦᠷᠡᠰᠢ ᠦᠬᠡᠢ ᠳᠡᠮᠡᠴᠡᠨ᠂ ᠡᠯᠡᠰᠦᠨ ᠴᠥᠯ ᠢ᠋ ᠨᠣᠭᠣᠭᠠᠨ ᠪᠦᠷᠢᠳᠦ ᠪᠣᠯᠭᠠᠬᠤ ᠪᠡᠷ ᠲᠠᠩᠭᠠᠷᠢᠭ ᠡᠷᠬᠦᠨ ᠪᠡᠶᠡᠯᠡᠬᠦᠯᠦᠭᠰᠡᠨ ᠦᠨᠡᠨ ᠪᠣᠳᠠᠲᠠᠶ ᠦᠢᠯᠡ ᠶᠠᠪᠤᠳᠠᠯ ᠪᠤᠯᠬᠤ ᠶᠤᠮ᠃

ᠨᠠᠮᠤᠷ ᠤ᠋ᠨ ᠨᠠᠷᠠᠨ ᠳ᠋ᠦ ᠦᠪᠴᠢ ᠳᠡᠯᠡᠬᠡᠢ ᠰᠢᠵᠢᠷᠳᠡᠨ ᠰᠢᠷᠭᠠᠯᠳᠤᠵᠦ ᠂ ᠭᠠᠨᠳ᠋ᠡᠷᠢ ᠠᠭᠤᠯᠠ ᠨᠣᠮᠢᠨ ᠨᠣᠭᠣᠭᠠᠨ ᠢ᠋ᠶ᠋ᠠᠷ ᠬᠤᠴᠢᠭ᠍ᠳᠠᠨ ᠂ ᠤᠢ ᠮᠣᠳᠣ ᠬᠥᠬᠡᠷᠡᠨ ᠨᠣᠭᠣᠭᠠᠷᠠᠵᠤ ᠂ ᠠᠭᠤᠯᠠᠨ ᠳᠤᠮᠳᠠᠭᠤᠷ ᠠᠯᠬᠤᠯᠠᠬᠤ ᠳ᠋ᠦ ᠴᠡᠭᠡᠵᠢ ᠠᠭᠤᠵᠢᠷᠠᠨ ᠰᠡᠳᠬᠢᠯ ᠲᠡᠨᠡᠢᠨ᠎ᠡ᠃ ᠠᠭᠤᠯᠠ ᠶ᠋ᠢᠨ ᠪᠡᠯ ᠡᠴᠡ ᠪᠠᠷᠠᠭᠤᠨᠰᠢ ᠪᠠᠷᠠᠯᠠᠪᠠᠯ ᠂ ᠬᠡᠰᠡᠭ ᠬᠡᠰᠡᠭ ᠮᠣᠳᠣᠳ ᠨᠢ ᠨᠣᠭᠣᠭᠠᠨ ᠬᠡᠪᠢᠰ ᠱᠢᠭ ᠦᠷᠭᠦᠯᠵᠢᠯᠡᠨ ᠦᠬᠠᠢ ᠨᠠᠭᠤᠷ ᠤ᠋ᠨ ᠬᠥᠪᠡᠭᠡᠨ ᠳ᠋ᠦ ᠬᠦᠷᠦᠨ᠎ᠡ᠃ ᠦᠨᠦᠳᠦᠷ ᠤ᠋ᠨ ᠡᠨᠡ ᠬᠦ᠌ ᠨᠢᠳᠤ ᠪᠠᠶᠠᠰᠬᠠᠭᠰᠠᠨ ᠦᠵᠡᠮᠵᠢ ᠪᠠᠢᠳᠠᠯ ᠢ᠋ ᠬᠠᠷᠠᠭᠠᠳ 20 ᠭᠠᠷᠤᠶ ᠵᠢᠯ ᠤ᠋ᠨ ᠡᠮᠦᠨ᠎ᠡ ᠡᠨᠳᠡ ᠬᠠᠮᠠᠷ ᠬᠠᠳᠭᠤᠬᠤ ᠡᠪᠡᠰᠦ ᠥᠬᠡᠶ ᠡᠯᠡᠰᠦᠨ ᠴᠥᠯ ᠪᠠᠢᠭᠰᠠᠨ ᠬᠡᠪᠡᠯ ᠢᠳᠡᠬᠡᠵᠦ ᠶᠠᠳᠠᠮᠠᠷ ᠶᠤᠮ᠃

ᠭᠠᠨᠳᠠᠷᠢ ᠠᠭᠤᠯᠠᠨ ᠤ᠋ ᠠᠮᠢ ᠠᠬᠤᠶ ᠶ᠋ᠢᠨ ᠵᠠᠰᠠᠯᠲᠠ ᠶ᠋ᠢᠨ ᠣᠷᠣᠨ ᠢ᠋ 20 ᠵᠢᠯ ᠤ᠋ᠨ ᠡᠮᠦᠨ᠎ᠡ ᠴᠠᠭᠠᠨ ᠲᠤᠭᠤᠢ ᠲᠤᠬᠤᠢ ᠭᠡᠵᠦ ᠨᠡᠷᠡᠯᠡᠵᠤ ᠪᠠᠢᠪᠠ ᠃ ᠡᠨᠡ ᠪᠣᠯ ᠤᠯᠠᠭᠠᠨᠪᠤᠬ᠎ᠠ ᠵᠢᠨ ᠡᠯᠡᠰᠦ ᠬᠠᠲᠤᠨ ᠭᠤᠤᠯ ᠢ᠋ ᠰᠤᠨᠳᠠᠯᠠᠨ ᠭᠠᠨᠳᠠᠷᠢ ᠠᠭᠤᠯᠠ ᠶ᠋ᠢᠨ ᠬᠣᠷᠮᠣᠶ ᠳ᠋ᠦ ᠬᠦᠷᠴᠦ ᠪᠣᠶ ᠪᠣᠯᠤᠭ᠍ᠰᠠᠨ 20 ᠱᠢᠬᠠᠮ ᠲᠡᠭ᠌ᠰᠢ ᠳᠥᠷᠪᠡᠯᠵᠢᠨ ᠺᠢᠯᠣᠮᠧᠲ᠋ᠷ ᠤ᠋ᠨ ᠨᠡᠬᠦᠳᠡᠯ ᠡᠯᠡᠰᠦᠷᠬᠡᠭ ᠭᠠᠵᠠᠷ ᠪᠣᠯᠤᠨ᠎ᠠ ᠃ ᠶᠡᠬᠡ ᠰᠠᠯᠬᠢ ᠰᠠᠯᠬᠢᠯᠠᠬᠤ ᠪᠦᠷᠢ ᠡᠯᠡᠰᠤ ᠲᠤᠭᠤᠰᠤ ᠦᠬᠠᠢ ᠬᠤᠳᠠ ᠶ᠋ᠢᠨ ᠬᠤᠳᠠ ᠵᠢᠨ ᠲᠣᠭᠣᠷᠢᠭ ᠢ᠋ ᠢᠪ ᠲᠠᠷᠤᠳᠠᠬ ᠪᠠᠢᠭᠰᠠᠨ ᠮᠦᠷᠳᠡᠭᠡᠨ ᠴᠠᠭᠠᠨ ᠳᠤᠭᠤᠶ ᠲᠤᠬᠤᠢ ᠡᠴᠡ ᠱᠢᠭᠤᠳ ᠣᠷᠳᠣᠰ ᠤ᠋ᠨ ᠥᠨᠳᠥᠷᠯᠢᠭ ᠲᠦ᠍ ᠬᠦᠷᠴᠦ᠍᠂ ᠪᠠᠷᠠᠭᠤᠨ ᠬᠣᠢᠲᠤ ᠣᠷᠣᠨ ᠪᠠ ᠤᠮᠠᠷᠠᠲᠤ ᠣᠷᠣᠨ ᠤ᠋ ᠠᠮᠢ ᠠᠬᠤᠶ ᠣᠷᠴᠢᠨ ᠲᠣᠭᠣᠷᠢᠨ ᠳ᠋ᠦ ᠬᠦᠨᠳᠦ ᠨᠣᠴᠢᠲᠠᠶ ᠰᠦᠷᠳᠡᠭᠦᠯᠦᠯ ᠪᠣᠯᠵᠤ ᠪᠠᠢᠵᠠᠢ ᠃

2005 ᠣᠨ ᠤ᠋ ᠨᠠᠮᠤᠷ ᠂ ᠦᠬᠠᠢ ᠬᠤᠳᠠ ᠭᠠᠨᠳ᠋ᠡᠷᠢ ᠠᠭᠤᠯᠠ ᠶ᠋ᠢᠨ ᠠᠮᠢ ᠠᠬᠤᠢ ᠶ᠋ᠢᠨ ᠵᠠᠰᠠᠯᠲᠠ ᠵᠢ ᠵᠢᠩᠬᠢᠨᠢ ᠪᠡᠷ ᠡᠬᠢᠯᠡᠭᠦᠯᠪᠡ ᠃

ᠯᠢᠦ ᠶᠦᠩ ᠱᠧᠩ ᠪᠣᠯ ᠦᠬᠠᠢ ᠬᠤᠳᠠ ᠶ᠋ᠢᠨ ᠤᠢ ᠱᠢᠭᠤᠢ ᠪᠠ ᠨᠤᠲᠤᠭ ᠪᠡᠯᠴᠢᠭᠡᠷ ᠤ᠋ᠨ ᠪᠦᠳᠦᠭᠡᠨ ᠪᠠᠢᠭᠤᠯᠤᠯᠲᠠ ᠶ᠋ᠢᠨ ᠦᠢᠯᠡᠴᠢᠯᠡᠭᠡᠨ ᠤ᠋ ᠲᠥᠪ ᠤ᠋ᠨ ᠤᠢ ᠱᠢᠭᠤᠢ ᠨᠤᠲᠤᠭ ᠪᠡᠯᠴᠢᠭᠡᠷ ᠤ᠋ᠨ ᠬᠠᠮᠢᠶᠠᠷᠤᠯᠲᠠ ᠬᠠᠮᠠᠭᠠᠯᠠᠯᠲᠠ ᠶ᠋ᠢᠨ ᠠᠯᠪᠠᠨ ᠭᠡᠷ ᠤ᠋ᠨ ᠡᠷᠬᠢᠯᠡᠭ᠌ᠴᠢ ᠂ ᠮᠥᠨ ᠴᠦ᠍ ᠭᠠᠨᠳᠠᠷᠢ ᠠᠭᠤᠯᠠ ᠶ᠋ᠢᠨ ᠠᠮᠢ ᠠᠬᠤᠢ ᠶ᠋ᠢᠨ ᠵᠠᠰᠠᠯᠲᠠ ᠶ᠋ᠢᠨ ᠶᠠᠪᠤᠴᠠ ᠵᠢ ᠪᠡᠶ᠎ᠡ ᠪᠡᠷ ᠢ᠋ᠶ᠋ᠡᠨ ᠥᠩᠭᠡᠷᠡᠭᠦᠯᠦᠭ᠌ᠰᠡᠨ ᠬᠦᠮᠦᠨ ᠤ᠋ ᠨᠢᠬᠡ ᠶᠤᠮ ᠃ 18 ᠵᠢᠯ ᠤ᠋ᠨ ᠲᠤᠷᠰᠢ ᠂ ᠯᠢᠦ ᠶᠦᠩ ᠱᠧᠩ ᠤ᠋ᠨ ᠤᠯᠠ ᠮᠥᠷ ᠭᠠᠨᠳᠠᠷᠢ ᠠᠭᠤᠯᠠ ᠪᠡᠷ ᠲᠦᠬᠡᠵᠦ᠂ ᠡᠨᠳᠡᠬᠢ ᠭᠠᠵᠠᠷ ᠤ᠋ᠨ ᠪᠠᠢᠴᠠ ᠭᠠᠵᠠᠷ ᠤ᠋ᠨ ᠭᠠᠳᠠᠷᠭᠤ ᠂ ᠤᠷᠭᠤᠴᠠ ᠶ᠋ᠢᠨ ᠨᠥᠬᠥᠴᠡᠯ᠂ ᠤᠢ ᠮᠤᠳᠤᠨ ᠤ᠋ ᠲᠦᠷᠦᠯ ᠪᠦᠲᠦᠴᠡ᠂ ᠤᠢ ᠮᠣᠳᠣᠨ ᠤ᠋ ᠤᠷᠭᠤᠴᠠ᠂ ᠭᠠᠵᠠᠷ ᠳᠣᠣᠷᠠᠬᠢ ᠤᠰᠤ ᠬᠠᠩᠭᠠᠬᠤ ᠬᠣᠭᠣᠯᠠᠢ ᠵᠡᠷᠭᠡ ᠪᠠᠢᠳᠠᠯ ᠢ᠋ ᠲᠡᠷᠡ ᠪᠦᠷ ᠠᠯᠠᠭᠠᠨ ᠵᠢᠷᠤᠭᠠᠰᠤ ᠪᠠᠨ ᠰᠢᠬ ᠳᠤᠳᠤᠷᠬᠠᠢ ᠮᠡᠳᠡᠨ᠎ᠠ᠃ ᠠᠩᠬ᠎ᠠ ᠡᠨᠳᠡ ᠢᠷᠡᠬᠦ ᠦᠶ᠎ᠠ ᠶ᠋ᠢᠨ ᠪᠠᠢᠳᠠᠯ ᠢ᠋ᠶ᠋ᠡᠨ ᠯᠢᠦ ᠶᠦᠩ ᠱᠧᠩ ᠣᠳᠣ ᠪᠣᠯᠲᠠᠯ᠎ᠠ ᠲᠣᠪ ᠲᠣᠳᠣᠷᠬᠠᠶ ᠴᠡᠭᠡᠵᠢᠯᠡᠭ᠌ᠰᠡᠭᠡᠷ ᠃ 《ᠠᠩᠬ᠎ᠠ ᠢᠷᠡᠬᠦ ᠦᠶᠡᠰ ᠡᠨᠳᠡ ᠵᠠᠮ ᠦᠭᠡᠢ ᠮᠦᠷᠳᠡᠬᠡᠨ ᠤᠰᠤ ᠦᠭᠡᠢ᠂ ᠶᠤᠰᠤᠳᠠᠢ ᠨᠡᠯᠦᠭᠡᠷ ᠶᠡᠬᠡ ᠡᠯᠡᠰᠦᠨ ᠴᠦᠯ ᠡᠴᠡ ᠦᠭᠡᠷ᠎ᠡ ᠶᠠᠭᠤ ᠴᠦ᠍ ᠠᠯᠠᠭ᠎ᠠ᠂ ᠦᠨᠡᠡ ᠢ᠋ ᠬᠡᠯᠡᠬᠦ ᠳ᠋ᠦ ᠪᠢ ᠳᠣᠲᠣᠷ᠎ᠠ ᠪᠠᠨ ᠵᠢᠭᠠᠬᠠᠨ ᠵᠢᠷᠦᠭᠡᠰᠢᠶᠡᠵᠦ ᠪᠠᠢᠭᠰᠠᠨ ᠶᠤᠮ》 ᠭᠡᠵᠦ ᠯᠢᠦ ᠶᠦᠩ ᠱᠧᠩ ᠶᠠᠷᠢᠨ᠎ᠠ᠃ ᠶᠠᠭ ᠡᠢᠮᠤ ᠪᠠᠢᠭᠰᠠᠨ ᠪᠤᠯᠬᠤᠷ ᠲᠡᠬᠦᠨ ᠳ᠋ᠤ ᠡᠨᠡ ᠭᠠᠵᠠᠷ ᠲᠦ᠍ ᠮᠣᠳᠣ ᠲᠠᠷᠢᠵᠦ ᠤᠢᠵᠢᠭᠤᠯᠬᠤ ᠨᠢ ᠪᠡᠶᠡᠯᠡᠭᠦᠯᠵᠦ᠍ ᠳᠡᠢᠯᠦᠰᠢ ᠦᠭᠡᠢ ᠶᠠᠪᠤᠳᠠᠯ ᠮᠡᠳᠦ ᠪᠤᠳᠤᠭᠳᠠᠵᠠᠢ᠃ ᠭᠡᠪᠡᠴᠦ᠍ ᠤᠳᠠᠯ ᠦᠭᠡᠢ ᠯᠢᠦ ᠶᠦᠩ ᠱᠧᠩ ᠠᠯᠢᠪᠠ ᠡᠷᠡᠭᠡᠯᠵᠡᠯ ᠢ᠋ᠶ᠋ᠡᠨ ᠲᠠᠶᠠᠭᠳᠠᠵᠦ ᠰᠡᠳᠬᠢᠯ ᠰᠢᠭᠤᠳᠤᠨ ᠠᠵᠢᠯ᠎ᠳᠠᠭᠠᠨ ᠤᠷᠤᠪᠠ᠃

ᠬᠥᠮᠦᠨ ᠠᠮᠢᠳᠠᠨ ᠤ᠋ ᠪᠠᠷ᠎ᠠ ᠬᠠᠷᠠᠭᠳᠠᠬᠤ ᠦᠭᠡᠢ ᠡᠯᠡᠰᠦᠨ ᠴᠦᠯ ᠳ᠋ᠦ ᠮᠣᠳᠣ ᠲᠠᠷᠢᠵᠤ ᠣᠢᠵᠢᠭᠤᠯᠬᠤ ᠳ᠋ᠦ ᠡᠷᠬᠡᠪᠰᠢ ᠵᠠᠮ ᠂ ᠴᠠᠬᠢᠯᠭᠠᠨ ᠂ ᠤᠰᠤ ᠨᠡᠪᠲᠡᠷᠡᠭᠦᠯᠬᠦ᠌ ᠵᠡᠷᠭᠡ ᠰᠠᠭᠤᠷᠢ ᠪᠠᠷᠢᠯᠭ᠎ᠠ ᠵᠢ ᠤᠷᠢᠳ ᠵᠢᠡᠷ ᠪᠡᠶᠡᠯᠡᠭᠦᠯᠬᠦ᠌ ᠬᠡᠷᠡᠭ᠌ᠲᠡᠢ ᠶᠤᠮ ᠃ 《ᠲᠤᠬᠠᠢ ᠶ᠋ᠢᠨ ᠦᠶ᠎ᠡ ᠳ᠋ᠦ ᠲᠡᠷᠭᠡ ᠬᠦᠷᠴᠦ᠍ ᠳᠡᠢᠯᠬᠦ᠌ ᠦᠭᠡᠢ ᠭᠠᠵᠠᠷ ᠲᠦ᠍ ᠪᠢᠳᠡ ᠶᠠᠪᠠᠭᠠᠨ ᠢ᠋ᠶ᠋ᠠᠷ ᠬᠠᠢᠨ ᠪᠠᠢᠴᠠᠭᠠᠯᠲᠠ ᠬᠢᠵᠦ᠍ ᠂ ᠴᠠᠭ ᠢ᠋ᠶ᠋ᠠᠨ ᠠᠷᠪᠢᠯᠠᠬᠤ ᠶ᠋ᠢᠨ ᠲᠥᠯᠥᠭᠡ ᠦᠳᠡ ᠤᠷᠤᠢ ᠳ᠋ᠠᠭᠠᠨ ᠴᠦ᠍ ᠭᠡᠷ ᠲᠡᠬᠡᠨ ᠬᠠᠷᠢᠬᠤ ᠦᠭᠡᠢ ᠪᠡᠷ ᠡᠯᠡᠰᠦᠨ ᠴᠦᠯ ᠳ᠋ᠦ ᠮᠠᠢᠬᠠᠨ ᠪᠤᠰᠭᠠᠨ ᠰᠠᠭᠤᠵᠦ ᠪᠠᠢᠬᠰᠠᠨ》 ᠭᠡᠵᠦ ᠯᠢᠦ ᠶᠦᠩ ᠱᠧᠩ ᠬᠡᠯᠡᠨ᠎ᠡ ᠃ ᠨᠢᠭᠡ ᠤᠳᠠᠭ᠎ᠠ ᠦᠳᠡ ᠶ᠋ᠢᠨ ᠬᠣᠭᠣᠯᠠᠨ ᠤ᠋ ᠦᠶ᠎ᠡ ᠳ᠋ᠦ ᠶᠡᠬᠡ ᠰᠠᠯᠬᠢ ᠲᠡᠭᠳᠡᠵᠤ ᠂ ᠪᠤᠰᠬᠠᠭᠰᠠᠨ ᠮᠠᠢᠬᠠᠨ ᠨᠢ ᠰᠠᠯᠬᠢᠨ ᠳ᠋ᠦ ᠬᠡᠢᠰᠴᠢᠬᠡᠯ᠎ᠠ ᠂ ᠲᠡᠷᠡ ᠬᠠᠮᠲᠤ ᠠᠵᠢᠯᠯᠠᠭ᠍ᠴᠢ ᠲᠠᠶ ᠪᠠᠨ ᠬᠠᠷ᠎ᠠ ᠬᠤᠷᠲᠦ ᠪᠡᠷ ᠢ᠋ᠶ᠋ᠡᠨ ᠬᠦᠶᠦᠵᠦ ᠮᠠᠢᠬᠠᠨ ᠢ᠋ᠶ᠋ᠡᠨ ᠤᠯᠤᠭᠠᠳ ᠢᠷᠡᠬᠦ ᠳ᠋ᠦ ᠬᠣᠭᠣᠯᠠ ᠪᠤᠳᠠᠭᠠᠨ ᠳ᠋ᠤᠨᠢ ᠴᠥᠮ ᠡᠯᠡᠰᠦ ᠬᠤᠯᠢᠬᠳᠠᠭᠰᠠᠨ ᠪᠠᠢᠪᠠ ᠃ ᠡᠢᠮᠦᠷᠬᠦᠤ ᠶᠠᠪᠤᠳᠠᠯ ᠦᠷᠭᠦᠯᠵᠢ ᠲᠤᠬᠢᠶᠠᠯᠳᠤᠵᠦ ᠂ ᠵᠠᠷᠢᠮ ᠬᠥᠮᠦᠨ ᠲᠡᠰᠴᠦ ᠲᠡᠢᠯᠬᠦ ᠦᠬᠡᠢ ᠬᠠᠶᠠᠭᠠᠳ ᠶᠠᠪᠤᠭᠰᠠᠨ ᠪᠣᠯᠪᠠᠴᠤ᠌ ᠯᠢᠦ ᠶᠦᠩ ᠱᠧᠩ ᠬᠠᠳᠠᠭᠤ ᠵᠤᠷᠢᠭ ᠢ᠋ ᠪᠠᠷᠢᠨ ᠦᠯᠡᠳᠡᠵᠡᠶ ᠃

ᠲᠤᠬᠠᠢ ᠢ᠋ᠢᠨ ᠦᠶ᠎ᠡ ᠳ᠋ᠤ ᠲᠦᠷᠦᠯ ᠵᠦᠢᠯ ᠤ᠋ᠨ ᠲᠣᠭᠣᠷᠢᠭ ᠲᠡᠬᠢ ᠠᠩᠬᠠᠳᠠᠭ᠍ᠴᠢ ᠡᠯᠡᠰᠦᠨ ᠲᠤᠪᠤ ᠢ᠋ᠢ ᠲᠡᠭ᠌ᠰᠢᠯᠡᠬᠦ᠌ ᠢ᠋ᠢᠨ ᠲᠥᠯᠥᠭᠡ 6 ᠱᠢᠷᠣᠢ ᠲᠦᠯᠬᠢᠬᠦ᠌ ᠮᠠᠱᠢᠨ ᠵᠢᠡᠷ ᠪᠦᠳᠦᠨ 24 ᠡᠳᠦᠷ ᠠᠵᠢᠯᠯᠠᠪᠠ ᠃ ᠤᠰᠤ ᠳᠠᠮᠵᠢᠭᠤᠯᠬᠤ ᠭᠤᠤᠯ ᠬᠤᠭᠤᠯᠠᠢ ᠵᠢ ᠲᠡᠪᠢᠰᠬᠦ ᠢ᠋ᠢᠨ ᠲᠥᠯᠥᠭᠡ 16 ᠲᠣᠮᠣ ᠬᠡᠯᠪᠡᠷᠢ ᠢ᠋ᠢᠨ ᠮᠠᠯᠲᠠᠭᠤᠷ ᠮᠠᠱᠢᠨ ᠂ ᠱᠢᠷᠣᠶ ᠲᠦᠯᠬᠢᠬᠦ᠌ ᠮᠠᠱᠢᠨ ᠪᠠ ᠲᠡᠭᠡᠭᠡᠪᠦᠷᠢ ᠢ᠋ᠢᠨ ᠮᠠᠰᠢᠨ ᠵᠢᠡᠷ 5 ᠰᠠᠷ᠎ᠠ ᠠᠵᠢᠯᠯᠠᠪᠠ᠃ ᠨᠢᠭᠡ ᠡᠪᠦᠯ ᠴᠢᠷᠮᠠᠢᠭᠠᠳ ᠴᠠᠭᠠᠨ ᠲᠤᠭᠤᠢ ᠲᠤᠬᠤᠢ ᠳ᠋ᠤ ᠵᠠᠮ ᠂ ᠤᠰᠤ ᠂ ᠴᠠᠬᠢᠯᠭᠠᠨ ᠴᠦᠮ ᠨᠡᠪᠲᠡᠷᠡᠵᠦ᠍ ᠂ ᠶᠡᠬᠡ ᠬᠡᠪᠴᠢᠶ᠎ᠠ ᠪᠡᠷ ᠨᠣᠭᠣᠭᠠᠷᠠᠭᠤᠯᠤᠯᠲᠠ ᠬᠢᠬᠦ ᠰᠠᠭᠤᠷᠢ ᠢ᠋ᠢ ᠲᠠᠯᠪᠢᠭᠰᠠᠨ ᠪᠠᠢᠨ᠎ᠠ᠃

ᠰᠠᠯᠬᠢ ᠶᠡᠬᠡᠳᠠᠢ ᠡᠯᠡᠰᠦᠨ ᠴᠦᠯ ᠳ᠋ᠤ ᠮᠣᠳᠣ ᠲᠠᠷᠢᠬᠤ ᠳ᠋ᠤ ᠬᠦᠴᠢᠷᠳᠡᠯ ᠶᠡᠬᠡ ᠪᠠᠢᠬᠤ ᠨᠢ ᠮᠡᠳᠡᠭᠡᠵᠢ ᠵᠢᠨ ᠤᠴᠢᠷ᠃ ᠬᠦᠪᠰᠤᠭᠡᠷ ᠵᠥᠭᠡᠯᠡᠨ ᠡᠯᠡᠰᠦᠨ ᠳ᠋ᠤ ᠨᠦᠬᠡ ᠤᠬᠤᠬᠤ ᠳ᠋ᠤ ᠡᠷᠭᠢᠨ ᠲᠣᠭᠣᠷᠢᠨ ᠤ᠋ ᠡᠯᠡᠰᠦ ᠨᠦᠬᠡᠨ ᠳ᠋ᠤ ᠢᠪᠡᠷᠡᠨ ᠤᠷᠤᠵᠤ ᠢᠷᠡᠨ᠎ᠠ᠃ ᠡᠢᠮᠤ ᠡᠴᠡ ᠡᠯᠡᠰᠦ ᠢ᠋ᠢ ᠵᠠᠰᠠᠬᠤ ᠠᠵᠢᠯᠴᠢᠳ ᠤᠷᠢᠳ ᠢ᠋ᠢᠡᠷ ᠭᠠᠵᠠᠷ ᠤ᠋ᠨ ᠭᠠᠳᠠᠷᠭᠤ ᠢ᠋ᠢ ᠤᠰᠤᠯᠠᠨ ᠨᠣᠷᠭᠠᠵᠤ ᠳᠠᠷᠠᠭ᠎ᠠ ᠨᠢ ᠰᠠᠶᠢ ᠨᠦᠬᠡ ᠤᠬᠤᠳᠠᠭ᠃ ᠮᠣᠳᠣᠨ ᠤ᠋ ᠲᠥᠷᠥᠯ ᠢ᠋ ᠰᠣᠩᠭᠣᠬᠤ ᠳ᠋ᠠᠭᠠᠨ ᠴᠤ᠌ ᠭᠠᠩ ᠳ᠋ᠤ ᠲᠡᠰᠪᠦᠷᠢᠲᠡᠶ᠂ ᠦᠨᠳᠦᠰᠦᠨ ᠤ᠋ ᠱᠢᠰᠲ᠋ᠧᠮ ᠨᠢ ᠬᠥᠭ᠌ᠵᠢᠭ᠌ᠰᠡᠨ ᠵᠢᠭᠠᠷᠲᠤ ᠨᠠᠷᠠᠰᠤ᠂ ᠭᠠᠴᠤᠷ᠎ᠠ᠂ ᠮᠠᠩᠭᠢᠷ ᠴᠢᠪᠠᠭ᠎ᠠ᠂ ᠱᠢᠮᠡᠯᠳᠡᠭ ᠵᠡᠷᠭᠡ ᠲᠤᠷᠤᠭ ᠮᠤᠳᠤ ᠪᠤᠳᠠᠯᠢᠭ ᠮᠣᠳᠣ ᠪᠠᠷ ᠭᠣᠣᠯᠯᠠᠬᠤ ᠵᠢ ᠱᠠᠭᠠᠷᠳᠠᠨ᠎ᠠ᠃

《ᠬᠡᠳᠦᠢᠪᠡᠷ ᠡᠢᠮᠦ᠍ ᠪᠣᠯᠪᠠᠴᠤ ᠪᠢᠳᠡᠨ ᠤ᠋ ᠳᠦᠷᠦᠭᠦᠤ ᠡᠳᠦᠷ ᠤ᠋ᠨ ᠲᠠᠷᠢᠭᠰᠠᠨ ᠮᠤᠳᠤ ᠳᠠᠷᠠᠭ᠎ᠠ ᠡᠳᠦᠷ ᠤ᠋ᠨ ᠳᠤᠭᠰᠢᠨ ᠰᠠᠯᠬᠢ ᠳ᠋ᠤ ᠦᠨᠳᠦᠰᠦ ᠪᠡᠷ ᠢ᠋ᠢᠡᠨ ᠪᠤᠯᠭᠤᠷᠠᠨ ᠤᠨᠠᠲᠠᠬ ᠤᠴᠢᠷ ᠪᠠᠢᠩᠭᠤ ᠲᠤᠬᠢᠶᠠᠯᠳᠤᠳᠠᠭ》 ᠭᠡᠵᠦ᠍ ᠯᠢᠦ ᠶᠦᠩ ᠱᠧᠩ ᠬᠡᠯᠡᠨ᠎ᠠ᠃ ᠲᠡᠷᠡ ᠬᠡᠯᠡᠬᠦ ᠳ᠋ᠡᠭᠡᠨ᠂ ᠬᠦᠴᠢᠷ ᠪᠡᠷᠬᠡᠱᠢᠶᠡᠯ ᠲᠤᠯᠭᠠᠷᠠᠬᠤ ᠪᠦᠷᠢ ᠬᠠᠮᠲᠤ ᠠᠵᠢᠯᠯᠠᠭ᠍ᠰᠠᠳ ᠬᠠᠷᠢᠯᠴᠠᠨ ᠵᠣᠷᠢᠭ᠍ᠵᠢᠭᠤᠯᠵᠤ᠂ ᠤᠯᠠᠨ ᠢ᠋ᠢᠡᠷ ᠵᠢᠡᠨ ᠢᠳᠡᠪᠬᠢᠲᠡᠢ ᠪᠡᠷ ᠰᠡᠳᠭᠢᠴᠡ ᠪᠡᠨ ᠬᠤᠪᠢᠷᠠᠭᠤᠯᠤᠨ᠂ ᠡᠯᠡᠰᠦ ᠢ᠋ᠢ ᠲᠣᠭ᠍ᠲᠠᠪᠤᠷᠢᠵᠢᠭᠤᠯᠬᠤ ᠡᠴᠡ ᠭᠠᠷᠳᠠᠨ ᠡᠪᠡᠰᠦᠨ ᠲᠣᠣᠷ ᠳᠠᠷᠤᠵᠤ᠂ ᠡᠯᠡᠰᠦᠨ ᠬᠠᠯᠬᠠᠪᠴᠢ ᠭᠠᠷᠭᠠᠨ ᠪᠦᠷᠦᠢ ᠲᠠᠰᠤᠷᠠᠳᠠᠯ᠎ᠠ ᠶᠠᠭᠠᠷᠠᠯᠳᠤᠳᠠᠭ ᠶᠤᠮ᠃

ᠦᠬᠠᠶ ᠬᠣᠲᠠ ᠢ᠋ᠢᠨ ᠵᠢᠯ ᠤ᠋ᠨ ᠳᠤᠮᠳᠠᠴᠢ ᠬᠤᠷ᠎ᠠ ᠲᠤᠨᠳᠠᠰᠤᠨ ᠤ᠋ ᠬᠤᠷᠠᠮᠳᠤᠯ ᠤ᠋ᠨ ᠬᠡᠮᠵᠢᠶ᠎ᠡ ᠵᠦᠪᠬᠡᠨ 100 ᠮᠢᠯᠢᠮᠧᠲ᠋ᠷ ᠪᠠᠢᠵᠤ ᠂ ᠳᠤᠮᠳᠠᠴᠢ ᠠᠭᠤᠷᠱᠢᠯᠲᠠ ᠢ᠋ᠢᠨ ᠬᠡᠮᠵᠢᠶ᠎ᠡ ᠨᠢ ᠬᠠᠷᠢᠨ 3400 ᠮᠢᠯᠢᠮᠧᠲ᠋ᠷ ᠲᠦ᠍ ᠬᠦᠷᠳᠡᠭ ᠂ ᠬᠤᠷ᠎ᠠ ᠲᠤᠨᠳᠠᠰᠤ ᠬᠦᠨᠳᠦ ᠨᠣᠴᠢᠲᠠᠶ ᠳᠤᠲᠠᠭᠳᠠᠬᠤ ᠤᠴᠢᠷ ᠡᠴᠡ ᠮᠣᠳᠣ ᠨᠢᠭᠡᠪᠦᠷᠢ ᠢ᠋ᠢ ᠴᠥᠮ ᠬᠥᠮᠦᠨ ᠤ᠋ ᠬᠦᠴᠦ᠍ ᠪᠡᠷ ᠤᠰᠤᠯᠠᠬᠤ ᠴᠢᠬᠤᠯᠠᠳᠠᠢ ᠶᠤᠮ ᠃ ᠤᠰᠤᠯᠠᠯᠲᠠ ᠢ᠋ᠢᠨ ᠬᠦᠴᠢᠷ ᠠᠰᠠᠭᠤᠳᠠᠯ ᠢ᠋ ᠱᠢᠶ᠋ᠳᠪᠦᠷᠢᠯᠡᠵᠤ ᠲᠠᠢᠯᠬᠦ ᠡᠰᠡᠬᠦ ᠨᠢ ᠭᠠᠨᠳ᠋ᠠᠷᠢ ᠠᠭᠤᠯᠠ ᠢ᠋ᠢᠨ ᠠᠮᠢ ᠠᠬᠤᠢ ᠢ᠋ᠢᠨ ᠨᠣᠭᠣᠭᠠᠷᠠᠭᠤᠯᠤᠯᠲᠠ ᠳ᠋ᠤ ᠠᠮᠵᠢᠯᠲᠠ ᠣᠯᠵᠤ ᠴᠢᠳᠠᠬᠤ ᠡᠰᠡᠬᠦ᠌ ᠢ᠋ᠢᠨ ᠵᠠᠩᠭᠢᠯᠠᠭ᠎ᠠ ᠪᠤᠯᠪᠠ ᠃ ᠢᠡᠭᠭᠢᠭᠡᠳ ᠦᠬᠠᠶ ᠬᠣᠲᠠ ᠬᠥᠭᠡᠷᠭᠡ ᠢ᠋ᠢᠨ ᠥᠷᠲᠡᠭᠡ ᠪᠠᠢᠭᠤᠯᠵᠤ ᠤᠰᠤᠨ ᠬᠣᠭᠣᠯᠠᠶ ᠤᠭᠰᠠᠷᠠᠬᠤ ᠪᠠᠷ ᠳᠡᠮᠵᠢᠨ ᠬᠠᠲᠤᠨ ᠭᠤᠤᠯ ᠡᠴᠡ ᠤᠰᠤ ᠲᠠᠲᠠᠬᠤ ᠢ᠋ᠢᠨ ᠬᠠᠮᠲᠤ ᠳᠤᠰᠤᠯᠭᠠᠨ ᠤᠰᠤᠯᠠᠬᠤ ᠂ ᠰᠦᠷᠴᠢᠨ ᠤᠰᠤᠯᠠᠬᠤ ᠮᠡᠷᠭᠡᠵᠢᠯ ᠢ᠋ ᠶᠡᠬᠡ ᠪᠡᠷ ᠳᠡᠯᠭᠡᠷᠡᠭᠦᠯᠵᠦ᠍ ᠂ ᠲᠠᠷᠢᠭᠰᠠᠨ ᠮᠤᠳᠤᠨ ᠤ᠋ ᠪᠠᠨ ᠡᠳᠡᠬᠡᠷᠡᠯᠳᠠ ᠪᠤᠢᠵᠢᠯᠲᠠ ᠢ᠋ᠢᠨ ᠨᠣᠷᠮ᠎ᠠ ᠢ᠋ᠢ ᠪᠠᠲᠤᠯᠠᠬᠤ ᠢ᠋ᠢᠨ ᠬᠠᠮᠲᠤ ᠤᠰᠤᠨ ᠤ᠋ ᠡᠬᠢ ᠪᠠᠶᠠᠯᠢᠭ ᠢ᠋ ᠶᠡᠬᠡ ᠪᠡᠷ ᠠᠷᠪᠢᠯᠠᠪᠠ ᠃

ᠦᠬᠠᠶ ᠬᠣᠲᠠ ᠢ᠋ᠢᠨ ᠣᠶ ᠱᠢᠭᠤᠶ ᠪᠠ ᠨᠤᠲᠤᠭ ᠪᠡᠯᠴᠢᠭᠡᠷ ᠤ᠋ᠨ ᠪᠥᠲᠥᠭᠡᠨ ᠪᠠᠢᠭᠤᠯᠤᠯᠲᠠ ᠢ᠋ᠢᠨ  ᠦᠶ᠋ᠯᠡᠴᠢᠯᠡᠭᠡᠨ ᠤ᠋ ᠲᠥᠪ ᠤ᠋ᠨ ᠳᠡᠳ᠋ ᠡᠷᠬᠢᠯᠡᠭ᠌ᠴᠢ ᠵᠠᠩ ᠠᠶ ᠵᠢᠶᠦ᠋ᠨ ᠰᠤᠷᠪᠤᠯᠵᠢᠯᠠᠭ᠍ᠴᠢ ᠳ᠋ᠤ ᠬᠡᠯᠡᠬᠦ᠌ ᠳ᠋ᠡᠭᠡᠨ᠂ ᠤᠳᠤ ᠭᠠᠨᠳᠠᠷᠢ ᠠᠭᠤᠯᠠᠨ ᠳ᠋ᠤ ᠤᠭ᠍ᠰᠠᠷᠠᠭ᠍ᠰᠠᠨ ᠳᠤᠰᠤᠯᠭᠠᠨ ᠤᠰᠤᠯᠠᠬᠤ ᠬᠣᠭᠣᠯᠠᠶ ᠢ᠋ᠢᠨ ᠪᠥᠬᠥ᠌ ᠣᠷᠳᠣ ᠨᠢ 400 ᠲᠦᠮᠡᠨ ᠮᠧᠲ᠋ᠷ ᠢ᠋ ᠲᠠᠪᠠᠵᠤ ᠂ ᠨᠢᠭᠡ ᠰᠠᠭᠤᠷᠢ ᠮᠣᠳᠣ᠂ ᠨᠢᠭᠡ ᠢᠮᠠᠬᠤ ᠡᠪᠡᠰᠦ ᠢ᠋ᠢ ᠴᠤ᠌ ᠨᠠᠷᠢᠯᠢᠭ ᠣᠨᠣᠴᠠᠲᠠᠶ ᠤᠰᠤᠯᠠᠵᠤ ᠲᠠᠢᠯᠬᠦ ᠪᠤᠯᠵᠠᠢ ᠃ ᠡᠭᠦᠨ ᠤ᠋ ᠬᠠᠮᠲᠤ ᠴᠠᠭ ᠢ᠋ ᠤᠷᠲᠤᠳᠭᠠᠨ ᠤᠰᠤᠯᠠᠬᠤ᠂ ᠣᠷᠣᠨ ᠬᠤᠪᠢᠶᠠᠨ ᠤᠰᠤᠯᠠᠬᠤ ᠵᠡᠷᠭᠡ ᠠᠷᠭ᠎ᠠ ᠬᠡᠮᠵᠢᠶ᠎ᠡ ᠢ᠋ᠢ ᠢᠳᠡᠪᠬᠢᠲᠡᠶ ᠠᠬᠢᠭᠤᠯᠵᠤ᠂ ᠤᠰᠤᠨ ᠤ᠋ ᠡᠬᠢ ᠪᠠᠶᠠᠯᠢᠭ ᠢ᠋ ᠬᠠᠮᠤᠭ ᠤ᠋ᠨ ᠶᠡᠬᠡ ᠬᠡᠮᠵᠢᠶ᠎ᠡ ᠪᠡᠷ ᠠᠷᠪᠢᠯᠠᠪᠠ᠃ ᠣᠯᠠᠨ ᠵᠢᠯ ᠤ᠋ᠨ ᠬᠡᠮᠵᠢᠨ ᠲᠣᠭ᠍ᠲᠠᠭᠠᠯᠲᠠ ᠢ᠋ᠢ ᠦᠨᠳᠦᠰᠦᠯᠡᠪᠡᠯ᠂ ᠳᠤᠰᠤᠯᠭᠠᠨ ᠤᠰᠤᠯᠠᠵᠤ ᠣᠢᠵᠢᠭᠤᠯᠤᠯᠲᠠ ᠬᠢᠬᠦ ᠨᠢ ᠲᠠᠷᠢᠭᠰᠠᠨ ᠮᠤᠳᠤᠨ ᠤ᠋ ᠡᠳᠡᠬᠡᠷᠡᠯᠳᠠ ᠵᠢᠨ ᠨᠣᠷᠮ᠎ᠠ ᠪᠣᠯᠤᠨ ᠤᠢ ᠮᠤᠳᠤᠨ ᠤ᠋ ᠬᠠᠳᠠᠭᠠᠯᠠᠯᠲᠠ ᠢ᠋ᠢᠨ ᠨᠣᠷᠮ᠎ᠠ ᠵᠢ ᠲᠤᠰᠪᠤᠷᠢ 90% ᠪᠠ 80% ᠡᠴᠡ ᠳᠡᠭᠡᠭ᠌ᠰᠢ ᠬᠦᠷᠬᠡᠵᠤ ᠂ ᠨᠡᠯᠦᠢᠲᠡᠯ᠎ᠠ ᠤᠰᠤᠯᠠᠬᠤ ᠲᠠᠶ ᠬᠠᠷᠢᠴᠠᠭᠤᠯᠪᠠᠯ ᠮᠤ᠌ ᠪᠦᠷᠢ ᠢ᠋ᠢᠨ ᠨᠢᠭᠡ ᠯᠡ ᠤᠳᠠᠭ᠎ᠠ ᠢ᠋ᠢᠨ ᠤᠰᠤᠯᠠᠯᠲᠠ ᠢ᠋ᠢᠨ ᠬᠡᠮᠵᠢᠶ᠎ᠡ ᠢ᠋ᠢ 60 ᠲᠣᠨ ᠪᠠᠢᠭ᠍ᠰᠠᠨ ᠡᠴᠡ 12 ᠲᠣᠨ ᠪᠣᠯᠭᠠᠨ ᠪᠠᠭᠤᠷᠠᠭᠤᠯᠵᠤ ᠂ ᠬᠡᠷᠡᠭᠯᠡᠬᠦ ᠤᠰᠤ ᠢ᠋ᠢ 80% ᠪᠡᠷ ᠠᠷᠪᠢᠯᠠᠬᠤ ᠪᠤᠯᠤᠭᠰᠠᠨ ᠪᠠᠢᠨ᠎ᠠ ᠃

18 ᠵᠢᠯ ᠨᠢᠳᠤ ᠢᠷᠮᠡᠬᠦ ᠢ᠋ᠢᠨ ᠵᠠᠭᠤᠷ᠎ᠠ ᠥᠩᠭᠡᠷᠡᠴᠢᠬᠡᠭᠰᠡᠨ ᠰᠢᠭ ᠰᠠᠨᠠᠭᠳᠠᠨ᠎ᠠ᠂ ᠯᠢᠦ ᠶᠦᠩ ᠱᠧᠩ ᠪᠣᠯᠤᠨ ᠲᠡᠭᠦᠨ ᠤ᠋ ᠬᠠᠮᠲᠤ ᠠᠵᠢᠯᠯᠠᠭ᠍ᠰᠠᠳ ᠮᠥᠨ ᠬᠦ᠌ ᠭᠠᠨᠳᠠᠷᠢ ᠠᠭᠤᠯᠠᠨ ᠳ᠋ᠡᠬᠢ ᠣᠶ ᠮᠣᠳᠣ ᠡᠪᠡᠰᠦ ᠤᠷᠭᠤᠮᠠᠯ ᠵᠢᠡᠨ ᠬᠠᠮᠢᠶᠠᠷᠤᠨ ᠬᠠᠮᠠᠭᠠᠯᠠᠵᠤ᠂ ᠰᠠᠯᠬᠢ ᠱᠢᠭᠤᠷᠭ᠎ᠠ ᠪᠠ ᠱᠢᠲᠠᠮ᠎ᠠ ᠨᠡᠷᠡᠨ ᠳ᠋ᠤ ᠬᠠᠷᠠᠯᠠᠵᠤ ᠪᠤᠷᠤᠯᠠᠲᠠᠯ᠎ᠠ ᠠᠵᠢᠯᠯᠠᠭᠰᠠᠭᠠᠷ᠃ ᠬᠠᠷᠢᠨ ᠥᠩᠭᠡᠷᠡᠭ᠌ᠰᠡᠨ ᠤ᠋ ᠴᠠᠭᠠᠨ ᠲᠤᠭᠤᠢ ᠲᠤᠬᠤᠢ ᠤᠳᠤ ᠨᠤᠮᠢᠨ ᠨᠣᠭᠣᠭᠠᠨ ᠤᠷᠳᠤ ᠬᠣᠩᠭᠢᠯ ᠪᠤᠯᠤᠨ ᠬᠤᠪᠢᠷᠠᠴᠢᠬᠠᠵᠠᠢ᠃

ᠣᠲᠣ ᠭᠠᠨᠳᠠᠷᠢ ᠠᠭᠤᠯᠠᠨ ᠳ᠋ᠤ ᠨᠢᠭᠡᠨᠲᠡ 2.8 ᠲᠦᠮᠡᠨ ᠮᠥ᠍ ᠤᠢ ᠮᠤᠳᠤ ᠲᠠᠢ ᠪᠤᠯᠵᠤ᠂ ᠣᠶ ᠱᠢᠭᠤᠶ ᠢ᠋ᠢᠨ ᠪᠦᠷᠬᠦᠴᠡ ᠵᠢᠨ ᠨᠤᠷᠮ᠎ᠠ ᠨᠢ 0 ᠪᠠᠢᠭᠰᠠᠨ ᠡᠴᠡ ᠪᠠᠨ 54.6% ᠳ᠋ᠤ ᠬᠦᠷᠴᠠᠢ᠃ 2004 ᠣᠨ ᠤ᠋ ᠳᠠᠭᠠᠭᠤᠯᠢ ᠣᠳᠣᠨ ᠤ᠋ ᠵᠢᠷᠤᠭ ᠢ᠋ ᠣᠳᠣ ᠢ᠋ᠢᠨ ᠳᠠᠭᠠᠭᠤᠯᠢ ᠣᠳᠣᠨ ᠤ᠋ ᠵᠢᠷᠤᠭ ᠲᠠᠶ ᠬᠠᠷᠢᠴᠠᠭᠤᠯᠪᠠᠯ᠂ ᠭᠠᠨᠳᠠᠷᠢ ᠠᠭᠤᠯᠠ ᠦᠪᠴᠢ ᠳ᠋ᠡᠬᠡᠨ ᠨᠣᠭᠣᠭᠠᠨ ᠥᠩᠭᠡ ᠪᠡᠷ ᠬᠤᠴᠢᠬᠳᠠᠬᠰᠠᠨ ᠪᠠᠢᠨ᠎ᠠ ᠃ ᠬᠡᠳᠦᠨ ᠵᠢᠯ ᠤ᠋ᠨ ᠡᠮᠦᠨ᠎ᠠ ᠂ ᠴᠠᠭᠠᠨ ᠲᠤᠭᠤᠢ ᠲᠤᠬᠤᠢ ᠢ᠋ᠢ ᠵᠢᠩᠬᠢᠨᠢ ᠪᠡᠷ ᠭᠠᠨᠳᠠᠷᠢ ᠠᠭᠤᠯᠠ ᠢ᠋ᠢᠨ ᠠᠮᠢ ᠠᠬᠤᠢ ᠢ᠋ᠢᠨ ᠪᠣᠯᠪᠠᠰᠤᠨ ᠤ᠋ ᠦᠵᠡᠮᠵᠢ ᠢ᠋ᠢᠨ ᠣᠷᠣᠨ ᠢ᠋ᠢᠡᠷ ᠨᠡᠷᠡᠢᠳᠴᠦ ᠂ ᠨᠢᠬᠡᠨᠳᠡ ᠦᠬᠠᠢ ᠬᠤᠳᠠ ᠢ᠋ᠢᠨ ᠵᠢᠭᠤᠯᠴᠢᠯᠡᠯ ᠤ᠋ᠨ ᠦᠵᠡᠮᠵᠢᠲᠤ ᠤᠷᠤᠨ ᠪᠤᠯᠤᠭᠰᠠᠨ ᠪᠢᠯᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠮᠦᠩᠭᠦᠨᠬᠤᠸᠠᠷ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号