《 ᠤᠮᠠᠷᠠᠲᠤ ᠵᠢᠨ ᠭᠤᠷᠪᠠᠨ ᠤᠷᠤᠨ 》 ᠳ᠋ᠡᠬᠢ ᠰᠢᠷᠦᠬᠦᠨ ᠲᠠᠢᠯᠠᠯᠳᠤᠭᠠᠨ
2024-06-03 09:39:47
ᠵᠣᠬᠢᠶᠠᠭ᠍ᠴᠢ᠄
ᠷᠧᠨ ᠬᠤᠢ ᠪᠢᠨ ᠯᠢ ᠶᠦᠨ ᠫᠢᠩ ᠸᠠᠩ ᠰᠢᠤᠸᠠᠢ ᠪᠢᠩ ᠯᠢᠶᠠᠨ ᠵᠧᠨ ᠾᠧ ᠱᠣ᠌ ᠴᠧᠨ ᠵᠠᠩ ᠱᠧᠩ
ᠣᠩᠱᠢᠭ᠍ᠰᠠᠨ ᠣᠳᠠᠭ᠎ᠠ᠄
★★★☆☆

《ᠱᠢᠨᠬᠤᠸᠠ ᠡᠳᠦᠷ ᠪᠦᠷᠢ ᠶ᠋ᠢᠨ ᠴᠠᠬᠢᠯᠭᠠᠨ ᠮᠡᠳᠡᠭᠡ》 ᠵᠢᠨ ᠲᠦᠷᠦᠭᠦᠦ ᠨᠢᠭᠤᠷ ᠤ᠋ᠨ ᠲᠦᠷᠦᠬᠦᠦ ᠰᠡᠳᠦᠪ ᠵᠢᠡᠷ ᠴᠢᠬᠤᠯᠠ ᠵᠣᠬᠢᠶᠠᠯ ᠨᠡᠢᠲᠡᠯᠡᠪᠡ



《 ᠤᠮᠠᠷᠠᠲᠤ ᠵᠢᠨ ᠭᠤᠷᠪᠠᠨ ᠤᠷᠤᠨ 》 ᠳ᠋ᠡᠬᠢ ᠰᠢᠷᠦᠬᠦᠨ ᠲᠠᠢᠯᠠᠯᠳᠤᠭᠠᠨ



ᠲᠦᠮᠡᠨ ᠪᠣᠳᠠᠰ ᠠᠮᠢᠵᠢᠷᠠᠯ ᠤ᠋ᠨ ᠬᠦᠴᠦᠨ ᠵᠢᠡᠷ ᠪᠢᠯᠬᠠᠵᠤ ᠂ ᠵᠤᠨ ᠤ᠋ ᠦᠵᠡᠮᠵᠢ ᠦᠳᠭᠡᠷᠡᠯ᠎ᠡ ᠃ ᠮᠠᠨ ᠤ᠋ ᠤᠯᠤᠰ ᠤ᠋ᠨ ᠪᠠᠷᠠᠭᠤᠨ ᠬᠣᠢᠲᠤ ᠣᠷᠣᠨ ᠂ ᠤᠮᠠᠷᠠᠲᠤ ᠣᠷᠣᠨ ᠂ ᠵᠡᠭᠦᠨ ᠬᠣᠢᠲᠤ ᠣᠷᠣᠨ ᠢ᠋ ᠬᠥᠨᠳᠡᠯᠢᠰᠦᠭ᠌ᠰᠡᠨ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠳ᠋ᠤ ᠵᠡᠭᠦᠨ ᠡᠴᠡ ᠪᠠᠷᠠᠭᠤᠨᠰᠢ 2000 ᠭᠠᠷᠤᠢ ᠺᠢᠯᠤᠮᠸᠲᠷ ᠠᠯᠤᠰᠯᠠᠭ᠍ᠰᠠᠨ ᠡᠯᠡᠰᠦᠨ ᠲᠠᠯᠠᠢ ᠶ᠋ᠢᠨ ᠬᠤᠷᠴᠠ ᠱᠢᠷᠦᠭᠦᠨ ᠳᠠᠢᠯᠠᠯᠳᠤᠭᠠᠨ ᠤ᠋ ᠲᠠᠭᠠᠷᠢᠯᠳᠠ ᠶ᠋ᠢᠨ ᠪᠦᠷᠢᠶ᠎ᠡ ᠠᠯᠢ ᠡᠷᠲᠡ ᠬᠠᠩᠭᠢᠨᠠᠪᠠ ᠃

ᠮᠠᠨ ᠤ᠋ ᠤᠯᠤᠰ ᠪᠣᠯ ᠳᠡᠯᠡᠬᠡᠢ ᠳᠡᠭᠡᠷᠡᠬᠢ ᠴᠦᠯᠯᠡᠷᠭᠡᠭ᠌ᠵᠢᠯ ᠬᠠᠮᠤᠭ ᠤ᠋ᠨ ᠬᠦᠨᠳᠦ ᠨᠣᠴᠢᠲᠠᠢ ᠤᠯᠤᠰ ᠤ᠋ᠨ ᠨᠢᠭᠡ ᠪᠣᠯᠤᠨ᠎ᠠ᠂ ᠴᠦᠯᠯᠡᠷᠭᠡᠭ᠌ᠵᠢᠭ᠌ᠰᠡᠨ ᠭᠠᠵᠠᠷ ᠱᠢᠷᠣᠢ ᠭᠣᠣᠯᠳᠠᠭᠤ《ᠤᠮᠠᠷᠠᠲᠤ ᠶ᠋ᠢᠨ ᠭᠤᠷᠪᠠᠨ ᠣᠷᠣᠨ》 ᠳ᠋ᠤ ᠲᠠᠷᠬᠠᠵᠤ᠂ ᠣᠷᠣᠨ ᠪᠦᠰᠡ ᠶ᠋ᠢᠨ ᠠᠵᠤ ᠠᠬᠤᠢ ᠶ᠋ᠢᠨ ᠬᠥᠭ᠌ᠵᠢᠯᠲᠡ᠂ ᠳᠤᠮᠳᠠᠳᠤ ᠶ᠋ᠢᠨ ᠦᠨᠳᠦᠰᠦᠲᠡᠨ ᠤ᠋ ᠣᠷᠣᠱᠢᠨ ᠲᠣᠭ᠍ᠲᠠᠨᠢᠵᠤ ᠬᠥᠭ᠌ᠵᠢᠬᠦ ᠳ᠋ᠤ ᠥᠷᠢᠰᠥᠯᠳᠦᠭᠡᠨ ᠪᠤᠯᠵᠤ ᠪᠠᠢᠨ᠎ᠠ᠃ ᠨᠢᠳᠤᠨᠤᠨ ᠤ᠋ 6 ᠰᠠᠷ᠎ᠠ ᠳ᠋ᠤ ᠴᠦᠯᠯᠡᠷᠭᠡᠭ᠌ᠵᠢᠯ ᠢ᠋ ᠶᠡᠷᠦᠩᠬᠡᠢᠯᠡᠨ ᠰᠡᠷᠭᠡᠢᠯᠡᠨ ᠵᠠᠰᠠᠬᠤ ᠶ᠋ᠢ ᠴᠢᠩᠭᠠᠳᠭᠠᠬᠤ ᠪᠠ《ᠤᠮᠠᠷᠠᠲᠤ ᠵᠢᠨ ᠭᠤᠷᠪᠠᠨ ᠤᠷᠤᠨ》ᠵᠡᠷᠭᠡ ᠭᠣᠣᠯᠳᠠᠯᠭ᠎ᠠ ᠲᠠᠶ ᠠᠮᠢ ᠠᠬᠤᠢ ᠶ᠋ᠢᠨ ᠢᠨᠵᠧᠨᠧᠷᠢᠩ ᠤ᠋ᠨ ᠪᠦᠳᠦᠭᠡᠨ ᠪᠠᠢᠭᠤᠯᠤᠯᠲᠠ ᠶ᠋ᠢ ᠠᠬᠢᠭᠤᠯᠬᠤ ᠶᠠᠷᠢᠯᠴᠠᠬᠤ ᠬᠤᠷᠠᠯ ᠥᠪᠥᠷ ᠮᠣᠩᠭᠣᠯ ᠳ᠋ᠤ ᠬᠤᠷᠠᠯᠳᠤᠵᠤ᠂《〈ᠤᠮᠠᠷᠠᠲᠤ ᠵᠢᠨ ᠭᠤᠷᠪᠠᠨ ᠤᠷᠤᠨ〉ᠤ᠋ ᠢᠨᠵᠧᠨᠧᠷᠢᠩ ᠤ᠋ᠨ ᠪᠣᠭᠣᠮᠲᠠ ᠱᠢᠪᠲᠤᠯᠬᠤ ᠳᠠᠢᠯᠠᠯᠳᠤᠭᠠᠨ ᠬᠢᠬᠦ᠌》 ᠤᠷᠢᠶᠠᠯᠠᠭ᠎ᠠ ᠭᠠᠷᠭᠠᠨ᠂ ᠬᠠᠳᠤᠨ ᠭᠣᠣᠯ ᠤ᠋ᠨ《ᠶᠡᠬᠡ ᠲᠤᠬᠤᠢ》 ᠵᠢᠨ ᠪᠣᠭᠣᠮᠲᠠ ᠱᠢᠪᠲᠤᠯᠬᠤ ᠳᠠᠢᠯᠠᠯᠳᠤᠭᠠᠨ ᠪᠣᠯᠤᠨ ᠬᠣᠷᠴᠢᠨ ᠤ᠋ ᠡᠯᠡᠰᠦᠷᠬᠡᠭ ᠭᠠᠵᠠᠷ᠂ ᠬᠤᠯᠠᠨ ᠱᠢᠷᠭ᠎ᠠ ᠲᠠᠭ᠎ᠠ ᠶ᠋ᠢᠨ ᠡᠯᠡᠰᠦᠷᠬᠡᠭ ᠭᠠᠵᠠᠷ ᠤ᠋ᠨ ᠰᠥᠨᠥᠭᠡᠯᠳᠠ ᠵᠢᠨ ᠳᠠᠢᠯᠠᠯᠳᠤᠭᠠᠨ᠂ ᠾᠸᠰᠢ ᠵᠢᠨ ᠬᠤᠩᠬᠢᠯ — ᠲᠠᠺᠯᠢᠮᠠᠺᠠᠨ ᠡᠯᠡᠰᠦᠨ ᠴᠥᠯ ᠤ᠋ᠨ ᠬᠥᠪᠡᠭᠡ ᠵᠠᠬ᠎ᠠ ᠵᠢᠨ ᠬᠣᠷᠢᠭ᠍ᠯᠠᠯᠳᠠ ᠵᠢᠨ ᠳᠠᠢᠯᠠᠯᠳᠤᠭᠠᠨ ᠤ᠋ ᠭᠤᠷᠪᠠᠨ ᠶᠡᠬᠡ ᠪᠡᠯᠭᠡ ᠲᠡᠮᠳᠡᠭ ᠤ᠋ᠨ ᠴᠢᠨᠠᠷᠲᠠᠢ ᠳᠠᠢᠯᠠᠯᠳᠤᠭᠠᠨ ᠢ᠋ ᠪᠦᠬᠦ᠌ ᠬᠦᠴᠦᠨ ᠵᠢᠡᠷ ᠵᠢᠡᠨ ᠰᠠᠢᠲᠤᠷ ᠬᠢᠬᠦ᠌ ᠪᠡᠷ ᠲᠤᠭᠳᠠᠪᠠ ᠃

ᠨᠢᠳᠤᠨᠤᠨ ᠡᠴᠡ ᠨᠠᠭᠠᠰᠢ᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠶᠠᠷᠢᠯᠴᠠᠬᠤ ᠬᠤᠷᠠᠯ ᠤ᠋ᠨ ᠵᠣᠷᠢᠭ ᠰᠠᠨᠠᠭ᠎ᠠ ᠶ᠋ᠢ ᠪᠥᠬᠥ᠌ ᠲᠠᠯ᠎ᠠ ᠪᠡᠷ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠡᠨᠡ ᠵᠢᠯ ᠪᠣᠭᠣᠮᠲᠠ ᠱᠢᠪᠲᠤᠯᠬᠤ ᠳᠠᠢᠯᠠᠯᠳᠤᠭᠠᠨ ᠢ᠋ ᠪᠥᠬᠥ᠌ ᠲᠠᠯ᠎ᠠ ᠪᠡᠷ ᠡᠬᠢᠯᠡᠭᠦᠯᠤᠨ᠂ ᠥᠷᠭᠡᠨ ᠣᠯᠠᠨ ᠺᠠᠳ᠋ᠷ ᠣᠯᠠᠨ ᠲᠦᠮᠡᠨ ᠡᠯᠡᠰᠦ ᠶ᠋ᠢ ᠵᠠᠰᠠᠬᠤ ᠡᠮᠦᠨ᠎ᠡ ᠹᠷᠣᠨᠲ ᠲᠤ᠌ ᠬᠦᠷᠴᠦ᠍᠂ ᠡᠬᠡ ᠤᠯᠤᠰ ᠤ᠋ᠨ ᠤᠮᠠᠷᠠᠲᠤ ᠶ᠋ᠢᠨ ᠡᠨᠡ ᠬᠦ᠌ ᠲᠦᠮᠡᠨ ᠭᠠᠵᠠᠷ ᠤ᠋ᠨ ᠨᠣᠮᠢᠨ ᠨᠣᠭᠣᠭᠠᠨ ᠣᠷᠳᠣ ᠴᠠᠭᠠᠨ ᠬᠡᠷᠡᠮ ᠢ᠋ ᠨᠠᠩ ᠪᠠᠲᠤ ᠪᠠᠬᠢ ᠴᠣᠭ᠍ᠴᠠᠯᠠᠬᠤ ᠪᠡᠷ ᠴᠢᠷᠮᠠᠢᠵᠠᠭᠠᠨ᠎ᠠ ᠃

ᠪᠦᠬᠦ᠌ ᠲᠠᠯ᠎ᠠ ᠪᠡᠷ ᠲᠠᠢ᠌ᠴᠢᠯᠠᠵᠥ᠍ ᠨᠢᠭᠡ ᠴᠤᠬ᠍ᠴᠠᠵᠢᠭᠤᠯᠤᠨ ᠠᠬᠢᠭᠤᠯᠪᠠ

ᠥᠪᠥᠷ ᠮᠣᠩᠭᠣᠯ ᠤ᠋ᠨ ᠬᠢᠵᠠᠭᠠᠷ ᠲᠦ᠍ ᠪᠠᠳᠠᠶ ᠶ᠋ᠢᠨ ᠵᠢᠷᠠᠨ ᠤ᠋ ᠡᠯᠡᠰᠤ᠂ ᠲᠩᠷᠢ ᠡᠯᠡᠰᠤ᠂ ᠤᠯᠠᠭᠠᠨᠪᠤᠬ᠎ᠠ ᠵᠢᠨ ᠡᠯᠡᠰᠤ᠂ ᠬᠥᠪᠴᠢ ᠵᠢᠨ ᠡᠯᠡᠰᠤ ᠵᠡᠷᠭᠡ ᠡᠯᠡᠰᠦᠨ ᠴᠥᠯ ᠵᠢᠴᠢ ᠮᠤᠤᠠᠤᠰᠤ ᠵᠢᠨ ᠡᠯᠡᠰᠦᠷᠬᠡᠭ ᠭᠠᠵᠠᠷ᠂ ᠬᠤᠯᠠᠨ ᠱᠢᠷᠭ᠎ᠠ ᠲᠠᠭ᠎ᠠ ᠵᠢᠨ ᠡᠯᠡᠰᠦᠷᠬᠡᠭ ᠭᠠᠵᠠᠷ᠂ ᠬᠣᠷᠴᠢᠨ ᠤ᠋ ᠡᠯᠡᠰᠦᠷᠬᠡᠭ ᠭᠠᠵᠠᠷ᠂ ᠬᠥᠯᠥᠨ ᠪᠣᠢᠷ ᠤ᠋ᠨ ᠡᠯᠡᠰᠦᠷᠬᠡᠭ ᠭᠠᠵᠠᠷ ᠲᠠᠷᠬᠠᠵᠤ ᠪᠤᠢ᠃ ᠠᠮᠢ ᠠᠬᠤᠢ ᠬᠡᠪᠡᠷᠡᠭ ᠣᠷᠣᠨ ᠪᠣᠯᠤᠨ ᠮᠠᠨ ᠤ᠋ ᠤᠯᠤᠰ ᠤ᠋ᠨ ᠤᠮᠠᠷᠠᠲᠤ ᠶ᠋ᠢᠨ ᠴᠢᠬᠤᠯᠠ ᠠᠮᠢ ᠠᠬᠤᠢ ᠶ᠋ᠢᠨ ᠠᠮᠤᠷ ᠲᠦᠪᠱᠢᠨ ᠤ᠋ ᠬᠠᠯᠬᠠᠪᠴᠢ ᠪᠣᠯᠤᠭ᠍ᠰᠠᠨ ᠤ᠋ ᠬᠤᠪᠢ ᠳ᠋ᠤ᠂ ᠱᠢᠨ᠎ᠡ ᠳᠤᠮᠳᠠᠳᠤ ᠤᠯᠤᠰ ᠪᠠᠢᠭᠤᠯᠤᠭ᠍ᠳᠠᠭ᠍ᠰᠠᠨ ᠡᠴᠡ ᠨᠠᠭᠠᠰᠢᠬᠢ ᠥᠪᠥᠷ ᠮᠣᠩᠭᠣᠯ ᠤ᠋ᠨ ᠺᠠᠳ᠋ᠷ ᠤᠯᠠᠨ ᠲᠦᠮᠡᠨ ᠪᠤᠤᠬᠢᠶ᠎ᠠ ᠳᠠᠮᠵᠢᠭᠤᠯᠤᠨ ᠲᠡᠮᠡᠴᠡᠵᠦ᠍᠂ ᠡᠯᠡᠰᠦᠷᠬᠡᠭ᠌ᠵᠢᠯ ᠢ᠋ ᠰᠡᠷᠭᠡᠢᠯᠡᠨ ᠡᠯᠡᠰᠦ ᠶ᠋ᠢ ᠵᠠᠰᠠᠭ᠍ᠰᠠᠨ ᠠᠮᠵᠢᠯᠲᠠ ᠨᠢ ᠬᠥᠮᠦᠰ ᠤ᠋ᠨ ᠠᠩᠬᠠᠷᠤᠯ ᠢ᠋ ᠲᠠᠲᠠᠵᠠᠢ ᠃

ᠱᠢᠨ᠎ᠡ ᠪᠠᠢᠯᠳᠤᠬᠤ ᠪᠣᠳᠣᠯᠭ᠎ᠠ ᠶ᠋ᠢᠨ ᠪᠠᠢᠷᠢᠯᠠᠭᠤᠯᠤᠯᠲᠠ ᠶ᠋ᠢ ᠰᠠᠢᠲᠤᠷ ᠨᠠᠢᠳᠠᠪᠤᠷᠢᠵᠢᠭᠤᠯᠵᠤ᠂ 《ᠤᠮᠠᠷᠠᠲᠤ ᠵᠢᠨ ᠭᠤᠷᠪᠠᠨ ᠤᠷᠤᠨ》 ᠤ᠋ ᠢᠨᠵᠧᠨᠧᠷᠢᠩ ᠤ᠋ᠨ ᠪᠣᠭᠣᠮᠲᠠ ᠱᠢᠪᠲᠤᠯᠬᠤ ᠳᠠᠢᠯᠠᠯᠳᠤᠭᠠᠨ ᠢ᠋ ᠰᠠᠢᠲᠤᠷ ᠬᠢᠵᠦ᠍ ᠢᠯᠠᠯᠲᠠ ᠤᠯᠬᠤ ᠶ᠋ᠢᠨ ᠲᠥᠯᠥᠭᠡ᠂ ᠨᠢᠳᠤᠨᠤᠨ᠎ᠤ  ᠵᠢᠯ ᠤ᠋ᠨ ᠡᠴᠦᠰ ᠲᠦ᠍ ᠬᠤᠷᠠᠯᠳᠤᠭᠤᠯᠤᠭ᠍ᠰᠠᠨ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ  ᠣᠷᠣᠨ ᠤ᠋ ᠨᠠᠮ ᠤ᠋ᠨ ᠬᠣᠷᠢᠶ᠎ᠠ ᠵᠢᠨ ᠠᠷᠪᠠᠨ ᠨᠢᠭᠡᠳᠦᠭᠡᠷ ᠬᠤᠭᠤᠴᠠᠭᠠᠨ ᠤ᠋ ᠳᠣᠯᠣᠳᠤᠭᠠᠷ ᠪᠥᠬᠥᠳᠡ ᠬᠤᠷᠠᠯ ᠡᠴᠡ ᠲᠤᠰᠭᠠᠢᠯᠠᠨ ᠡᠯᠡᠰᠦᠷᠬᠡᠭ᠌ᠵᠢᠯ ᠢ᠋ ᠰᠡᠷᠭᠡᠢᠯᠡᠨ ᠡᠯᠡᠰᠤ ᠶ᠋ᠢ ᠵᠠᠰᠠᠬᠤ ᠪᠠ ᠰᠠᠯᠬᠢᠨ ᠬᠦᠴᠦᠨ ᠤ᠋ ᠴᠠᠬᠢᠯᠭᠠᠨ ᠬᠡᠷᠡᠯᠴᠢ ᠴᠡᠨᠡᠭ ᠢ᠋ ᠨᠢᠭᠡ ᠴᠣᠭ᠍ᠴᠠᠵᠢᠭᠤᠯᠬᠤ ᠢᠨᠵᠧᠨᠧᠷᠢᠩ ᠢ᠋ ᠥᠪᠡᠷᠲᠡᠭᠡᠨ ᠵᠠᠰᠠᠬᠤ ᠣᠷᠣᠨ ᠤ᠋ ᠭᠤᠤᠯᠳᠠᠯᠭ᠎ᠠ ᠲᠠᠶ ᠢᠨᠵᠧᠨᠧᠷᠢᠩ ᠪᠣᠯᠭᠠᠪᠠ᠃

ᠵᠣᠬᠢᠶᠠᠨ ᠪᠠᠢᠭᠤᠯᠵᠤ ᠵᠢᠯᠣᠭᠣᠳᠭᠤ ᠪᠡᠨ ᠴᠢᠩᠭᠠᠳᠭᠠᠬᠤ ᠶ᠋ᠢᠨ ᠲᠥᠯᠥᠭᠡ ᠂ ᠥᠪᠥᠷ ᠮᠣᠩᠭᠣᠯ ᠪᠠᠰᠠ ᠥᠪᠡᠷᠲᠡᠭᠡᠨ ᠵᠠᠰᠠᠬᠤ ᠣᠷᠣᠨ ᠤ᠋ ᠨᠠᠮ ᠤ᠋ᠨ ᠬᠣᠷᠢᠶᠠᠨ ᠤ᠋ ᠱᠦᠵᠢ ᠪᠡᠷ ᠳᠤᠭᠤᠢᠯᠠᠩ ᠤ᠋ᠨ ᠳᠠᠷᠤᠭ᠎ᠠ ᠪᠣᠯᠭᠠᠭ᠍ᠰᠠᠨ《ᠤᠮᠠᠷᠠᠲᠤ ᠵᠢᠨ ᠭᠤᠷᠪᠠᠨ ᠤᠷᠤᠨ》ᠵᠡᠷᠭᠡ ᠭᠤᠤᠯᠳᠠᠯᠭ᠎ᠠ ᠲᠠᠶ ᠠᠮᠢ ᠠᠬᠤᠶ ᠶ᠋ᠢᠨ ᠢᠨᠵᠧᠨᠧᠷᠢᠩ ᠤ᠋ᠨ ᠪᠥᠲᠥᠭᠡᠨ ᠪᠠᠢᠭᠤᠯᠤᠯᠲᠠ ᠶ᠋ᠢ ᠠᠬᠢᠭᠤᠯᠬᠤ ᠤᠳᠤᠷᠢᠳᠭᠤ ᠳᠤᠭᠤᠢᠯᠠᠩ ᠢ᠋ ᠪᠠᠢᠭᠤᠯᠬᠤ ᠶ᠋ᠢᠨ ᠬᠠᠮᠲᠤ ᠠᠵᠢᠯ ᠤ᠋ᠨ ᠲᠤᠰᠭᠠᠶ ᠠᠩᠭᠢ ᠶ᠋ᠢ ᠵᠣᠬᠢᠶᠠᠨ ᠪᠠᠢᠭᠤᠯᠵᠤ ᠂ 《ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋〈ᠤᠮᠠᠷᠠᠲᠤ ᠵᠢᠨ ᠭᠤᠷᠪᠠᠨ ᠤᠷᠤᠨ〉 ᠤ᠋ ᠢᠨᠵᠧᠨᠧᠷᠢᠩ ᠤ᠋ᠨ ᠵᠢᠷᠭᠤᠳᠤᠭᠠᠷ ᠬᠤᠭᠤᠴᠠᠭᠠᠨ ᠤ᠋ ᠲᠥᠯᠥᠪᠵᠢᠭᠦᠯᠭᠡ(2021 — 2030 ᠣᠨ)》ᠪᠣᠯᠤᠨ ᠭᠤᠷᠪᠠᠨ ᠶᠡᠬᠡ ᠪᠡᠯᠭᠡ ᠲᠡᠮᠳᠡᠭ ᠤ᠋ᠨ ᠴᠢᠨᠠᠷᠲᠠᠶ ᠳᠠᠢᠯᠠᠯᠳᠤᠭᠠᠨ ᠤ᠋ ᠬᠡᠷᠡᠭ᠌ᠵᠢᠭᠦᠯᠬᠦ᠌ ᠲᠥᠰᠦᠯ ᠢ᠋ ᠨᠠᠢᠷᠠᠭᠤᠯᠤᠨ ᠵᠣᠬᠢᠶᠠᠵᠤ᠂ ᠪᠥᠬᠥ᠌ ᠣᠷᠣᠨ ᠤ᠋ 103 ᠬᠣᠱᠢᠭᠤ ᠱᠢᠶᠠᠨ ᠲᠣᠭᠣᠷᠢᠭ ᠢ᠋ ᠴᠥᠮ ᠬᠡᠷᠡᠭ᠌ᠵᠢᠭᠦᠯᠬᠦ᠌ ᠬᠡᠪᠴᠢᠶᠡᠨ ᠳ᠋ᠤ ᠣᠷᠣᠭᠤᠯᠪᠠ᠃

ᠥᠪᠡᠷᠲᠡᠭᠡᠨ ᠵᠠᠰᠠᠬᠤ ᠣᠷᠣᠨ ᠤ᠋ ᠨᠢᠭᠡᠳᠦᠯᠲᠡᠶ ᠵᠣᠬᠢᠶᠠᠨ ᠪᠠᠢᠭᠤᠯᠤᠯᠲᠠ ᠶ᠋ᠢᠨ ᠲᠣᠬᠢᠷᠠᠭᠤᠯᠤᠯᠲᠠ ᠳᠤᠤᠷ᠎ᠠ᠂ ᠡᠯ᠎ᠡ ᠭᠠᠵᠠᠷ ᠤ᠋ᠨ᠎ᠬᠢᠨ ᠵᠠᠰᠠᠯᠲᠠ ᠶ᠋ᠢᠨ ᠲᠥᠷᠥᠯ ᠵᠦᠶ᠋ᠯ ᠢ᠋ ᠤᠷᠢᠳᠴᠢᠯᠠᠨ ᠲᠥᠯᠥᠪᠵᠢᠭᠦᠯᠵᠦ᠍ ᠂ ᠮᠠᠱᠢᠨ ᠮᠧᠬᠠᠨᠢᠭ᠂ ᠡᠯᠡᠰᠦᠨ ᠬᠠᠯᠬᠠᠪᠴᠢ ᠶ᠋ᠢᠨ ᠲᠦᠭᠦᠬᠡᠶ ᠮᠠᠲ᠋ᠧᠷᠢᠶᠠᠯ᠂ ᠴᠢᠬᠢ ᠮᠣᠳᠣ᠂ ᠡᠪᠡᠰᠦᠨ ᠦᠷ᠎ᠡ᠂ ᠬᠥᠮᠦᠨ ᠤ᠋ ᠬᠦᠴᠦ ᠵᠡᠷᠭᠡ ᠵᠢ ᠰᠠᠢᠳᠤᠷ ᠪᠡᠯᠡᠳᠭᠡᠨ᠂ ᠭᠤᠷᠪᠠᠨ ᠶᠡᠬᠡ ᠪᠡᠯᠭᠡ ᠲᠡᠮᠳᠡᠭ ᠤ᠋ᠨ ᠴᠢᠨᠠᠷᠲᠠᠶ ᠳᠠᠢᠯᠠᠯᠳᠤᠭᠠᠨ ᠢ᠋ ᠬᠠᠪᠤᠷ ᠡᠬᠢᠯᠡᠮᠡᠭ᠌ᠴᠡ ᠪᠥᠬᠥ᠌ ᠲᠠᠯ᠎ᠠ ᠪᠡᠷ ᠡᠬᠢᠯᠡᠭᠦᠯᠬᠦ᠌ ᠶ᠋ᠢ ᠬᠦᠴᠦᠲᠡᠶ ᠪᠠᠲᠤᠯᠠᠪᠠ᠃

ᠡᠯᠡᠰᠦᠨ ᠪᠤᠷᠭᠠᠰᠤ ᠣᠭ᠍ᠲᠣᠯᠤᠨ᠎ᠠ ᠂ ᠭᠤᠤ ᠰᠤᠪᠠᠭ ᠮᠠᠯᠲᠠᠨ᠎ᠠ ᠂ ᠡᠯᠡᠰᠦᠨ ᠬᠠᠯᠬᠠᠪᠴᠢ ᠪᠠᠢᠭᠤᠯᠤᠨ᠎ᠠ ᠁ ᠬᠠᠪᠤᠷ ᠤ᠋ᠨ ᠠᠭᠤᠷ ᠤᠷᠤᠮᠠᠭᠴᠠ ᠤᠷᠳᠤᠰ ᠬᠤᠳᠠ ᠶ᠋ᠢᠨ ᠬᠠᠩᠭᠢᠨ ᠬᠣᠱᠢᠭᠤᠨ ᠤ᠋ ᠬᠥᠪᠴᠢ ᠶ᠋ᠢᠨ ᠡᠯᠡᠰᠦᠨ ᠤ᠋ ᠬᠣᠢᠲᠤ ᠵᠠᠬ᠎ᠠ ᠶ᠋ᠢᠨ ᠤᠢ ᠱᠢᠭᠤᠢ ᠶ᠋ᠢᠨ ᠪᠦᠰᠡ ᠶ᠋ᠢᠨ ᠲᠦᠷᠦᠯ ᠵᠦᠢᠯ ᠤ᠋ᠨ ᠲᠣᠭᠣᠷᠢᠭ ᠲᠤ᠌ ᠬᠡᠳᠦᠨ ᠮᠢᠩᠭᠠᠨ ᠬᠥᠮᠦᠨ ᠶᠠᠭᠠᠷᠠᠯᠳᠠᠢ ᠠᠵᠢᠯᠯᠠᠵᠤ᠂ ᠡᠯᠡᠰᠦᠷᠬᠡᠭ᠌ᠵᠢᠯ ᠢ᠋ ᠵᠠᠰᠠᠬᠤ ᠪᠡᠷ ᠡᠯᠡᠰᠦᠨ ᠲᠠᠯᠠᠢ ᠵᠦᠭ ᠴᠡᠷᠢᠭᠯᠡᠪᠡ᠃ 《ᠮᠠᠨ ᠤ᠋ ᠡᠨᠳᠡ ᠬᠠᠪᠤᠷ ᠤ᠋ᠨ ᠤᠯᠠᠷᠢᠯ ᠣᠬᠣᠷ ᠪᠠᠢᠵᠤ᠂ ᠴᠠᠭ ᠬᠥᠮᠦᠨ ᠢ᠋ ᠬᠦᠯᠢᠶᠡᠬᠦ᠌ ᠦᠭᠡᠢ ᠶᠤᠮ ᠃ ᠡᠨᠡ ᠵᠢᠯ ᠬᠥᠪᠴᠢ ᠶ᠋ᠢᠨ ᠡᠯᠡᠰᠦᠨ ᠤ᠋ ᠬᠣᠢᠲᠤ ᠵᠠᠬ᠎ᠠ ᠳ᠋ᠤ 188 ᠺᠢᠯᠤᠮᠸᠲᠷ ᠪᠦᠬᠦᠢ ᠡᠯᠡᠰᠦᠷᠬᠡᠭᠵᠢᠯ ᠢ᠋ ᠰᠡᠷᠭᠡᠢᠯᠡᠵᠤ ᠬᠠᠳᠤᠨ ᠭᠣᠣᠯ ᠢ᠋ ᠬᠠᠮᠠᠭᠠᠯᠠᠬᠤ ᠡᠯᠡᠰᠦᠨ ᠴᠦᠯ ᠤ᠋ᠨ ᠬᠦᠪᠡᠭᠡ ᠵᠠᠬ᠎ᠠ ᠶ᠋ᠢ ᠴᠢᠳᠦᠷᠯᠡᠬᠦ ᠤᠢ ᠰᠢᠭᠤᠢ ᠶ᠋ᠢᠨ ᠪᠦᠰᠡ ᠪᠣᠯᠤᠨ ᠦᠷᠦᠴᠡ ᠭᠠᠵᠠᠷ ᠤ᠋ᠨ 240 ᠺᠢᠯᠤᠮᠸᠲᠷ ᠤ᠋ᠨ ᠰᠠᠯᠬᠢ ᠡᠯᠡᠰᠦᠨ ᠤ᠋ ᠵᠠᠮ ᠢ᠋ ᠬᠣᠷᠢᠭ᠍ᠯᠠᠬᠤ ᠪᠦᠰᠡ ᠵᠡᠷᠭᠡ ᠲᠦᠷᠦᠯ ᠵᠦᠢᠯ ᠢ᠋ ᠡᠬᠢᠯᠡᠨ ᠪᠠᠢᠭᠤᠯᠵᠤ᠂ ᠭᠣᠣᠯᠳᠠᠭᠤ ᠢᠨᠵᠸᠨ᠋ᠸᠷᠢᠩ ᠵᠢᠡᠷ ᠡᠯᠡᠰᠦ ᠶ᠋ᠢ ᠲᠣᠭ᠍ᠲᠠᠪᠤᠷᠢᠵᠢᠭᠤᠯᠬᠤ᠂ ᠣᠢᠵᠢᠭᠤᠯᠵᠤ ᠡᠪᠡᠰᠦ ᠲᠠᠷᠢᠬᠤ ᠵᠡᠷᠭᠡ ᠠᠷᠭ᠎ᠠ ᠬᠡᠮᠵᠢᠶ᠎ᠡ ᠠᠪᠴᠤ᠌ ᠡᠯᠡᠰᠦᠷᠬᠡᠭᠵᠢᠯ ᠢ᠋᠎ᠰᠡᠷᠭᠡᠢᠯᠡᠨ ᠵᠠᠰᠠᠵᠤ᠂ ᠡᠯᠡᠰᠦᠨ ᠴᠦᠯ ᠤ᠋ᠨ ᠡᠮᠦᠨᠡᠰᠢ ᠰᠢᠯᠵᠢᠵᠤ ᠤᠮᠠᠷᠠᠰᠢ ᠲᠦᠷᠢᠬᠦ ᠶ᠋ᠢ ᠪᠦᠬᠦ᠌ ᠲᠠᠯ᠎ᠠ ᠪᠡᠷ ᠬᠣᠷᠢᠭ᠍ᠯᠠᠵᠤ ᠪᠠᠢᠨ᠎ᠠ》 ᠭᠡᠵᠤ ᠬᠠᠩᠭᠢᠨ ᠬᠣᠱᠢᠭᠤᠨ ᠤ᠋ ᠤᠢ ᠱᠢᠭᠤᠢ ᠪᠠ ᠨᠤᠲᠤᠭ ᠪᠡᠯᠴᠢᠭᠡᠷ ᠤ᠋ᠨ ᠲᠣᠪᠴᠢᠶᠠᠨ ᠤ᠋ ᠳᠡᠳ᠋ ᠳᠠᠷᠤᠭ᠎ᠠ ᠯᠢ ᠱᠤ᠌ ᠫᠸᠩ ᠬᠡᠯᠡᠨ᠎ᠡ ᠃ ᠣᠢᠷ᠎ᠠ ᠳ᠋ᠤ ᠥᠪᠥᠷ ᠮᠣᠩᠭᠣᠯ ᠤ᠋ᠨ ᠡᠯᠡᠰᠦ ᠶ᠋ᠢ ᠵᠠᠰᠠᠬᠤ ᠡᠯ᠎ᠠ ᠣᠷᠣᠨ ᠲᠤᠭᠤᠷᠢᠭ ᠲᠦ᠍ ᠴᠥᠮ ᠴᠠᠭ ᠬᠤᠭᠤᠴᠠᠭ᠎ᠠ ᠪᠠ ᠬᠦᠷᠦᠰᠦᠨ ᠤ᠋ ᠴᠢᠭᠢᠭ ᠤ᠋ᠨ ᠪᠠᠢᠳᠠᠯ ᠢ᠋ ᠠᠮᠵᠢᠵᠤ ᠡᠪᠡᠰᠦ ᠮᠣᠳᠣ ᠳᠠᠷᠢᠵᠤ ᠪᠠᠢᠨ᠎ᠠ᠃

ᠡᠨᠡ ᠵᠢᠯ ᠥᠪᠥᠷ ᠮᠣᠩᠭᠣᠯ ᠪᠠᠰᠠ ᠭᠤᠷᠪᠠᠨ ᠶᠡᠬᠡ ᠪᠡᠯᠭᠡ ᠲᠡᠮᠳᠡᠭ ᠤ᠋ᠨ ᠴᠢᠨᠠᠷᠲᠠᠶ ᠳᠠᠢᠯᠠᠯᠳᠤᠭᠠᠨ ᠤ᠋ ᠬᠡᠷᠡᠭ᠌ᠵᠢᠭᠦᠯᠬᠦ᠌ ᠣᠷᠣᠨ ᠪᠦᠰᠡ ᠪᠡᠷ ᠭᠤᠤᠯᠳᠠᠯᠭ᠎ᠠ ᠪᠣᠯᠭᠠᠵᠤ ᠂ ᠪᠠᠯᠠ ᠮᠥᠩᠭᠥ᠌ ᠳᠣᠭᠢᠷᠠᠭᠤᠯᠤᠨ ᠬᠠᠷᠭᠠᠨ᠎ᠠ᠂ ᠪᠤᠷᠭᠠᠰᠤ᠂ ᠴᠢᠴᠠᠷᠭᠠᠨ᠎ᠠ᠂ ᠵᠠᠭ ᠵᠡᠷᠭᠡ ᠡᠯᠡᠰᠦᠨ ᠳ᠋ᠤ ᠤᠷᠭᠤᠬᠤ ᠪᠣᠳᠠ ᠮᠣᠳᠣ ᠶ᠋ᠢᠨ ᠪᠠᠲᠤᠯᠠᠭ᠎ᠠ ᠶ᠋ᠢᠨ ᠴᠢᠨᠠᠷᠲᠠᠶ 40 ᠴᠢᠬᠢ ᠮᠣᠳᠣᠨ ᠤ᠋ ᠬᠦᠷᠢᠶᠡᠯᠡᠩ ᠢ᠋ ᠪᠥᠲᠥᠭᠡᠨ ᠪᠠᠢᠭᠤᠯᠵᠤ᠂ ᠡᠯᠡᠰᠦ ᠶ᠋ᠢ ᠵᠠᠰᠠᠬᠤ ᠳ᠋ᠤ ᠬᠡᠷᠡᠭ᠌ᠯᠡᠬᠦ᠌ ᠴᠢᠬᠢ ᠮᠣᠳᠣᠨ ᠤ᠋ ᠬᠡᠷᠡᠭ᠌ᠴᠡᠭᠡ ᠶ᠋ᠢ ᠪᠥᠬᠥ᠌ ᠬᠦᠴᠦᠨ ᠵᠢᠡᠷ ᠪᠠᠲᠤᠯᠠᠵᠤ ᠪᠣᠶ᠃ ᠡᠭᠦᠨ ᠡᠴᠡ ᠭᠠᠳᠠᠨ᠎ᠠ᠂ ᠥᠪᠥᠷ ᠮᠣᠩᠭᠣᠯ ᠪᠠᠰᠠ ᠮᠠᠯᠵᠢᠬᠤ ᠲᠠᠷᠢᠶᠠᠯᠠᠬᠤ ᠣᠷᠣᠨ ᠤ᠋ ᠬᠠᠮᠲᠤ ᠶ᠋ᠢᠨ ᠠᠵᠤ ᠠᠬᠤᠶ ᠶ᠋ᠢᠨ ᠵᠣᠬᠢᠶᠠᠨ ᠪᠠᠢᠭᠤᠯᠤᠯᠲᠠ ᠶ᠋ᠢᠨ ᠡᠯᠡᠰᠦᠷᠬᠡᠭ᠌ᠵᠢᠯ ᠢ᠋ ᠰᠡᠷᠭᠡᠢᠯᠡᠨ ᠡᠯᠡᠰᠤ ᠶ᠋ᠢ ᠵᠠᠰᠠᠬᠤ ᠡᠭᠦᠷᠭᠡ ᠡᠭᠦᠷᠭᠡᠯᠡᠬᠦ᠌ ᠶ᠋ᠢ ᠳᠡᠮᠵᠢᠬᠦ᠌ ᠲᠠᠯ᠎ᠠ ᠪᠡᠷ ᠱᠢᠨ᠎ᠡ ᠶ᠋ᠢ ᠡᠭᠦᠳᠴᠦ᠍᠂ 《ᠠᠵᠢᠯ ᠣᠯᠭᠣᠬᠤ ᠪᠡᠷ ᠲᠡᠳᠬᠦᠮᠵᠢ ᠶ᠋ᠢ ᠣᠷᠣᠯᠠᠭᠤᠯᠬᠤ》 ᠶ᠋ᠢ ᠢᠳᠡᠪᠬᠢᠲᠡᠶ ᠬᠡᠷᠡᠭ᠌ᠵᠢᠭᠦᠯᠤᠨ᠂ ᠥᠷᠭᠡᠨ ᠣᠯᠠᠨ ᠮᠠᠯᠴᠢᠨ ᠲᠠᠷᠢᠶᠠᠴᠢᠨ ᠢ᠋ ᠳᠠᠢᠴᠢᠯᠠᠨ ᠡᠯᠡᠰᠦᠷᠬᠡᠭ᠌ᠵᠢᠯ ᠢ᠋ ᠰᠡᠷᠭᠡᠢᠯᠡᠨ ᠡᠯᠡᠰᠤ ᠶ᠋ᠢ ᠵᠠᠰᠠᠬᠤ ᠳ᠋ᠤ ᠢᠳᠡᠪᠬᠢᠲᠡᠶ ᠣᠷᠣᠯᠴᠠᠭᠤᠯᠵᠠᠶ᠃

3 ᠰᠠᠷ᠎ᠠ ᠶ᠋ᠢᠨ 18 ᠤ᠋ ᠡᠳᠦᠷ᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠪᠠᠰᠠ 2024 ᠣᠨ ᠤ᠋ 2 ᠳ᠋ᠤᠭᠠᠷ ᠲᠣᠭᠠᠲᠤ ᠶᠡᠷᠦᠩᠬᠡᠶ ᠣᠶ ᠰᠢᠭᠤᠢ ᠶ᠋ᠢᠨ ᠳᠠᠷᠤᠭ᠎ᠠ ᠶ᠋ᠢᠨ ᠵᠠᠷᠯᠢᠭ ᠢ᠋ ᠨᠡᠢᠲᠡᠯᠡᠵᠦ᠂ 《ᠤᠮᠠᠷᠠᠲᠤ ᠵᠢᠨ ᠭᠤᠷᠪᠠᠨ ᠤᠷᠤᠨ》ᠤ᠋ ᠢᠨᠵᠧᠨᠧᠷᠢᠩ ᠤ᠋ᠨ ᠪᠤᠭᠤᠮᠲᠠ ᠰᠢᠪᠲᠤᠯᠬᠤ ᠳᠠᠢᠯᠠᠯᠳᠤᠭᠠᠨ ᠪᠠ ᠭᠤᠷᠪᠠᠨ ᠶᠡᠬᠡ ᠪᠡᠯᠭᠡ ᠲᠡᠮᠳᠡᠭ ᠤ᠋ᠨ ᠴᠢᠨᠠᠷᠲᠠᠶ ᠳᠠᠢᠯᠠᠯᠳᠤᠭᠠᠨ ᠢ᠋ ᠪᠥᠬᠥ᠌ ᠬᠦᠴᠦᠨ ᠵᠢᠡᠷ ᠵᠢᠡᠨ ᠰᠠᠢᠲᠤᠷ ᠬᠢᠵᠦ᠍᠂ ᠡᠯᠡᠰᠦᠷᠬᠡᠭᠵᠢᠯ ᠢ᠋ ᠰᠡᠷᠭᠡᠢᠯᠡᠵᠦ᠍ ᠡᠯᠡᠰᠦ ᠶ᠋ᠢ ᠵᠠᠰᠠᠬᠤ  ᠪᠠ  ᠰᠠᠯᠬᠢᠨ ᠬᠦᠴᠦᠨ ᠤ᠋ ᠴᠠᠬᠢᠯᠭᠠᠨ ᠬᠡᠷᠡᠯᠴᠢ ᠴᠡᠨᠡᠭ ᠢ᠋ ᠨᠢᠭᠡ ᠴᠣᠭ᠍ᠴᠠᠵᠢᠭᠤᠯᠬᠤ ᠢᠨᠵᠧᠨᠧᠷᠢᠩ ᠢ᠋ ᠶᠡᠬᠡ ᠪᠡᠷ ᠬᠡᠷᠡᠭ᠌ᠵᠢᠭᠦᠯᠬᠦ᠌ ᠲᠤᠬᠠᠶ ᠪᠣᠳᠠᠲᠠᠶ ᠪᠠᠢᠷᠢᠯᠠᠭᠤᠯᠤᠯᠲᠠ ᠬᠢᠪᠠ᠃ ᠢᠨᠵᠧᠨᠧᠷᠢᠩ ᠤ᠋ᠨ ᠶᠡᠬᠡ ᠳᠠᠢᠯᠠᠯᠳᠤᠭᠠᠨ ᠢ᠋ ᠰᠠᠢᠲᠤᠷ ᠵᠣᠬᠢᠶᠠᠨ ᠪᠠᠢᠭᠤᠯᠬᠤ ᠶ᠋ᠢᠨ ᠲᠥᠯᠥᠭᠡ ᠥᠪᠡᠷᠲᠡᠭᠡᠨ ᠵᠠᠰᠠᠬᠤ ᠣᠷᠣᠨ ᠤ᠋ ᠨᠠᠮ ᠤ᠋ᠨ ᠬᠣᠷᠢᠶ᠎ᠠ᠂ ᠵᠠᠰᠠᠭ ᠤ᠋ᠨ ᠣᠷᠳᠣᠨ ᠤ᠋ ᠤᠳᠤᠷᠢᠳᠭᠤ ᠺᠠᠳ᠋ᠷ ᠠᠷᠪᠠᠨ ᠵᠠᠮ ᠬᠤᠪᠢᠶᠠᠵᠤ᠂ ᠲᠣᠰ ᠲᠣᠰ 12 ᠠᠢᠮᠠᠭ ᠬᠣᠲᠠ ᠶ᠋ᠢᠨ ᠡᠯᠡᠰᠦᠷᠬᠡᠭ᠌ᠵᠢᠯ ᠢ᠋ ᠰᠡᠷᠭᠡᠢᠯᠡᠨ ᠡᠯᠡᠰᠤ ᠶ᠋ᠢ ᠵᠠᠰᠠᠬᠤ ᠢᠨᠵᠧᠨᠧᠷᠢᠩ ᠤ᠋ᠨ ᠲᠤᠬᠠᠶ ᠶ᠋ᠢᠨ ᠲᠠᠯᠠᠪᠠᠶ ᠳ᠋ᠤ ᠭᠦᠨᠵᠡᠭᠡᠢᠷᠡᠨ ᠵᠢᠯᠣᠭᠣᠳᠴᠠᠢ ᠃

ᠣᠢᠯᠠᠭᠠᠭ᠍ᠰᠠᠨ ᠵᠢᠡᠷ᠂ ᠡᠨᠡ ᠵᠢᠯ ᠥᠪᠥᠷ ᠮᠣᠩᠭᠣᠯ ᠡᠯᠡᠰᠦᠷᠬᠡᠭᠵᠢᠯ ᠢ᠋ ᠰᠡᠷᠭᠡᠢᠯᠡᠵᠦ᠍ ᠡᠯᠡᠰᠦ ᠢ᠋ᠢ  ᠵᠠᠰᠠᠬᠤ ᠪᠠ ᠰᠠᠯᠬᠢᠨ ᠬᠦᠴᠦᠨ ᠤ᠋ ᠴᠠᠬᠢᠯᠭᠠᠨ ᠬᠡᠷᠡᠯᠴᠢ ᠴᠡᠨᠡᠭ ᠢ᠋ ᠨᠢᠭᠡ ᠴᠣᠭ᠍ᠴᠠᠵᠢᠭᠤᠯᠬᠤ  ᠢᠨᠵᠧᠨᠧᠷᠢᠩ ᠢ᠋ ᠬᠡᠷᠡᠭ᠌ᠵᠢᠭᠦᠯᠬᠦ᠌ ᠪᠡᠷ ᠳᠡᠮᠵᠢᠨ ᠱᠢᠨ᠎ᠡ ᠡᠨᠧᠷᠭᠢ ᠢ᠋ᠢᠨ ᠮᠠᠱᠢᠨ ᠴᠣᠭ᠍ᠴᠠᠯᠠᠪᠤᠷᠢ ᠢ᠋ᠢᠨ ᠬᠡᠪᠴᠢᠶ᠎ᠠ ᠵᠢ 1320 ᠲᠦᠮᠡᠨ ᠺᠢᠯᠦᠸᠠᠲ ᠱᠢᠨ᠎ᠡ ᠪᠡᠷ ᠨᠡᠮᠡᠭ᠌ᠳᠡᠭᠦᠯᠬᠦ᠌ ᠪᠡᠷ ᠲᠥᠯᠥᠪᠯᠡᠵᠦ᠍᠂ 230 ᠲᠦᠮᠡᠨ ᠮᠥ᠍ ᠡᠯᠡᠰᠦᠷᠬᠡᠭ᠌ᠵᠢᠭ᠌ᠰᠡᠨ  ᠭᠠᠵᠠᠷ ᠢ᠋ ᠶᠡᠷᠦᠩᠬᠡᠢᠯᠡᠨ ᠵᠠᠰᠠᠬᠤ ᠢ᠋ᠢ ᠢᠵᠢ ᠪᠦᠷᠢᠳᠦᠭᠦᠯᠦᠨ ᠪᠡᠶᠡᠯᠡᠭᠦᠯᠵᠦ᠍᠂ 2030 ᠣᠨ ᠪᠣᠯᠬᠤ ᠳ᠋ᠤ ᠪᠥᠬᠥ᠌ ᠣᠷᠣᠨ ᠤ᠋ ᠡᠯᠡᠰᠦᠷᠬᠡᠭᠵᠢᠯ ᠢ᠋᠎ᠰᠡᠷᠭᠡᠢᠯᠡᠵᠦ᠍ ᠡᠯᠡᠰᠦ ᠢ᠋ᠢ ᠵᠠᠰᠠᠬᠤ ᠪᠠ ᠰᠠᠯᠬᠢᠨ ᠬᠦᠴᠦᠨ ᠤ᠋ ᠴᠠᠬᠢᠯᠭᠠᠨ ᠬᠡᠷᠡᠯᠴᠢ ᠴᠡᠨᠡᠭ ᠢ᠋ ᠨᠢᠭᠡ ᠴᠣᠭ᠍ᠴᠠᠵᠢᠭᠤᠯᠤᠭ᠍ᠰᠠᠨ ᠲᠥᠷᠥᠯ ᠵᠦᠶ᠋ᠯ ᠤ᠋ᠨ ᠱᠢᠨ᠎ᠡ ᠡᠨᠧᠷᠭᠢ ᠢ᠋ᠢᠨ ᠮᠠᠱᠢᠨ ᠴᠣᠭ᠍ᠴᠠᠯᠠᠪᠤᠷᠢ ᠢ᠋ᠢᠨ ᠬᠡᠮᠵᠢᠶ᠎ᠠ ᠵᠢ 1.19 ᠳ᠋ᠦᠩᠱᠢᠭᠤᠷ ᠺᠢᠯᠦᠸᠠᠲ ᠴᠠᠭ ᠲᠤ᠌ ᠬᠦᠷᠭᠡᠵᠦ᠍᠂ 1151 ᠲᠦᠮᠡᠨ ᠮᠥ᠍ ᠡᠯᠡᠰᠦᠷᠬᠡᠭ᠌ᠵᠢᠭ᠌ᠰᠡᠨ ᠭᠠᠵᠠᠷ ᠢ᠋ ᠶᠡᠷᠦᠩᠬᠡᠢᠯᠡᠨ ᠵᠠᠰᠠᠵᠤ᠂ ᠠᠮᠢ ᠠᠬᠤᠶ ᠢ᠋ᠢ ᠵᠠᠰᠠᠨ᠂ ᠪᠦᠲᠦᠮᠵᠢᠲᠡᠶ ᠪᠠᠯᠠ ᠣᠷᠣᠭᠤᠯᠤᠯᠲᠠ ᠢ᠋ᠢ ᠥᠷᠭᠡᠳᠭᠡᠵᠦ᠍᠂ ᠣᠯᠠᠨ ᠲᠦᠮᠡᠨ ᠤ᠋ ᠣᠷᠣᠯᠭ᠎ᠠ ᠢ᠋ᠢ ᠨᠡᠮᠡᠭ᠌ᠳᠡᠭᠦᠯᠤᠨ᠂ ᠠᠵᠤ ᠦᠶ᠋ᠯᠡᠰ ᠤ᠋ᠨ ᠬᠡᠯᠪᠡᠷᠢ ᠪᠡᠨ ᠬᠤᠪᠢᠷᠠᠭᠤᠯᠬᠤ ᠢ᠋ᠢ ᠠᠬᠢᠭᠤᠯᠵᠤ᠂ ᠴᠢᠨᠠᠷ ᠰᠠᠢᠲᠠᠶ ᠬᠥᠭ᠌ᠵᠢᠯᠲᠡ ᠢ᠋ᠢ ᠪᠡᠶᠡᠯᠡᠭᠦᠯᠬᠦ᠌ ᠬᠠᠷᠠᠯᠲᠠ ᠳ᠋ᠤ ᠬᠦᠷᠬᠦ ᠪᠤᠯᠤᠨ᠎ᠠ᠃

ᠪᠠᠢᠯᠳᠤᠭᠠᠨ ᠤ᠋ ᠪᠦᠷᠢᠢ᠎ᠡ ᠡᠯᠡᠰᠦᠨ ᠳᠠᠯᠠᠢ ᠳ᠋ᠤ ᠴᠤᠤᠷᠢᠶᠠᠲᠤᠨ᠎ᠠ

ᠥᠪᠥᠷ ᠮᠣᠩᠭᠣᠯ ᠤ᠋ᠨ ᠬᠢᠯᠢ ᠳ᠋ᠡᠬᠢ ᠬᠠᠲᠤᠨ ᠭᠤᠤᠯ ᠤ᠋ᠨ《ᠶᠡᠬᠡ ᠲᠣᠬᠣᠶ》ᠶ᠋ᠢᠨ ᠣᠷᠣᠨ ᠪᠦᠰᠡ ᠠᠯᠠᠱᠠ᠂ ᠦᠬᠠᠶ᠂ ᠣᠷᠳᠣᠰ ᠵᠡᠷᠭᠡ 7 ᠠᠢᠮᠠᠭ ᠬᠣᠲᠠ ᠢ᠋ᠢᠨ 35 ᠬᠣᠱᠢᠭᠤ ᠱᠢᠶᠠᠨ ᠲᠣᠭᠣᠷᠢᠭ ᠲᠤ᠌ ᠬᠣᠯᠪᠣᠭ᠍ᠳᠠᠵᠤ ᠂ ᠡᠯᠡᠰᠦᠷᠬᠡᠭ᠌ᠵᠢᠭ᠌ᠰᠡᠨ ᠭᠠᠵᠠᠷ ᠤ᠋ᠨ ᠶᠡᠷᠦᠩᠬᠡᠶ ᠲᠠᠯᠠᠪᠠᠶ ᠨᠢ 2.27 ᠳ᠋ᠦᠩᠱᠢᠭᠤᠷ ᠮᠥ᠍ ᠪᠠᠢᠵᠤ᠂ ᠡᠯᠡᠰᠦᠷᠬᠡᠭ᠌ᠵᠢᠭ᠌ᠰᠡᠨ ᠭᠠᠵᠠᠷ ᠨᠡᠯᠢᠶᠡᠳ ᠲᠥᠪᠯᠡᠷᠡᠭ᠌ᠰᠡᠨ᠂ ᠬᠡᠮᠵᠢᠶ᠎ᠡ ᠪᠡᠷ ᠨᠡᠯᠢᠶᠡᠳ ᠬᠦᠨᠳᠦ ᠭᠠᠵᠠᠷ ᠣᠷᠣᠨ ᠪᠠ ᠰᠠᠴᠤᠷᠠᠯᠲᠠ ᠢ᠋ᠢᠨ ᠣᠷᠣᠨ ᠪᠦᠰᠡ ᠪᠡᠷ ᠶᠡᠬᠡ ᠪᠠᠢᠳᠠᠭ ᠰᠠᠯᠬᠢ ᠡᠯᠡᠰᠦᠨ ᠤ᠋ ᠡᠬᠢ ᠪᠤᠯᠵᠠᠢ ᠃

ᠡᠪᠡᠰᠦᠨ ᠤ᠋ ᠳᠥᠷᠪᠡᠯᠵᠢᠨ ᠬᠠᠯᠬᠠᠪᠴᠢ ᠳᠡᠪᠢᠰᠤᠨ᠎ᠠ ᠂ ᠨᠦᠬᠡ ᠮᠠᠯᠲᠠᠵᠤ ᠴᠢᠬᠢ ᠮᠣᠳᠣ ᠰᠠᠭᠤᠯᠭᠠᠨ᠎ᠠ᠂ ᠰᠢᠷᠤᠢ ᠨᠡᠮᠡᠵᠤ ᠤᠰᠤ ᠴᠢᠳᠬᠤᠨ᠎ᠠ ᠁ 3 ᠰᠠᠷ᠎ᠠ ᠡᠴᠡ ᠨᠠᠭᠠᠰᠢ ᠂ ᠠᠯᠠᠱᠠ ᠠᠢᠮᠠᠭ ᠤ᠋ᠨ ᠪᠠᠳᠠᠢ ᠢ᠋ᠢᠨ ᠵᠢᠷᠠᠨ ᠤ᠋ ᠡᠯᠡᠰᠦ ᠵᠢᠨ ᠵᠡᠭᠦᠨ ᠡᠮᠦᠨ᠎ᠡ ᠵᠠᠬ᠎ᠠ ᠢ᠋ᠢᠨ ᠡᠯᠡᠰᠦᠨ ᠲᠤᠪᠤ ᠢ᠋ᠢᠨ ᠲᠡᠯᠡᠭᠰᠡᠨ ᠣᠷᠣᠨ ᠵᠡᠷᠭᠡ ᠡᠯᠡᠰᠦ ᠢ᠋ᠢ ᠵᠠᠰᠠᠬᠤ 7 ᠲᠦᠷᠦᠯ ᠵᠦᠢᠯ ᠤ᠋ᠨ ᠣᠷᠣᠨ ᠳ᠋ᠤ ᠨᠡᠢᠭᠡᠮ ᠤ᠋ᠨ ᠡᠯ᠎ᠡ ᠡᠲᠡᠭᠡᠳ ᠢ᠋ᠢᠡᠷ ᠪᠦᠷᠢᠯᠳᠦᠭᠰᠡᠨ ᠮᠣᠳᠣ ᠲᠠᠷᠢᠬᠤ ᠴᠡᠷᠢᠭ ᠠᠩᠬᠢ ᠶᠠᠬ ᠵᠠᠭ ᠮᠣᠳᠣ ᠵᠡᠷᠭᠡ ᠨᠤᠲᠤᠭ ᠤ᠋ᠨ ᠮᠤᠳᠤ ᠪᠤᠳᠠ ᠪᠠ ᠡᠪᠡᠰᠦ ᠲᠠᠷᠢᠵᠤ ᠶᠠᠭᠠᠷᠠᠯᠳᠤᠨ᠎ᠠ ᠃

ᠠᠯᠠᠱᠠ ᠠᠢᠮᠠᠭ ᠥᠪᠥᠷ ᠮᠣᠩᠭᠣᠯ ᠤ᠋ᠨ ᠬᠠᠮᠤᠭ ᠤ᠋ᠨ ᠪᠠᠷᠠᠭᠤᠨ ᠪᠡᠶ᠎ᠠ ᠳ᠋ᠤ ᠪᠠᠢᠷᠢᠯᠠᠵᠤ ᠂ ᠡᠨᠳᠡ ᠲᠩᠷᠢ ᠡᠯᠡᠰᠦ ᠂ ᠪᠠᠳᠠᠢ ᠢ᠋ᠢᠨ ᠵᠢᠷᠠᠨ ᠤ᠋ ᠡᠯᠡᠰᠤ᠂ ᠤᠯᠠᠭᠠᠨᠪᠤᠬ᠎ᠠ ᠵᠢᠨ ᠡᠯᠡᠰᠤ ᠵᠡᠷᠬᠡ ᠭᠤᠷᠪᠠᠨ ᠶᠡᠬᠡ ᠡᠯᠡᠰᠤ ᠪᠤᠢ᠃ ᠠᠯᠠᠱᠠ ᠠᠢᠮᠠᠭ ᠤ᠋ᠨ ᠤᠢ ᠱᠢᠭᠤᠢ ᠪᠠ ᠨᠤᠲᠤᠭ ᠪᠡᠯᠴᠢᠭᠡᠷ ᠤ᠋ᠨ ᠲᠣᠪᠴᠢᠶ᠎ᠠ ᠢ᠋ᠢᠨ ᠳᠠᠷᠤᠭ᠎ᠠ ᠲᠦᠪᠱᠢᠨ ᠤ᠋ ᠬᠡᠯᠡᠬᠦ ᠪᠡᠷ᠂ ᠡᠨᠡ ᠵᠢᠯ ᠤ᠋ᠨ ᠬᠠᠪᠤᠷ ᠤ᠋ᠨ ᠡᠬᠢ ᠪᠡᠷ ᠠᠯᠠᠱᠠ ᠠᠢᠮᠠᠭ ᠥᠪᠥᠷ ᠮᠣᠩᠭᠣᠯ ᠤ᠋ᠨ ᠪᠠᠷᠠᠭᠤᠨ ᠪᠡᠶ᠎ᠠ ᠢ᠋ᠢᠨ ᠴᠦᠯᠯᠡᠷᠭᠡᠭ᠌ᠵᠢᠯ ᠢ᠋ ᠶᠡᠷᠦᠩᠬᠡᠢᠯᠡᠨ ᠵᠠᠰᠠᠬᠤ ᠲᠦᠷᠦᠯ ᠵᠦᠢᠯ(ᠬᠣᠶᠠᠳᠤᠭᠠᠷ ᠬᠤᠭᠤᠴᠠᠭ᠎ᠠ) ᠢ᠋ ᠪᠦᠬᠦ᠌ ᠲᠠᠯ᠎ᠠ ᠪᠡᠷ ᠡᠬᠢᠯᠡᠭᠦᠯᠵᠦ᠍ ᠂ 621.3 ᠲᠦᠮᠡᠨ ᠮᠦ᠍ ᠡᠯᠡᠰᠦ ᠢ᠋ᠢ ᠵᠠᠰᠠᠬᠤ ᠪᠡᠷ ᠲᠥᠯᠥᠪᠵᠢᠭᠦᠯᠪᠠ ᠃

ᠣᠷᠳᠣᠰ ᠬᠣᠲᠠ ᠬᠠᠲᠤᠨ ᠭᠤᠤᠯ ᠤ᠋ᠨ《ᠶᠡᠬᠡ ᠲᠤᠬᠤᠢ》 ᠢ᠋ᠢᠨ ᠡᠮᠦᠨ᠎ᠡ ᠡᠷᠭᠢ ᠳ᠋ᠤ ᠪᠠᠢᠷᠢᠯᠠᠵᠤ᠂ ᠮᠤᠤᠠᠤᠰᠤ ᠢ᠋ᠢᠨ ᠡᠯᠡᠰᠦᠷᠬᠡᠭ ᠭᠠᠵᠠᠷ ᠤ᠋ᠨ ᠶᠡᠬᠡᠩᠬᠢ ᠬᠡᠰᠡᠭ ᠪᠠ ᠬᠥᠪᠴᠢ ᠢ᠋ᠢᠨ ᠡᠯᠡᠰᠦ ᠤᠷᠳᠤᠰ ᠬᠣᠲᠠ ᠢ᠋ᠢᠨ ᠬᠢᠯᠢ ᠳ᠋ᠤ ᠪᠠᠢᠳᠠᠭ᠃ ᠡᠨᠡ ᠵᠢᠯ ᠣᠷᠳᠣᠰ ᠬᠣᠲᠠ ᠪᠠᠯᠠ ᠮᠥᠩᠭᠥ ᠪᠠ ᠡᠬᠢ ᠪᠠᠶᠠᠯᠢᠭ ᠢ᠋ ᠲᠥᠪᠯᠡᠷᠡᠭᠦᠯᠤᠨ ᠬᠥᠪᠴᠢ ᠢ᠋ᠢᠨ ᠡᠯᠡᠰᠦᠨ ᠤ᠋ ᠵᠡᠭᠦᠨ ᠬᠡᠰᠡᠭ ᠤ᠋ᠨ ᠵᠠᠰᠠᠯᠲᠠ ᠢ᠋ᠢᠨ ᠣᠷᠣᠨ᠂ ᠮᠤᠤᠠᠤᠰᠤ ᠢ᠋ᠢᠨ ᠡᠯᠡᠰᠦᠷᠬᠡᠭ ᠭᠠᠵᠠᠷ ᠤ᠋ᠨ ᠰᠠᠯᠬᠢᠨ ᠤ᠋ ᠠᠮᠠ ᠳ᠋ᠠᠬᠢ ᠡᠯᠡᠰᠦ ᠢ᠋ᠢ ᠬᠣᠷᠢᠭ᠍ᠯᠠᠬᠤ ᠪᠦᠰᠡ ᠵᠢᠴᠢ ᠡᠷᠬᠢᠨ ᠲᠣᠭᠣᠷᠢᠨ ᠤ᠋ ᠨᠢᠴᠦᠭᠦᠨ ᠡᠯᠡᠰᠦ ᠢ᠋ᠢ ᠵᠠᠰᠠᠬᠤ ᠣᠷᠣᠨ ᠵᠡᠷᠭᠡ ᠪᠡᠯᠭᠡ ᠲᠡᠮᠳᠡᠭ ᠤ᠋ᠨ ᠴᠢᠨᠠᠷᠲᠠᠶ ᠢᠨᠵᠧᠨᠧᠷᠢᠩ ᠢ᠋ ᠲᠥᠪᠯᠡᠷᠡᠭᠦᠯᠦᠨ ᠬᠡᠷᠡᠭᠵᠢᠬᠦᠯᠵᠤ᠂ ᠵᠠᠰᠠᠯᠲᠠ ᠢ᠋ᠢᠨ ᠲᠥᠷᠥᠯ ᠵᠦᠶ᠋ᠯ ᠤ᠋ᠨ ᠣᠷᠣᠨ ᠤ᠋ ᠣᠶ ᠱᠢᠭᠤᠶ ᠡᠪᠡᠰᠦ ᠤᠷᠭᠤᠮᠠᠯ ᠤ᠋ᠨ ᠬᠤᠴᠢᠯᠭ᠎ᠠ ᠢ᠋ᠢ ᠤᠯᠠᠮ ᠨᠢᠭᠡ ᠠᠯᠬᠤᠮ ᠳᠡᠭᠡᠭ᠌ᠰᠢᠯᠡᠭᠦᠯᠪᠡ᠃

ᠣᠷᠳᠣᠰ ᠬᠣᠲᠠ ᠢ᠋ᠢᠨ ᠣᠲᠣᠭ ᠤ᠋ᠨ ᠡᠮᠦᠨᠡᠲᠦ ᠬᠣᠱᠢᠭᠤᠨ ᠤ᠋ ᠮᠤᠤᠠᠤᠰᠤ ᠢ᠋ᠢᠨ ᠡᠯᠡᠰᠦᠷᠬᠡᠭ ᠭᠠᠵᠠᠷ ᠤ᠋ᠨ ᠰᠠᠯᠬᠢᠨ ᠤ᠋ ᠠᠮᠠ ᠢ᠋ᠢ ᠲᠤᠰᠠᠭᠠᠷᠯᠠᠬᠤ ᠪᠦᠰᠡ ᠢ᠋ᠢᠨ ᠡᠯᠡᠰᠦ ᠢ᠋ᠢ ᠵᠠᠰᠠᠬᠤ ᠲᠤᠬᠠᠶ ᠢ᠋ᠢᠨ ᠲᠠᠯᠠᠪᠠᠶ ᠳ᠋ᠤ ᠬᠡᠳᠦᠨ ᠮᠢᠩᠭᠠᠨ ᠺᠠᠳ᠋ᠷ᠂ ᠠᠵᠤ ᠠᠬᠤᠢᠯᠠᠯ ᠤ᠋ᠨ ᠠᠵᠢᠯᠲᠠᠨ ᠠᠵᠢᠯᠴᠢᠨ ᠪᠣᠯᠤᠨ ᠮᠠᠯᠴᠢᠨ ᠲᠠᠷᠢᠶᠠᠴᠢᠨ ᠵᠢᠡᠷ ᠪᠦᠷᠢᠯᠳᠦᠭ᠌ᠰᠡᠨ ᠡᠯᠡᠰᠦ ᠢ᠋ᠢ ᠵᠠᠰᠠᠬᠤ ᠴᠡᠷᠢᠭ ᠠᠩᠬᠢ ᠶᠠᠭᠠᠷᠠᠯᠲᠠᠶ ᠠᠵᠢᠯᠯᠠᠵᠤ᠂ ᠬᠥᠨᠳᠡᠯᠡᠨ ᠭᠤᠯᠳᠤ ᠰᠦᠯᠵᠢᠯᠳᠦᠭ᠌ᠰᠡᠨ ᠲᠤᠤᠷᠯᠢᠭ ᠬᠠᠯᠬᠠᠪᠴᠢ ᠢ᠋ᠢ ᠡᠯᠡᠰᠦᠨ ᠳᠣᠪᠣᠴᠠᠭ ᠳᠡᠭᠡᠷ᠎ᠡ ᠳᠡᠯᠭᠡᠵᠤ᠂ ᠲᠤᠤᠷᠯᠢᠭ ᠬᠠᠯᠬᠠᠪᠴᠢ ᠵᠢᠨ ᠳᠤᠲᠤᠷ᠎ᠠ ᠪᠤᠷᠭᠠᠰᠤ᠂ ᠲᠡᠷᠪᠡᠯᠵᠢ᠂ ᠬᠠᠷᠭᠠᠨ᠎ᠠ ᠂ ᠵᠢᠭᠠᠷᠲᠤ ᠨᠠᠷᠠᠰᠤ ᠵᠡᠷᠭᠡ ᠪᠣᠳᠠ ᠮᠣᠳᠣ ᠪᠠ ᠲᠤᠷᠤᠭ ᠮᠣᠳᠣᠨ ᠤ᠋ ᠨᠢᠯᠬ᠎ᠠ ᠴᠢᠬᠢ ᠰᠠᠭᠤᠯᠭᠠᠵᠤ ᠪᠠᠢᠯ᠎ᠠ᠃

ᠤᠳᠤᠭ ᠤ᠋ᠨ ᠡᠮᠦᠨᠡᠲᠦ ᠬᠣᠱᠢᠭᠤ ᠥᠪᠥᠷ ᠮᠣᠩᠭᠣᠯ ᠱᠠᠨᠰᠢ ᠨᠢᠩᠱᠢᠶᠠ ᠭᠤᠷᠪᠠᠨ ᠮᠤᠵᠢ ᠣᠷᠣᠨ ᠤ᠋ ᠠᠭᠤᠯᠵᠠᠷ ᠲᠤ᠌ ᠪᠠᠢᠷᠢᠯᠠᠵᠤ᠂ ᠮᠤᠤᠠᠤᠰᠤ ᠵᠢᠨ ᠡᠯᠡᠰᠦᠷᠬᠡᠭ ᠭᠠᠵᠠᠷ ᠤ᠋ᠨ ᠰᠠᠯᠬᠢᠨ ᠤ᠋ ᠳᠡᠭᠡᠷ᠎ᠡ ᠲᠠᠯ᠎ᠠ ᠳ᠋ᠤ ᠪᠠᠢᠷᠢᠯᠠᠵᠤ ᠪᠤᠢ᠃ ᠲᠤᠰ ᠬᠤᠰᠢᠭᠤ ᠡᠨᠡ ᠵᠢᠯ ᠤ᠋ᠨ 3 ᠰᠠᠷ᠎ᠠ ᠢ᠋ᠢᠨ ᠰᠡᠭᠦᠯᠴᠢ ᠪᠡᠷ 《ᠣᠲᠣᠭ ᠤ᠋ᠨ ᠡᠮᠦᠨᠡᠲᠦ ᠬᠣᠱᠢᠭᠤᠨ ᠤ᠋ 2024 ᠣᠨ ᠤ᠋ ᠮᠤᠤᠠᠤᠰᠤ ᠢ᠋ᠢᠨ ᠡᠯᠡᠰᠦᠷᠬᠡᠭ ᠭᠠᠵᠠᠷ ᠢ᠋ ᠵᠠᠰᠠᠬᠤ ᠲᠥᠪᠯᠡᠷᠡᠭᠦᠯᠦᠨ ᠪᠣᠭᠣᠮᠲᠠ ᠱᠢᠪᠲᠤᠯᠬᠤ ᠠᠵᠢᠯᠯᠠᠭ᠎ᠠ(ᠨᠢᠭᠡᠳᠦᠭᠡᠷ ᠪᠦᠯᠦᠭ ᠲᠥᠷᠥᠯ ᠵᠦᠶ᠋ᠯ)》 ᠢ᠋ᠢᠨ ᠬᠠᠮᠲᠤᠷᠠᠭᠰᠠᠨ ᠳᠠᠢᠯᠠᠯᠳᠤᠭᠠᠨ ᠢ᠋ ᠪᠥᠬᠥ᠌ ᠲᠠᠯ᠎ᠠ ᠪᠡᠷ ᠥᠷᠨᠢᠭᠦᠯᠵᠦ᠍᠂ ᠬᠣᠱᠢᠭᠤᠨ ᠤ᠋ ᠤᠳᠤᠷᠢᠳᠤᠯᠭ᠎ᠠ ᠲᠦᠷᠦᠭᠦᠯᠡᠨ᠂ ᠪᠥᠬᠥ᠌ ᠬᠣᠱᠢᠭᠤᠨ ᠤ᠋ ᠨᠠᠮ ᠵᠠᠰᠠᠭ ᠤ᠋ᠨ ᠪᠠᠢᠭᠤᠯᠭ᠎ᠠ ᠢ᠋ᠢᠨ ᠺᠠᠳ᠋ᠷ᠂ ᠠᠵᠤ ᠠᠬᠤᠢᠯᠠᠯ ᠤ᠋ᠨ ᠠᠵᠢᠯᠲᠠᠨ ᠠᠵᠢᠯᠴᠢᠨ᠂ ᠮᠠᠯᠴᠢᠨ ᠲᠠᠷᠢᠶᠠᠴᠢᠨ᠂ ᠰᠣᠷᠣᠭ᠍ᠴᠢ ᠵᠡᠷᠭᠡ ᠡᠯ᠎ᠡ ᠲᠠᠯ᠎ᠠ ᠢ᠋ᠢᠨ ᠬᠦᠮᠦᠰ ᠢ᠋ ᠵᠣᠬᠢᠶᠠᠨ ᠪᠠᠢᠭᠤᠯᠵᠤ ᠬᠠᠮᠲᠤᠷᠠᠭ᠍ᠰᠠᠨ ᠳᠠᠢᠯᠠᠯᠳᠤᠭᠠᠨ ᠳ᠋ᠤ ᠣᠷᠣᠯᠴᠠᠭᠤᠯᠪᠠ᠃

ᠣᠲᠣᠭ ᠤ᠋ᠨ ᠡᠮᠦᠨᠡᠲᠦ ᠬᠣᠱᠢᠭᠤᠨ ᠤ᠋ ᠨᠠᠮ ᠤ᠋ᠨ ᠬᠣᠷᠢᠶᠠᠨ ᠤ᠋ ᠱᠦᠵᠢ ᠸᠠᠩ ᠢᠦᠶ ᠴᠢᠶᠠᠩ ᠤ᠋ᠨ ᠬᠡᠯᠡᠬᠦ ᠪᠡᠷ᠂ ᠪᠥᠬᠥ᠌ ᠬᠣᠱᠢᠭᠤᠨ ᠳ᠋ᠤ ᠪᠠᠰᠠ 70 ᠲᠦᠮᠡᠨ ᠮᠥ᠍ ᠡᠯᠡᠰᠦᠷᠬᠡᠭ ᠭᠠᠵᠠᠷ ᠢ᠋ ᠵᠠᠰᠠᠬᠤ ᠴᠢᠬᠤᠯᠠᠲᠠᠶ ᠪᠠᠢᠵᠤ᠂ 2024 ᠣᠨ ᠳ᠋ᠤ 25 ᠲᠦᠮᠡᠨ ᠮᠥ᠍ ᠵᠢ ᠨᠢ ᠵᠠᠰᠠᠬᠤ ᠪᠡᠷ ᠲᠥᠯᠥᠪᠯᠡᠵᠦ᠍ ᠪᠠᠢᠬᠤ ᠪᠥᠭᠡᠳ ᠦᠯᠡᠳᠡᠭ᠌ᠰᠡᠨ ᠵᠠᠰᠠᠯᠲᠠ ᠢ᠋ᠢᠨ ᠠᠵᠢᠯ ᠢ᠋ ᠲᠦᠷᠭᠡᠬᠡᠨ ᠪᠡᠶᠡᠯᠡᠭᠦᠯᠵᠦ᠍᠂ ᠮᠤᠤᠠᠤᠰᠤ ᠢ᠋ᠢᠨ ᠡᠯᠡᠰᠦᠷᠬᠡᠭ ᠭᠠᠵᠠᠷ ᠢ᠋ ᠵᠠᠰᠠᠬᠤ《ᠬᠦᠴᠢᠷ ᠠᠰᠠᠭᠤᠳᠠᠯ》 ᠢ᠋ ᠴᠢᠷᠮᠠᠢᠨ ᠱᠢᠶ᠋ᠳᠪᠦᠷᠢᠯᠡᠬᠦ ᠪᠤᠯᠤᠨ᠎ᠠ ᠃

ᠱᠤᠭᠤᠮ ᠲᠡᠲᠡᠨ᠎ᠠ᠂ ᠡᠯᠡᠰᠤᠨ ᠬᠠᠯᠬᠠᠪᠴᠢ ᠢ᠋ᠢ ᠳᠠᠷᠤᠨ᠎ᠠ ᠂ ᠨᠦᠬᠡ ᠮᠠᠯᠲᠠᠨ᠎ᠠ ᠁ ᠲᠦᠩᠯᠢᠶᠣᠤ ᠬᠤᠳᠠ ᠢ᠋ᠢᠨ ᠬᠣᠷᠴᠢᠨ ᠲᠣᠭᠣᠷᠢᠭ ᠤ᠋ᠨ ᠳᠠᠯᠠᠡᠭ ᠪᠠᠯᠭᠠᠰᠤ ᠢ᠋ᠢᠨ ᠪᠤᠷᠤ ᠬᠤᠳᠳᠤᠭ ᠭᠠᠴᠠᠭ᠎ᠠ ᠢ᠋ᠢᠨ ᠬᠣᠷᠴᠢᠨ ᠤ᠋ ᠡᠯᠡᠰᠦᠷᠬᠡᠭ ᠭᠠᠵᠠᠷ ᠢ᠋ ᠶᠡᠷᠦᠩᠬᠡᠢᠯᠡᠨ ᠵᠠᠰᠠᠬᠤ ᠵᠢᠱ᠌ᠢᠢ᠎ᠡ ᠦᠵᠡᠭᠦᠯᠬᠦ᠌ ᠣᠷᠣᠨ ᠳ᠋ᠤ ᠵᠠᠭᠤ ᠱᠢᠬᠠᠮ ᠠᠵᠢᠯᠴᠢᠨ ᠶᠡᠬᠡ ᠰᠠᠯᠬᠢᠨ ᠢ᠋ ᠰᠥᠷᠤᠨ ᠡᠯᠡᠰᠦ ᠢ᠋ᠢ ᠵᠠᠰᠠᠬᠤ ᠡᠮᠦᠨ᠎ᠡ ᠹᠷᠣᠨᠲ ᠲᠤ᠌ ᠡᠷᠡᠮᠡᠬᠡᠢᠯᠡᠨ ᠠᠵᠢᠯᠯᠠᠨ᠎ᠠ ᠃ ᠳᠠᠯᠠᠡᠭ ᠪᠠᠯᠭᠠᠰᠤ ᠵᠢᠨ ᠵᠧᠨ ᠳᠧᠦ ᠲᠣᠰᠭᠣᠨ ᠤ᠋ ᠠᠷᠠᠳ ᠶᠠᠩ ᠭᠤᠸᠠᠩ ᡁᠢ ᠄《ᠤᠯᠠᠨ ᠢ᠋ᠢᠡᠷ ᠢ᠋ᠢᠡᠨ ᠬᠠᠪᠤᠷ ᠤ᠋ᠨ ᠠᠭᠤᠷ ᠤᠷᠤᠬᠤ ᠡᠴᠡ ᠡᠮᠦᠨ᠎ᠠ ᠪᠡᠯᠡᠳᠭᠡᠯ ᠢ᠋ᠢᠡᠨ ᠬᠢᠵᠤ᠂ ᠤᠢ᠍ᠢᠷ᠎ᠠ ᠳ᠋ᠤ ᠵᠢᠭᠠᠷᠲᠤ ᠨᠠᠷᠠᠰᠤ᠂ ᠬᠠᠢᠯᠠᠰᠤ᠂ ᠴᠢᠴᠠᠷᠭᠠᠨ᠎ᠠ ᠵᠡᠷᠭᠡ ᠭᠠᠩ ᠳ᠋ᠤ ᠲᠡᠭᠠᠭᠠᠴᠠᠳᠠᠢ ᠮᠣᠳᠣ ᠲᠠᠷᠢᠵᠤ ᠪᠠᠢᠨ᠎ᠠ》 ᠭᠡᠪᠠ᠃

ᠬᠣᠷᠴᠢᠨ ᠤ᠋ ᠡᠯᠡᠰᠦᠷᠬᠡᠭ ᠭᠠᠵᠠᠷ ᠥᠪᠥᠷ ᠮᠣᠩᠭᠣᠯ᠂ ᠭᠢᠷᠢᠨ ᠪᠣᠯᠤᠨ ᠯᠢᠶᠣᠤᠨᠢᠩ ᠭᠤᠷᠪᠠᠨ ᠮᠤᠵᠢ ᠣᠷᠣᠨ ᠢ᠋ ᠰᠤᠨᠳᠠᠯᠠᠵᠤ᠂ ᠶᠡᠷᠦᠩᠬᠡᠶ ᠲᠠᠯᠠᠪᠠᠶ ᠨᠢ 7760 ᠲᠦᠮᠡᠨ ᠮᠥ᠍ ᠪᠠᠢᠵᠤ᠂ ᠮᠠᠨ ᠤ᠋ ᠤᠯᠤᠰ ᠤ᠋ᠨ ᠳᠥᠷᠪᠡᠨ ᠶᠡᠬᠡ ᠡᠯᠡᠰᠦᠷᠬᠡᠭ ᠭᠠᠵᠠᠷ ᠤ᠋ᠨ ᠳᠣᠲᠣᠷᠠᠬᠢ ᠲᠠᠯᠠᠪᠠᠶ ᠪᠡᠷ ᠬᠠᠮᠤᠭ ᠤ᠋ᠨ ᠶᠡᠬᠡ ᠡᠯᠡᠰᠦᠷᠬᠡᠭ ᠭᠠᠵᠠᠷ ᠪᠣᠯᠤᠨ᠎ᠠ᠃ ᠡᠭᠦᠨ ᠳ᠋ᠤ ᠲᠦᠩᠯᠢᠶᠣᠤ ᠬᠣᠲᠠ ᠢ᠋ᠢᠨ ᠬᠢᠯᠢ ᠳᠣᠲᠣᠷᠠᠬᠢ ᠡᠯᠡᠰᠦᠷᠬᠡᠭ ᠭᠠᠵᠠᠷ ᠨᠢ ᠬᠣᠷᠴᠢᠨ ᠤ᠋ ᠡᠯᠡᠰᠦᠷᠬᠡᠭ ᠭᠠᠵᠠᠷ ᠤ᠋ᠨ ᠶᠡᠷᠦᠩᠬᠡᠶ ᠲᠠᠯᠠᠪᠠᠶ ᠢ᠋ᠢᠨ 52.9% ᠢ᠋ᠢ ᠡᠵᠡᠯᠡᠵᠦ᠍᠂ ᠬᠣᠷᠴᠢᠨ ᠤ᠋ ᠡᠯᠡᠰᠦᠷᠬᠡᠭ ᠭᠠᠵᠠᠷ ᠤ᠋ᠨ ᠰᠥᠨᠥᠭᠡᠯᠲᠡ ᠢ᠋ᠢᠨ ᠳᠠᠢᠯᠠᠯᠳᠤᠭᠠᠨ ᠤ᠋ ᠭᠣᠣᠯ ᠣᠷᠣᠨ ᠪᠤᠯᠵᠠᠢ᠃ ᠡᠨᠡ ᠵᠢᠯ ᠲᠦᠩᠯᠢᠶᠤᠤ ᠬᠤᠳᠠ 400 ᠲᠦᠮᠡᠨ ᠮᠦ᠍ ᠡᠯᠡᠰᠦ ᠢ᠋ᠢ ᠵᠠᠰᠠᠬᠤ ᠪᠡᠷ ᠲᠥᠯᠥᠪᠯᠡᠵᠦ᠍᠂ ᠵᠢᠱ᠌ᠢᠯᠲᠡ ᠪᠡᠷ 10 ᠰᠠᠷ᠎ᠠ ᠢ᠋ᠢᠨ ᠰᠡᠭᠦᠯᠴᠢ ᠪᠡᠷ ᠳᠠᠭᠤᠰᠭᠠᠬᠤ ᠪᠤᠯᠤᠨ᠎ᠠ ᠃

ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠣᠶ ᠱᠢᠭᠤᠶ ᠪᠠ ᠨᠤᠲᠤᠭ ᠪᠡᠯᠴᠢᠭᠡᠷ ᠤ᠋ᠨ ᠲᠣᠪᠴᠢᠶ᠎ᠠ ᠢ᠋ᠢᠨ ᠳᠡᠳ᠋ ᠳᠠᠷᠤᠭ᠎ᠠ ᠴᠧᠨ ᠶᠦᠩ ᠴᠢᠤᠸᠠᠨ ᠤ᠋ ᠬᠡᠯᠡᠬᠦ ᠪᠡᠷ ᠂ ᠬᠠᠪᠤᠷ ᠤ᠋ᠨ ᠠᠭᠤᠷ ᠤᠷᠤᠭ᠍ᠰᠠᠨ ᠤ᠋ ᠳᠠᠷᠠᠭ᠎ᠠ ᠡᠯ᠎ᠡ ᠭᠠᠵᠠᠷ ᠤ᠋ᠨ ᠬᠢᠨ ᠦᠳᠲᠡᠷ ᠲᠦᠷᠭᠡᠨ ᠬᠥᠳᠡᠯᠦᠯᠴᠡᠵᠦ᠍᠂ ᠪᠠᠷᠠᠭᠤᠨ ᠡᠴᠡ ᠵᠡᠭᠦᠨᠰᠢ᠂ ᠡᠮᠦᠨ᠎ᠡ ᠡᠴᠡ ᠤᠮᠠᠷᠠᠰᠢ ᠡᠯᠡᠰᠦᠷᠬᠡᠭ᠌ᠵᠢᠯ ᠢ᠋ ᠰᠡᠷᠭᠡᠢᠯᠡᠨ ᠡᠯᠡᠰᠤ ᠢ᠋ᠢ ᠵᠠᠰᠠᠬᠤ ᠶᠡᠬᠡ ᠳᠠᠢᠯᠠᠯᠳᠤᠭᠠᠨ ᠢ᠋ ᠠᠬᠢᠭᠤᠯᠵᠤ᠂ ᠡᠨᠡ ᠵᠢᠯ ᠤ᠋ᠨ 1500 ᠲᠦᠮᠡᠨ ᠮᠤ᠌ ᠡᠴᠡ ᠳᠡᠭᠡᠭ᠌ᠰᠢᠬᠢ ᠡᠯᠡᠰᠦᠷᠬᠡᠭ᠌ᠵᠢᠯ ᠢ᠋ ᠰᠡᠷᠭᠡᠢᠯᠡᠨ ᠡᠯᠡᠰᠦ ᠢ᠋ᠢ ᠵᠠᠰᠠᠬᠤ ᠡᠭᠦᠷᠭᠡ ᠪᠠᠨ ᠴᠢᠨᠠᠷ ᠰᠠᠢᠲᠠᠶ ᠪᠡᠷ ᠪᠡᠶᠡᠯᠡᠭᠦᠯᠬᠦ᠌᠎ᠪᠡᠷ ᠲᠥᠯᠥᠪᠯᠡᠵᠦ᠍ ᠪᠠᠢᠨ᠎ᠠ ᠃

ᠡᠯᠡᠰᠦᠨ ᠴᠦᠯ ᠢ᠋ ᠨᠤᠭᠤᠭᠠᠨ ᠪᠦᠷᠢᠳᠤ《 ᠡᠨᠧᠷᠬᠢ ᠶ᠋ᠢᠨ ᠳᠠᠯᠠᠢ》ᠪᠣᠯᠭᠠᠨ ᠪᠠᠢᠭᠤᠯᠤᠨ᠎ᠠ

ᠰᠢᠷᠭᠠᠯ ᠡᠯᠡᠰᠦᠨ ᠳ᠋ᠦ ᠮᠥᠷ ᠮᠥᠷ ᠮᠥᠩᠭᠥᠨ ᠬᠡᠷᠡᠯ ᠰᠠᠴᠤᠷᠠᠭᠰᠠᠨ ᠪᠣᠯᠣᠳ ᠵᠢᠶᠠᠰᠠ ᠬᠥᠮᠥᠰ ᠤ᠋ᠨ ᠠᠩᠬᠠᠷᠤᠯ ᠢ᠋ ᠲᠠᠲᠠᠨ᠎ᠠ ᠃ ᠠᠵᠢᠯᠴᠢᠳ ᠤᠨᠠᠭᠰᠠᠨ ᠮᠠᠯᠠᠭᠠᠢ ᠪᠠᠨ ᠠᠪᠬᠤ ᠵᠠᠪ ᠦᠬᠡᠢ ᠮᠤᠩᠭᠠᠨᠢᠵᠤ᠂ ᠪᠠᠷᠢᠯᠭ᠎ᠠ ᠶ᠋ᠢᠨ ᠮᠠᠰᠢᠨ ᠲᠡᠷᠭᠡ ᠨᠤᠬᠦᠳ ᠨᠠᠭᠠᠰᠢ ᠴᠠᠭᠠᠰᠢ ᠰᠦᠯᠵᠢᠯᠳᠦᠨ᠂ ᠬᠡᠷᠡᠯᠴᠢ ᠴᠡᠨᠡᠭ ᠤ᠋ᠨ ᠬᠠᠪᠲᠠᠰᠤ ᠵᠢ ᠲᠡᠭᠡᠭᠡᠪᠦᠷᠢᠯᠡᠨ ᠤᠭᠰᠠᠷᠠᠵᠦ ᠶᠠᠭᠠᠷᠠᠯᠳᠤᠨ᠎ᠠ ᠁ ᠤᠯᠠᠭᠠᠨᠪᠤᠬ᠎ᠠ ᠵᠢᠨ ᠡᠯᠡᠰᠦᠨ ᠤ᠋ 85 ᠲᠦᠮᠡᠨ ᠺᠢᠯᠦᠸᠠᠲ ᠤ᠋ᠨ《ᠬᠡᠷᠡᠯᠴᠢ ᠴᠡᠨᠡᠭ + ᠠᠮᠢ ᠠᠬᠤᠢ ᠶ᠋ᠢᠨ ᠵᠠᠰᠠᠯᠲᠠ》 ᠶ᠋ᠢᠨ ᠲᠥᠷᠥᠯ ᠵᠦᠢᠯ ᠢ᠋ ᠶᠠᠭ ᠱᠠᠯᠠᠪᠳᠠᠨ ᠪᠠᠢᠭᠤᠯᠵᠤ ᠪᠠᠢᠨ᠎ᠠ ᠃

《ᠬᠡᠷᠡᠯᠴᠢ ᠴᠡᠨᠡᠭ ᠤ᠋ᠨ ᠬᠠᠪᠲᠠᠰᠤ ᠨᠢ ᠨᠠᠷᠠᠨ ᠤ᠋ ᠭᠡᠷᠡᠯ ᠢ᠋ ᠬᠠᠯᠬᠠᠯᠠᠨ᠂ ᠤᠰᠤᠨ ᠤ᠋ ᠠᠭᠤᠷᠰᠢᠯᠲᠠ ᠵᠢ ᠪᠠᠭᠠᠰᠬᠠᠵᠤ ᠴᠢᠳᠠᠳᠠᠭ ᠃ ᠬᠠᠪᠲᠠᠰᠤᠨ ᠲᠤᠤᠷ᠎ᠠ ᠨᠤᠲᠤᠭ ᠤ᠋ᠨ ᠡᠪᠡᠰᠦ ᠪᠠ ᠵᠢᠮᠢᠰ ᠤ᠋ᠨ ᠮᠣᠳᠣ᠌ ᠲᠠᠷᠢᠪᠠᠯ ᠡᠯᠡᠰᠦ ᠵᠢ ᠲᠣᠭᠲᠠᠪᠤᠷᠢᠵᠢᠭᠤᠯᠵᠤ ᠴᠢᠳᠠᠬᠤ ᠮᠥᠷᠲᠡᠭᠡᠨ ᠮᠠᠯ ᠤ᠋ᠨ ᠪᠣᠷᠳᠣᠭ᠎ᠠ ᠪᠠ ᠡᠮ ᠤ᠋ᠨ ᠮᠠᠲᠧᠷᠢᠶᠠᠯ ᠬᠠᠩᠭᠠᠵᠤ ᠂ ᠵᠢᠮᠢᠰ ᠬᠤᠷᠢᠶᠠᠵᠤ ᠪᠤᠯᠤᠨ᠎ᠠ》 ᠭᠡᠵᠦ ᠲᠤᠬᠠᠢ ᠶ᠋ᠢᠨ ᠲᠠᠯᠠᠪᠠᠶ ᠶ᠋ᠢᠨ ᠮᠡᠷᠭᠡᠵᠢᠯᠲᠡᠨ ᠰᠤᠷᠪᠤᠯᠵᠢᠯᠠᠭ᠍ᠴᠢ ᠳ᠋ᠦ ᠬᠡᠯᠡᠨ᠎ᠠ ᠃ ᠤᠯᠠᠭᠠᠨᠪᠤᠬ᠎ᠠ ᠵᠢᠨ ᠡᠯᠡᠰᠦᠨ ᠤ᠋ 85 ᠲᠦᠮᠡᠨ ᠺᠢᠯᠦᠸᠠᠲ ᠤ᠋ᠨ《ᠬᠡᠷᠡᠯᠴᠢ ᠴᠡᠨᠡᠭ + ᠠᠮᠢ ᠠᠬᠤᠢ ᠶ᠋ᠢᠨ ᠵᠠᠰᠠᠯᠲᠠ》 ᠶ᠋ᠢᠨ ᠲᠥᠷᠥᠯ ᠵᠦᠢᠯ ᠤ᠋ᠨ ᠬᠡᠷᠡᠯᠴᠢ ᠴᠡᠨᠡᠭ ᠤ᠋ᠨ ᠬᠠᠪᠲᠠᠰᠤᠨ ᠤ᠋ ᠬᠣᠭᠣᠷᠣᠨᠳᠣᠬᠢ ᠵᠠᠢ ᠨᠢ 12 ᠮᠧᠲᠷ ᠂ ᠬᠠᠪᠲᠠᠰᠤᠨ ᠤ᠋ ᠳᠣᠣᠷᠠᠬᠢ ᠥᠨᠳᠥᠷ ᠤ᠋ᠨ ᠬᠡᠮᠵᠢᠶ᠎ᠡ ᠨᠢ 1.8 ᠮᠧᠲᠷ ᠪᠠᠢᠵᠤ ᠂ ᠪᠣᠳᠠ ᠮᠣᠳᠣ᠌ ᠪᠠ ᠡᠪᠡᠰᠦ ᠵᠡᠷᠭᠡ ᠵᠢᠨ ᠤᠷᠭᠤᠯᠳᠠ ᠳ᠋ᠤ ᠬᠠᠩᠭᠠᠯᠳᠠᠳᠠᠢ ᠣᠷᠣᠨ ᠵᠠᠢ ᠦᠯᠡᠳᠡᠬᠡᠵᠤ᠂ ᠳᠥᠷᠪᠡᠯᠵᠢᠨ ᠡᠪᠡᠰᠦᠨ ᠬᠦᠷᠢᠶ᠎ᠠ ᠳᠣᠲᠣᠷ᠎ᠠ ᠵᠠᠭ ᠵᠡᠷᠭᠡ ᠭᠠᠩ ᠳ᠋ᠦ ᠳᠡᠭᠠᠭᠠᠴᠠᠳᠠᠢ ᠤᠷᠭᠤᠮᠠᠯ ᠳᠠᠷᠢᠬᠤ ᠶ᠋ᠢᠨ ᠬᠠᠮᠲᠤ ᠴᠠᠭᠠᠨ ᠭᠣᠶᠣᠣ ᠵᠡᠷᠭᠡ ᠣᠨᠴᠠᠯᠢᠭ᠍ᠲᠤ ᠲᠠᠷᠢᠮᠠᠯ ᠪᠠ ᠲᠡᠵᠢᠭᠡᠪᠦᠷᠢ ᠶ᠋ᠢᠨ ᠦᠢᠯᠡᠰ ᠢ᠋ ᠬᠥᠭᠵᠢᠭᠦᠯᠵᠦ ᠂ ᠡᠭᠦᠨ ᠤ᠋ ᠤᠯᠠᠮ ᠢ᠋ᠶ᠋ᠠᠷ ᠠᠮᠢ ᠠᠬᠤᠢ ᠶ᠋ᠢᠨ ᠪᠦᠲᠦᠭᠡᠨ ᠪᠠᠢᠭᠤᠯᠤᠯᠲᠠ᠂ ᠰᠢᠨ᠎ᠡ ᠡᠨᠧᠷᠭᠢ ᠶ᠋ᠢᠨ ᠨᠡᠭᠡᠭᠡᠨ ᠬᠦᠭᠵᠢᠬᠦᠯᠦᠯᠳᠡ ᠪᠠ ᠣᠨᠴᠠᠯᠢᠭ᠍ᠲᠤ ᠠᠵᠤ ᠦᠢᠯᠡᠰ ᠤ᠋ᠨ ᠬᠥᠭᠵᠢᠯᠲᠡ ᠶ᠋ᠢᠨ ᠭᠤᠷᠮᠤᠰᠤᠨ ᠦᠷ᠎ᠠ ᠠᠰᠢᠭ ᠢ᠋ ᠡᠬᠦᠳᠴᠦ ᠪᠤᠯᠬᠤ ᠠᠵᠢ ᠃

ᠡᠯᠡᠰᠦ ᠮᠠᠩᠬ᠎ᠠ᠂ ᠡᠯᠡᠰᠦᠷᠬᠡᠭ ᠭᠠᠵᠠᠷ ᠤ᠋ᠨ ᠤᠷᠤᠨ ᠳ᠋ᠤ ᠬᠥᠮᠥᠨ ᠰᠡᠢᠷᠡᠭ ᠪᠤᠯᠪᠠᠴᠦ ᠰᠠᠯᠬᠢᠨ ᠤ᠋ ᠡᠨᠧᠷᠭᠢ᠂ ᠨᠡᠷᠡᠨ ᠤ᠋ ᠡᠨᠧᠷᠭᠢ ᠶ᠋ᠢᠨ ᠡᠬᠢ ᠪᠠᠶᠠᠯᠢᠭ᠋ ᠯᠤᠲᠤ ᠶᠡᠬᠡ ᠬᠠᠳᠠᠭᠠᠯᠠᠭᠳᠠᠵᠤ ᠪᠠᠢᠳᠠᠭ ᠶᠤᠮ᠃ ᠰᠢᠨ᠎ᠡ ᠠᠬᠤᠢ ᠪᠠᠢᠳᠠᠯ ᠳᠣᠣᠷ᠎ᠠ ᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠨᠠᠮ ᠤ᠋ᠨ ᠬᠣᠷᠢᠶ᠎ᠠ 《ᠥᠭᠡᠷᠡᠴᠢᠯᠡᠯᠲᠡ ᠶ᠋ᠢᠨ ᠰᠡᠳᠬᠢᠴᠡ》ᠪᠡᠷ ᠠᠮᠢ ᠠᠬᠤᠢ ᠶ᠋ᠢᠨ ᠬᠠᠮᠠᠭᠠᠯᠠᠯᠲᠠ ᠰᠡᠷᠭᠦᠭᠡᠯᠲᠡ ᠵᠢ ᠰᠢᠰᠲᠧᠮ ᠲᠠᠢ ᠠᠬᠢᠭᠤᠯᠵᠤ ᠂ ᠡᠯᠡᠰᠦᠷᠭᠡᠭᠵᠢᠯ ᠢ᠋ ᠰᠡᠷᠭᠡᠢᠯᠡᠵᠦ ᠡᠯᠡᠰᠦ ᠵᠢ ᠵᠠᠰᠠᠬᠤ ᠪᠠ ᠰᠠᠯᠬᠢᠨ ᠬᠦᠴᠦᠨ ᠤ᠋ ᠴᠠᠬᠢᠯᠭᠠᠨ ᠭᠡᠷᠡᠯᠴᠢ ᠴᠡᠨᠡᠭ ᠢ᠋ ᠨᠢᠭᠡ ᠴᠣᠭᠴᠠᠵᠢᠭᠤᠯᠬᠤ ᠢᠨᠵᠧᠨᠧᠷᠢᠩ ᠢ᠋ ᠬᠡᠷᠡᠭᠵᠢᠬᠦᠯᠬᠦ ᠰᠢᠢᠳᠪᠦᠷᠢᠲᠦ ᠪᠣᠳᠣᠯᠭ᠎ᠠ ᠵᠢ ᠲᠣᠭᠲᠠᠭᠠᠨ ᠬᠡᠷᠡᠭᠵᠢᠭᠦᠯᠵᠦ᠂《ᠤᠮᠠᠷᠠᠲᠤ ᠶ᠋ᠢᠨ ᠭᠤᠷᠪᠠᠨ ᠣᠷᠣᠨ》ᠤ᠋ ᠢᠨᠵᠧᠨᠧᠷᠢᠩ ᠤ᠋ᠨ ᠪᠣᠭᠣᠮᠲᠠ ᠰᠢᠪᠲᠤᠯᠬᠤ ᠳᠠᠢᠯᠠᠯᠳᠤᠭᠠᠨ ᠪᠣᠯᠣᠨ ᠰᠢᠨ᠎ᠡ ᠡᠨᠧᠷᠭᠢ ᠶ᠋ᠢᠨ ᠪᠦᠲᠦᠭᠡᠨ ᠪᠠᠢᠭᠤᠯᠤᠯᠲᠠ ᠵᠢ ᠨᠢᠭᠡ ᠴᠣᠭᠴᠠᠵᠢᠭᠤᠯᠬᠤ ᠪᠡᠷ ᠴᠢᠷᠮᠠᠢᠨ᠂ ᠨᠣᠭᠣᠭᠠᠷᠠᠭᠤᠯᠤᠯᠲᠠ ᠵᠢ ᠨᠡᠮᠡᠭᠳᠡᠭᠦᠯᠬᠦ᠂ ᠡᠨᠧᠷᠭᠢ ᠵᠢ ᠨᠡᠮᠡᠭᠳᠡᠭᠦᠯᠬᠦ᠂ ᠣᠷᠣᠯᠭ᠎ᠠ ᠵᠢ ᠨᠡᠮᠡᠭᠳᠡᠭᠦᠯᠬᠦ ᠵᠢ ᠨᠢᠭᠡᠳᠦᠯᠲᠡᠢ ᠲᠥᠯᠥᠪᠵᠢᠭᠦᠯᠦᠨ ᠠᠬᠢᠭᠤᠯᠵᠤ ᠂ 《1 + 1〉2》 ᠪᠠᠢᠬᠤ ᠦᠷ᠎ᠡ ᠪᠦᠲᠦᠮᠵᠢ ᠵᠢ ᠬᠦᠷᠳᠡᠵᠤ ᠪᠠᠢᠨ᠎ᠠ᠃

ᠤᠯᠠᠭᠠᠨᠪᠤᠬ᠎ᠠ ᠵᠢᠨ ᠡᠯᠡᠰᠦᠨ ᠤ᠋ ᠶᠡᠷᠦᠩᠬᠡᠢ ᠲᠠᠯᠠᠪᠠᠶ 1500 ᠭᠠᠷᠤᠢ ᠲᠦᠮᠡᠨ ᠮᠦ᠍ ᠪᠠᠢᠳᠠᠭ᠃ ᠤᠢᠯᠠᠭᠠᠭᠰᠠᠨ ᠢ᠋ᠶ᠋ᠠᠷ᠂ ᠤᠯᠠᠭᠠᠨᠪᠤᠬ᠎ᠠ ᠵᠢᠨ ᠡᠯᠡᠰᠦ ᠵᠢ ᠵᠠᠰᠠᠬᠤ ᠳ᠋ᠦ 《ᠬᠠᠪᠲᠠᠰᠤᠨ ᠳᠡᠭᠡᠷ᠎ᠡ ᠴᠠᠬᠢᠯᠭᠠᠨ ᠭᠠᠷᠭᠠᠬᠤ᠂ ᠬᠠᠪᠲᠠᠰᠤᠨ ᠳᠣᠣᠷ᠎ᠠ ᠳᠠᠷᠢᠬᠤ ᠂ ᠡᠯᠡᠰᠦ ᠵᠢ ᠵᠠᠰᠠᠵᠤ ᠬᠥᠷᠥᠰᠥ ᠵᠢ ᠰᠠᠢᠵᠢᠷᠠᠭᠤᠯᠬᠤ᠂ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ ᠵᠢ ᠳᠠᠢᠴᠢᠯᠠᠬᠤ》 ᠳᠥᠷᠪᠡ ᠵᠢ ᠨᠢᠭᠡ ᠴᠣᠭᠴᠠᠵᠢᠭᠤᠯᠤᠭᠰᠠᠨ ᠠᠵᠤ ᠦᠢᠯᠡᠰ ᠤ᠋ᠨ ᠬᠥᠭᠵᠢᠯᠲᠡ ᠶ᠋ᠢᠨ ᠵᠠᠭᠪᠤᠷ ᠢ᠋ ᠶᠡᠬᠡ ᠬᠡᠪᠴᠢᠶ᠎ᠡ ᠪᠡᠷ ᠬᠡᠷᠡᠭᠯᠡᠵᠦ᠂ ᠡᠯᠡᠰᠦᠨ ᠴᠦᠯ ᠢ᠋ ᠨᠤᠭᠤᠭᠠᠨ ᠪᠦᠷᠢᠳᠤ《ᠡᠨᠧᠷᠬᠢ ᠶ᠋ᠢᠨ ᠳᠠᠯᠠᠢ》 ᠪᠣᠯᠭᠠᠬᠤ ᠪᠠᠷ ᠴᠢᠷᠮᠠᠢᠵᠦ ᠪᠠᠢᠨ᠎ᠠ ᠃

ᠠᠯᠠᠱᠠ ᠠᠢᠮᠠᠭ ᠤ᠋ᠨ ᠲᠡᠭᠷᠢ ᠡᠯᠡᠰᠦ ᠵᠢᠨ ᠡᠯᠡᠰᠤ ᠭᠤᠪᠢ ᠴᠦᠯᠯᠡᠷᠬᠡᠭ ᠭᠠᠵᠠᠷ ᠤ᠋ᠨ 1220 ᠲᠦᠮᠡᠨ ᠺᠢᠯᠦᠸᠠᠲ ᠤ᠋ᠨ ᠰᠢᠨ᠎ᠡ ᠡᠨᠧᠷᠭᠢ ᠶ᠋ᠢᠨ ᠲᠦᠷᠦᠯ ᠵᠦᠢᠯ ᠤ᠋ᠨ ᠨᠢᠭᠡᠳᠦᠭᠡᠷ᠂ ᠬᠣᠶᠠᠳᠤᠭᠠᠷ ᠬᠤᠭᠤᠴᠠᠭᠠᠨ ᠤ᠋ ᠪᠠᠷᠢᠯᠭ᠎ᠠ ᠶ᠋ᠢᠨ ᠠᠬᠤᠢ ᠲᠠᠯᠠᠪᠠᠢ ᠳ᠋ᠦ 100 ᠭᠠᠷᠤᠢ ᠰᠢᠷᠣᠢ ᠲᠦᠯᠬᠢᠬᠦ ᠮᠠᠰᠢᠨ ᠪᠠ ᠡᠷᠭᠦᠭᠦᠷ ᠲᠡᠷᠭᠡ ᠵᠡᠷᠭᠡ ᠵᠢ ᠱᠠᠯᠠᠪᠳᠠᠨ ᠠᠵᠢᠯᠯᠠᠭᠤᠯᠵᠤ ᠂ ᠲᠤᠯᠭᠠᠭᠤᠷᠢ ᠳᠠᠯᠪᠢᠬᠤ ᠮᠠᠰᠢᠨ ᠵᠢᠡᠷ 6 ᠮᠧᠲᠷ ᠤᠷᠳᠤ ᠱᠦᠢᠨᠢ ᠪᠠᠭᠠᠨ᠎ᠠ ᠵᠢ ᠲᠡᠷᠢ ᠲᠡᠭᠰᠢ ᠵᠢᠭᠳᠡᠷᠡᠬᠦᠯᠦᠨ ᠪᠤᠰᠬᠠᠵᠦ ᠪᠠᠢᠪᠠ ᠃ ᠥᠪᠥᠷ ᠮᠣᠩᠭᠣᠯ ᠤ᠋ᠨ ᠬᠤᠸᠠ ᠳ᠋ᠢᠶᠠᠨ ᠪᠦᠯᠦᠭᠯᠡᠯ ᠤ᠋ᠨ ᠲᠡᠭᠷᠢ ᠡᠨᠧᠷᠭᠢ ᠶ᠋ᠢᠨ ᠺᠣᠮᠫᠠᠨᠢ ᠶ᠋ᠢᠨ ᠳᠡᠳ᠋ ᠶᠡᠷᠦᠩᠬᠡᠢ ᠳᠠᠭᠠᠭᠠᠮᠠᠯ ᠠᠨ ᠮᠦ᠍ ᠨᠢᠩ ᠄《ᠡᠨᠡ ᠵᠢᠯ ᠬᠣᠶᠠᠷ ᠬᠤᠭᠤᠴᠠᠭ᠎ᠠ ᠬᠤᠪᠢᠶᠠᠨ 200 ᠲᠦᠮᠡᠨ ᠺᠢᠯᠦᠸᠠᠲ ᠤ᠋ᠨ ᠭᠡᠷᠡᠯᠴᠢ ᠴᠡᠨᠡᠭ ᠤ᠋ᠨ ᠲᠦᠷᠦᠯ ᠵᠦᠢᠯ ᠢ᠋ ᠬᠡᠷᠡᠭᠵᠢᠭᠦᠯᠬᠦ ᠪᠡᠷ ᠲᠥᠯᠥᠪᠯᠡᠵᠦ ᠂ ᠲᠦᠷᠦᠯ ᠵᠤᠢᠯ ᠢ᠋ ᠡᠪᠡᠰᠦᠨ ᠬᠦᠷᠢᠶ᠎ᠠ ᠪᠠᠢᠭᠤᠯᠬᠤ᠂ ᠵᠠᠭ ᠲᠠᠷᠢᠬᠤ ᠲᠠᠢ ᠤᠶᠠᠯᠳᠤᠭᠤᠯᠵᠤ ᠪᠠᠢᠨ᠎ᠠ ᠃ ᠲᠤᠰ ᠰᠠᠭᠤᠷᠢᠨ ᠢ᠋ ᠪᠠᠢᠭᠤᠯᠤᠭᠰᠠᠨ ᠤ᠋ ᠳᠠᠷᠠᠭ᠎ᠠ᠂ ᠵᠢᠯ ᠪᠦᠷᠢ 1 ᠳ᠋ᠦᠩᠰᠢᠭᠤᠷ ᠺᠢᠯᠦᠸᠠᠲ ᠴᠠᠭ ᠤ᠋ᠨ ᠪᠣᠬᠢᠷᠲᠤᠯ ᠦᠭᠡᠢ ᠴᠠᠬᠢᠯᠭᠠᠨ ᠭᠠᠷᠭᠠᠬᠤ ᠵᠢᠨ ᠬᠠᠮᠳᠤ 5 ᠲᠦᠮᠡᠨ ᠮᠦ᠍ ᠡᠯᠡᠰᠦ ᠵᠢ ᠲᠣᠭᠲᠠᠪᠤᠷᠢᠵᠢᠭᠤᠯᠵᠤ ᠴᠢᠳᠠᠨ᠎ᠠ》 ᠭᠡᠵᠦ ᠲᠠᠨᠢᠯᠴᠠᠭᠤᠯᠤᠨ᠎ᠠ ᠃

ᠬᠠᠲᠤᠨ ᠭᠣᠣᠯ ᠤ᠋ᠨ《ᠶᠡᠬᠡ ᠲᠣᠬᠣᠢ》 ᠶ᠋ᠢᠨ ᠪᠣᠭᠣᠮᠲᠠ ᠰᠢᠪᠲᠤᠯᠬᠤ ᠳᠠᠢᠯᠠᠯᠳᠤᠭᠠᠨ ᠪᠠ ᠾᠧᠰᠢ ᠶ᠋ᠢᠨ ᠬᠣᠩᠭᠢᠯ — ᠲᠠᠺᠯᠢᠮᠠᠺᠠᠨ ᠡᠯᠡᠰᠦᠨ ᠴᠥᠯ ᠤ᠋ᠨ ᠬᠥᠪᠡᠭᠡ ᠵᠠᠬ᠎ᠠ ᠵᠢᠨ ᠬᠣᠷᠢᠭ᠍ᠯᠠᠯᠲᠠ ᠶ᠋ᠢᠨ ᠳᠠᠢᠯᠠᠯᠳᠤᠭᠠᠨ ᠢ᠋ ᠰᠠᠢᠲᠤᠷ ᠬᠢᠬᠦ ᠶ᠋ᠢᠨ ᠲᠥᠯᠥᠭᠡ ᠂ ᠠᠯᠠᠱᠠ ᠠᠢᠮᠠᠭ ᠡᠯᠡᠰᠦᠷᠭᠡᠭᠵᠢᠯ ᠢ᠋ ᠰᠡᠷᠭᠡᠢᠯᠡᠨ ᠡᠯᠡᠰᠦ ᠵᠢ ᠵᠠᠰᠠᠬᠤ ᠪᠠ ᠰᠠᠯᠬᠢᠨ ᠬᠦᠴᠦᠨ ᠤ᠋ ᠴᠠᠬᠢᠯᠭᠠᠨ ᠬᠡᠷᠡᠯᠴᠢ ᠴᠡᠨᠡᠭ ᠢ᠋ ᠨᠢᠭᠡ ᠴᠣᠭᠴᠠᠵᠢᠭᠤᠯᠬᠤ ᠢᠨᠵᠧᠨᠧᠷᠢᠩ ᠢ᠋ ᠲᠦᠷᠭᠡᠳᠬᠡᠨ ᠬᠡᠷᠡᠭᠵᠢᠭᠦᠯᠵᠦ᠂ ᠪᠤᠬᠢᠷᠳᠤᠯ ᠦᠬᠡᠢ ᠡᠨᠧᠷᠭᠢ ᠶ᠋ᠢᠨ ᠮᠠᠰᠢᠨ ᠴᠣᠭᠴᠠᠯᠠᠪᠤᠷᠢ ᠵᠢᠨ ᠬᠡᠪᠴᠢᠶ᠎ᠠ ᠵᠢ 2750 ᠲᠦᠮᠡᠨ ᠺᠢᠯᠦᠸᠠᠲ ᠲᠥᠯᠥᠪᠵᠢᠭᠦᠯᠦᠨ᠂ 288.4 ᠲᠦᠮᠡᠨ ᠮᠦ᠍ ᠡᠯᠡᠰᠦ ᠵᠢ ᠤᠷᠢᠳ ᠵᠢᠡᠷ ᠭᠣᠣᠯᠳᠠᠯᠭ᠎ᠠ ᠲᠠᠢ ᠵᠠᠰᠠᠬᠤ ᠪᠤᠯᠤᠨ᠎ᠠ᠃ ᠡᠨᠡ ᠵᠢᠯ ᠤ᠋ᠨ 3 ᠰᠠᠷ᠎ᠠ ᠡᠴᠡ ᠨᠠᠭᠠᠰᠢ᠂ ᠣᠷᠳᠣᠰ ᠬᠣᠲᠠ ᠶ᠋ᠢᠨ ᠡᠯᠡᠰᠦᠷᠭᠡᠭᠵᠢᠯ ᠢ᠋ ᠰᠡᠷᠭᠡᠢᠯᠡᠵᠦ ᠡᠯᠡᠰᠦ ᠵᠢ ᠵᠠᠰᠠᠬᠤ ᠰᠠᠯᠬᠢᠨ ᠬᠦᠴᠦᠨ ᠤ᠋ ᠴᠠᠬᠢᠯᠭᠠᠨ ᠬᠡᠷᠡᠯᠴᠢ ᠴᠡᠨᠡᠭ ᠢ᠋ ᠨᠢᠭᠡ ᠴᠣᠭᠴᠠᠵᠢᠭᠤᠯᠤᠭᠰᠠᠨ《ᠬᠡᠷᠡᠯᠴᠢ ᠴᠡᠨᠡᠭ ᠤ᠋ᠨ ᠣᠷᠳᠣ᠌ ᠴᠠᠭᠠᠨ ᠬᠡᠷᠡᠮ》ᠤ᠋ᠨ ᠢᠨᠵᠧᠨᠧᠷᠢᠩ ᠳ᠋ᠦ ᠬᠠᠮᠤᠷᠤᠭᠤᠯᠤᠨ ᠣᠷᠣᠭᠤᠯᠤᠭᠰᠠᠨ 26 ᠰᠢᠨ᠎ᠡ ᠡᠨᠧᠷᠭᠢ ᠶ᠋ᠢᠨ ᠲᠥᠷᠥᠯ ᠵᠦᠢᠯ ᠴᠦ᠍ ᠵᠠᠯᠭᠠᠭ᠎ᠠ ᠪᠠᠷ ᠪᠠᠷᠢᠯᠭ᠎ᠠ ᠡᠬᠢᠯᠡᠵᠦ᠂ ᠶᠡᠷᠦᠩᠬᠡᠢ ᠮᠠᠰᠢᠨ ᠴᠣᠭᠴᠠᠯᠠᠪᠤᠷᠢ ᠵᠢᠨ ᠬᠡᠮᠵᠢᠶ᠎ᠠ ᠨᠢ 2024 ᠲᠦᠮᠡᠨ ᠺᠢᠯᠦᠸᠠᠲ ᠲᠦ᠍ ᠬᠦᠷᠴᠦ᠂ ᠡᠨᠡ ᠵᠢᠯ ᠡᠯᠡᠰᠦᠷᠭᠡᠭᠵᠢᠯ ᠢ᠋ ᠰᠡᠷᠭᠡᠢᠯᠡᠵᠦ ᠡᠯᠡᠰᠦ ᠵᠢ ᠵᠠᠰᠠᠬᠤ ᠲᠠᠯᠠᠪᠠᠶ ᠵᠢ 195 ᠲᠦᠮᠡᠨ ᠮᠦ᠍ ᠰᠢᠨ᠎ᠡ ᠪᠡᠷ ᠨᠡᠮᠡᠭᠳᠡᠭᠦᠯᠬᠦ ᠪᠡᠷ ᠪᠤᠢ ᠃

ᠣᠷᠳᠣᠰ ᠬᠤᠳᠠ ᠶ᠋ᠢᠨ ᠳᠡᠳ᠋ ᠳᠠᠷᠤᠭ᠎ᠠ ᠡᠷᠳᠡᠨᠢᠪᠢᠯᠢᠭ ᠤ᠋ᠨ ᠬᠡᠯᠡᠬᠦ ᠪᠡᠷ᠂ ᠣᠷᠳᠣᠰ ᠬᠤᠳᠠ ᠠᠮᠢ ᠠᠬᠤᠢ ᠶ᠋ᠢᠨ ᠬᠠᠮᠠᠭᠠᠯᠠᠯᠲᠠ ᠪᠣᠯᠣᠨ ᠰᠢᠨ᠎ᠡ ᠡᠨᠧᠷᠭᠢ ᠶ᠋ᠢᠨ ᠨᠡᠭᠡᠭᠡᠨ ᠬᠥᠭᠵᠢᠭᠦᠯᠦᠯᠲᠡ ᠵᠢ ᠨᠢᠭᠡᠳᠦᠯᠲᠡᠢ ᠲᠥᠯᠥᠪᠵᠢᠭᠦᠯᠵᠦ᠂ ᠬᠥᠪᠴᠢ ᠶ᠋ᠢᠨ ᠬᠣᠢᠲᠤ ᠵᠠᠬ᠎ᠠ ᠶ᠋ᠢᠨ ᠡᠯᠡᠰᠦᠨ ᠴᠦᠯ ᠢ᠋ ᠡᠮᠵᠢᠶᠡᠷᠢᠯᠡᠬᠦ ᠤᠢ ᠡᠪᠡᠰᠤᠨ ᠤ᠋ ᠪᠦᠰᠡ᠂ ᠬᠥᠪᠴᠢ ᠶ᠋ᠢᠨ ᠦᠷᠦᠴᠡᠨ ᠳ᠋ᠡᠬᠢ ᠰᠠᠯᠬᠢ ᠡᠯᠡᠰᠦᠨ ᠤ᠋ ᠠᠮᠠ ᠵᠢᠨ ᠵᠠᠰᠠᠯᠳᠠ ᠶ᠋ᠢᠨ ᠪᠦᠰᠡ᠂ ᠮᠤᠤᠠᠤᠰᠤ ᠶ᠋ᠢᠨ ᠡᠯᠡᠰᠦᠷᠬᠡᠭ ᠭᠠᠵᠠᠷ ᠲᠠᠬᠢ ᠰᠠᠯᠬᠢᠨ ᠤ᠋ ᠳᠡᠭᠡᠳᠦ ᠠᠮᠠ ᠵᠢ ᠬᠠᠭᠠᠬᠤ ᠪᠦᠰᠡ᠂ ᠰᠠᠯᠬᠢᠨ ᠤ᠋ ᠲᠤᠤᠷᠠᠳᠦ ᠠᠮᠠ ᠵᠢ ᠬᠣᠷᠢᠭ᠍ᠯᠠᠬᠤ ᠪᠦᠰᠡ ᠵᠢᠴᠢ ᠬᠥᠪᠴᠢ ᠶ᠋ᠢᠨ ᠡᠯᠡᠰᠦᠨ ᠤ᠋ 《ᠭᠡᠷᠡᠯᠴᠢ ᠴᠡᠨᠡᠭ ᠤ᠋ᠨ ᠤᠷᠳᠤ ᠴᠠᠭᠠᠨ ᠬᠡᠷᠡᠮ》᠂ ᠮᠤᠤᠠᠤᠰᠤ ᠵᠢᠨ ᠡᠯᠡᠰᠦᠷᠬᠡᠭ ᠭᠠᠵᠠᠷ ᠤ᠋ᠨ ᠰᠠᠯᠬᠢᠨ ᠬᠦᠴᠦᠨ ᠤ᠋ ᠴᠠᠬᠢᠯᠭᠠᠨ ᠭᠡᠷᠡᠯᠴᠢ ᠴᠡᠨᠡᠭ ᠤ᠋ᠨ《ᠨᠢᠭᠡ ᠬᠣᠩᠭᠢᠯ ᠤᠯᠠᠨ ᠴᠡᠭ》ᠵᠡᠷᠭᠡ ᠪᠡᠯᠭᠡ ᠲᠡᠮᠳᠡᠭ ᠤ᠋ᠨ ᠴᠢᠨᠠᠷᠲᠠᠢ ᠢᠨᠵᠧᠨᠧᠷᠢᠩ ᠢ᠋ ᠲᠥᠪᠯᠡᠷᠡᠭᠦᠯᠦᠨ ᠪᠦᠳᠦᠬᠡᠨ ᠪᠠᠢᠭᠤᠯᠵᠦ᠂ ᠡᠨᠡ ᠵᠢᠯ 500 ᠲᠦᠮᠡᠨ ᠮᠦ᠍ ᠡᠯᠡᠰᠦᠷᠬᠡᠭᠵᠢᠭᠰᠡᠨ ᠭᠠᠵᠠᠷ ᠢ᠋ ᠵᠠᠰᠠᠬᠤ ᠪᠠᠷ ᠲᠥᠯᠥᠪᠯᠡᠵᠦ ᠪᠠᠢᠨ᠎ᠠ ᠃

《ᠡᠯᠡᠰᠦᠷᠭᠡᠭᠵᠢᠯ ᠢ᠋ ᠰᠡᠷᠭᠡᠢᠯᠡᠵᠦ ᠡᠯᠡᠰᠦ ᠵᠢ ᠵᠠᠰᠠᠬᠤ ᠪᠠ ᠰᠠᠯᠬᠢᠨ ᠬᠦᠴᠦᠨ ᠤ᠋ ᠴᠠᠬᠢᠯᠭᠠᠨ ᠬᠡᠷᠡᠯᠴᠢ ᠴᠡᠨᠡᠭ ᠢ᠋ ᠨᠢᠭᠡ ᠴᠣᠭᠴᠠᠵᠢᠭᠤᠯᠬᠤ ᠢᠨᠵᠧᠨᠧᠷᠢᠩ ᠪᠣᠯ ᠰᠢᠨ᠎ᠡ ᠡᠨᠧᠷᠭᠢ ᠶ᠋ᠢᠨ ᠠᠵᠤ ᠦᠢᠯᠡᠰ ᠢ᠋ ᠬᠥᠭᠵᠢᠭᠦᠯᠬᠦ ᠴᠢᠬᠤᠯᠠ ᠶᠡᠬᠡ ᠪᠠᠢᠯᠳᠤᠬᠤ ᠪᠣᠳᠣᠯᠭ᠎ᠠ ᠶ᠋ᠢᠨ ᠪᠠᠢᠷᠢᠰᠢᠭᠤᠯᠤᠯᠲᠠ ᠮᠥᠨ᠂ ᠪᠠᠰᠠ ᠴᠤ᠌ ᠣᠳᠣᠬᠠᠨ ᠤ᠋ ᠡᠯᠡᠰᠦᠷᠬᠡᠭᠵᠢᠯ ᠢ᠋ ᠰᠡᠷᠭᠡᠢᠯᠡᠵᠦ ᠡᠯᠡᠰᠦ ᠵᠢ ᠵᠠᠰᠠᠬᠤ ᠬᠠᠷᠢᠭᠤᠴᠠᠯᠭ᠎ᠠ ᠪᠠ ᠡᠭᠦᠷᠭᠡ ᠮᠥᠨ᠃ ᠮᠠᠨ ᠤ᠋ ᠣᠷᠣᠨ ᠶᠠᠭ ᠪᠦᠬᠦ ᠬᠦᠴᠦᠨ ᠢ᠋ᠶ᠋ᠡᠷ ᠢ᠋ᠶ᠋ᠡᠨ ᠠᠬᠢᠭᠤᠯᠵᠤ᠂ ᠪᠦᠬᠦ ᠲᠠᠯ᠎ᠠ ᠪᠠᠷ ᠬᠥᠳᠡᠯᠦᠯᠴᠡᠨ᠂ ᠬᠦᠴᠦᠯᠡᠨ ᠠᠵᠢᠯᠯᠠᠵᠤ ᠪᠠᠢᠨ᠎ᠠ 》 ᠭᠡᠵᠦ ᠴᠧᠨ ᠶᠦᠩ ᠴᠢᠤᠸᠠᠨ ᠬᠡᠯᠡᠯ᠎ᠠ ᠃


5 ᠰᠠᠷ᠎ᠠ ᠶ᠋ᠢᠨ 22 ᠤ᠋ᠨ ᠡᠳᠦᠷ ᠤ᠋ᠨ《ᠰᠢᠨᠬᠤᠸᠠ ᠡᠳᠦᠷ ᠪᠦᠷᠢ ᠶ᠋ᠢᠨ ᠴᠠᠬᠢᠯᠭᠠᠨ ᠮᠡᠳᠡᠭᠡ》 ᠳ᠋ᠦ ᠨᠡᠢᠳᠡᠯᠡᠪᠡ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号