ᠠᠯᠲᠠᠨ ᠨᠠᠮᠤᠷ ᠤ᠋ᠨ ᠰᠠᠢᠬᠠᠨ ᠤᠯᠠᠷᠢᠯ ᠳ᠋ᠦ᠂ ᠭᠦᠶᠡᠩ ᠱᠢᠶᠠᠨ ᠤ᠋ ᠬᠤᠳᠠ ᠵᠢᠨ ᠲᠤᠭᠤᠷᠢᠭᠤᠨ ᠬᠣᠢᠲᠤ ᠱᠢᠶ᠍ᠸ ᠾᠧ ᠢᠡᠴᠡ ᠴᠢ ᠹᠧᠨ ᠽᠢ ᠬᠦᠷᠬᠦ᠌ 10 ᠲᠦᠮᠡᠨ ᠮᠦ᠍ ᠲᠤᠷᠤᠭ ᠮᠣᠳᠣᠨ ᠤ᠋ ᠤᠢ ᠵᠢᠨ ᠲᠣᠭᠣᠷᠢᠭᠲᠤ ᠠᠮᠢ ᠠᠮᠢᠵᠢᠷᠠᠯᠵᠢᠡᠷ ᠪᠢᠯᠬᠠᠨᠠ᠃
ᠤᠢ᠍ᠢᠷᠠ ᠵᠢᠨ ᠵᠢᠯ ᠳ᠋ᠦ᠂ ᠭᠦᠶᠡᠩ ᠱᠢᠶᠠᠨ 《ᠭᠤᠷᠪᠠᠨ ᠠᠭᠤᠯᠠ ᠬᠣᠶᠠᠷ ᠬᠤᠳᠠ》 ᠵᠢᠨ ᠬᠥᠭ᠌ᠵᠢᠯᠲᠡ ᠵᠢᠨ ᠪᠠᠢᠷᠢ ᠲᠣᠭ᠍ᠲᠠᠭᠠᠯᠲᠠ ᠳ᠋ᠦ ᠰᠠᠭᠤᠷᠢᠯᠠᠨ᠂ 《ᠠᠭᠤᠯᠠ ᠨᠢ ᠬᠦᠭᠡᠮᠳᠦᠭ ᠤᠰᠤ ᠨᠢ ᠲᠤᠩᠭᠠᠯᠠᠭ᠂ ᠤᠢ ᠰᠢᠭᠤᠢ ᠢᠭ᠍ᠴᠤ ᠰᠠᠬᠤᠯᠢᠭ ᠡᠪᠡᠰᠦ ᠪᠡᠯᠴᠢᠭᠡᠷ ᠦᠩ ᠰᠢᠮᠡᠯᠢᠭ᠂ ᠠᠵᠦ ᠦᠢᠯᠡᠰᠢ ᠬᠥᠭ᠌ᠵᠢᠬᠦᠯᠵᠦ᠍ ᠠᠷᠠᠳᠲᠤ ᠠᠱᠢᠭ ᠬᠦᠷᠲᠡᠭᠡᠬᠦ᠌᠂ ᠡᠶᠡ ᠵᠣᠬᠢᠴᠠᠩᠭᠤᠢ ᠪᠠᠷ ᠬᠠᠮᠲᠤ ᠪᠡᠷ ᠣᠷᠣᠱᠢᠬᠤ》 ᠬᠠᠷᠠᠯᠲᠠ ᠵᠢ ᠲᠣᠭ᠍ᠲᠠᠭᠠᠵᠤ᠂ 《ᠤᠢ ᠰᠢᠭᠤᠢ ᠵᠢ ᠨᠡᠮᠡᠭ᠌ᠳᠡᠭᠦᠯᠦᠨ ᠨᠣᠭᠣᠭᠠᠷᠠᠭᠤᠯᠤᠯᠲᠠ ᠵᠢ ᠥᠷᠭᠡᠳᠭᠡᠬᠦ᠌᠂ ᠦᠯᠡᠳᠡᠭᠡᠯ ᠬᠡᠮᠵᠢᠶᠡ ᠵᠢ ᠲᠤᠬᠢᠷᠠᠭᠤᠯᠤᠨ ᠱᠢᠯᠢᠳᠡᠭ᠌ᠵᠢᠭᠦᠯᠬᠦ᠌᠂ ᠬᠤᠪᠢᠰᠤᠭᠴᠢ ᠬᠡᠮᠵᠢᠭᠳᠡᠬᠦᠨᠵᠢᠡᠷ ᠰᠡᠷᠭᠡᠢᠯᠡᠨ ᠡᠵᠡᠮᠳᠡᠬᠦ᠌᠂ ᠶᠡᠷᠦᠩᠬᠡᠢ ᠬᠡᠮᠵᠢᠢᠡ ᠵᠢ ᠠᠮᠢᠳᠤᠯᠢᠭ ᠠᠰᠢᠬᠯᠠᠬᠤ》 ᠠᠷᠭᠠ ᠬᠡᠮᠵᠢᠢᠡ ᠵᠢ ᠠᠪᠴᠤ᠌᠂ ᠤᠢ ᠱᠢᠭᠤᠢ ᠨᠤᠲᠤᠭ ᠪᠡᠯᠴᠢᠭᠡᠷ ᠤ᠋ᠨ ᠠᠮᠢ ᠠᠬᠤᠢ ᠵᠢ ᠥᠨᠳᠥᠷ ᠪᠠᠷᠢᠮᠵᠢᠶᠠ ᠪᠠᠷ ᠪᠦᠳᠦᠭᠡᠨ ᠪᠠᠢᠭᠤᠯᠬᠤ᠂ ᠤᠢ ᠱᠢᠭᠤᠢ ᠨᠤᠲᠤᠭ ᠪᠡᠯᠴᠢᠭᠡᠷ ᠤ᠋ᠨ ᠶᠠᠰᠤ ᠴᠢᠨᠠᠷ ᠢ᠋ ᠰᠠᠢᠲᠤᠷ ᠳᠡᠭᠡᠭ᠌ᠰᠢᠯᠡᠭᠦᠯᠬᠦ᠌᠂ ᠤᠢ ᠱᠢᠭᠤᠢ ᠨᠤᠲᠤᠭ ᠪᠡᠯᠴᠢᠭᠡᠷ ᠤ᠋ᠨ ᠠᠵᠤ ᠠᠬᠤᠢ ᠵᠢ ᠥᠨᠳᠥᠷ ᠲᠦᠪᠱᠢᠨ ᠵᠢᠡᠷ ᠬᠥᠭ᠌ᠵᠢᠭᠦᠯᠬᠦ᠌ᠵᠢ ᠨᠢᠭᠡ ᠴᠤᠭᠴᠠᠵᠢᠭᠤᠯᠤᠨ ᠠᠬᠢᠭᠤᠯᠵᠦ᠂ ᠬᠥᠬᠡᠮᠳᠦᠭ ᠨᠣᠭᠣᠭᠠᠨ ᠠᠭᠤᠯᠠ ᠤᠰᠤ ᠪᠠᠨ ᠰᠠᠬᠢᠨ ᠬᠠᠮᠠᠭᠠᠯᠠᠵᠦ᠂ ᠳᠠᠯᠠᠨ ᠬᠠᠷᠠ ᠠᠭᠤᠯᠠᠵᠢᠨ ᠠᠷᠤ ᠬᠤᠷᠮᠤᠢᠳᠦ ᠨᠤᠮᠢᠨ ᠨᠤᠭᠤᠭᠠᠨ ᠠᠮᠢ ᠠᠬᠤᠢᠵᠢᠨ ᠠᠮᠤᠷ ᠲᠦᠪᠰᠢᠨ ᠤ᠋ ᠬᠠᠯᠬᠠᠪᠴᠢᠵᠢ ᠴᠤᠬᠴᠠᠯᠠᠪᠠ᠃
ᠭᠦᠶᠡᠩ ᠱᠢᠶᠠᠨ ᠪᠣᠯ ᠥᠪᠡᠷᠲᠡᠭᠡᠨ ᠵᠠᠰᠠᠬᠤ ᠣᠷᠣᠨ ᠤ᠋ ᠳᠤᠮᠳᠠ ᠪᠠᠷᠠᠭᠤᠨ ᠬᠡᠰᠡᠭ᠂ ᠪᠤᠭᠤᠲᠤ ᠬᠣᠲᠠ ᠡᠴᠡ ᠠᠰ ᠬᠤᠢᠰᠢ 53 ᠺᠢᠯᠣᠮᠧᠲ᠋ᠷ ᠵᠠᠢᠳᠠᠢ ᠪᠠᠢᠵᠦ᠂ ᠳᠠᠯᠠᠨ ᠬᠠᠷᠠ ᠠᠭᠤᠯᠠ ᠵᠢᠨ ᠠᠷᠤ ᠬᠣᠷᠮᠣᠶ᠂ ᠬᠠᠲᠤᠨ ᠭᠤᠤᠯ ᠤ᠋ᠨ ᠳᠡᠭᠡᠳᠦ ᠳᠤᠮᠳᠠᠳᠤ ᠤᠷᠤᠰᠭᠠᠯ ᠤ᠋ᠨ ᠭᠠᠵᠠᠷ ᠣᠷᠣᠨ ᠳ᠋ᠦ ᠰᠠᠭᠤᠷᠢᠰᠢᠵᠤ ᠪᠠᠢᠳᠠᠭ᠃ ᠲᠡᠦᠬᠡᠨ ᠳᠡᠭᠡᠷᠡ ᠭᠦᠶᠡᠩ ᠱᠢᠶᠠᠨ ᠤᠢ ᠮᠣᠳᠣ ᠢᠭ᠍ᠴᠤ ᠰᠠᠬᠤᠯᠢᠭ᠂ ᠡᠪᠡᠰᠦ ᠪᠡᠯᠴᠢᠭᠡᠷ ᠦᠩ ᠰᠢᠮᠡᠯᠢᠭ ᠪᠠᠢᠭ᠍ᠰᠠᠨᠵᠢᠡᠨ ᠬᠤᠵᠢᠮ ᠨᠢ ᠡᠯᠡ ᠵᠦᠢᠯ ᠤ᠋ᠨ ᠱᠢᠯᠲᠠᠭᠠᠨ ᠡᠴᠡ ᠪᠤᠯᠵᠤ ᠠᠮᠢ ᠠᠬᠤᠢ ᠵᠢᠨ ᠣᠷᠴᠢᠨ ᠨᠦᠬᠦᠴᠡᠯ ᠨᠢ ᠮᠠᠭᠤᠳᠠᠵᠦ᠂ ᠡᠭᠦᠨᠦ ᠤᠯᠠᠮ ᠡᠴᠡ ᠣᠷᠣᠱᠢᠨ ᠲᠣᠭ᠍ᠲᠠᠨᠢᠬᠤ ᠣᠷᠴᠢᠨ ᠲᠤᠭᠤᠷᠢᠨᠨᠢ ᠴᠦ᠍ ᠪᠡᠷᠬᠡ ᠬᠠᠲᠠᠭᠤᠵᠢᠯᠲᠠᠢ ᠪᠤᠯᠤᠭᠰᠠᠨ ᠪᠠᠢᠨᠠ᠃ ᠱᠢᠶᠠᠨ ᠤ᠋ ᠬᠡᠪᠴᠢᠶᠡᠨ ᠳ᠋ᠡᠬᠢ ᠡᠮᠦᠨᠠ ᠬᠡᠰᠡᠭ ᠤ᠋ᠨ ᠳᠠᠯᠠᠨ ᠬᠠᠷᠠ ᠠᠭᠤᠯᠠ ᠵᠢᠨ ᠠᠭᠤᠯᠠ ᠨᠢᠷᠤᠭᠤᠳ ᠨᠢ ᠦᠶᠡᠯᠵᠡᠨ ᠰᠦᠨᠳᠡᠷᠯᠡᠵᠦ᠂ ᠳᠤᠮᠳᠠ ᠬᠡᠰᠡᠭ ᠲᠦ᠍ᠨᠢ ᠲᠠᠩ ᠭᠠᠵᠠᠷ ᠰᠦᠯᠵᠢᠯᠳᠦᠨ᠂ ᠬᠤᠢᠳᠦ ᠬᠡᠰᠡᠭ ᠲᠦ᠍ᠨᠢ ᠳᠣᠪᠣᠴᠠᠭ ᠭᠠᠵᠠᠷ ᠥᠷᠭᠡᠨ ᠲᠠᠷᠬᠠᠵᠤ᠂ ᠭᠠᠵᠠᠷ ᠤ᠋ᠨ ᠪᠠᠢᠴᠠ ᠵᠢ 《ᠳᠥᠷᠪᠡᠨ ᠬᠤᠪᠢᠵᠢᠨ ᠳᠣᠪᠣᠴᠠᠭ ᠲᠠᠪᠤᠨ ᠬᠤᠪᠢᠵᠢᠨ ᠠᠭᠤᠯᠠ᠂ ᠵᠥᠪᠬᠡᠨ ᠨᠢᠭᠡ ᠬᠤᠪᠢᠵᠢᠨ ᠲᠠᠩ ᠭᠠᠵᠠᠷ》 ᠬᠡᠮᠡᠨ ᠳᠦᠷᠰᠦᠯᠡᠵᠦ᠍᠂ 《ᠠᠷᠪᠠᠨ ᠵᠢᠯᠳᠦ ᠶᠢᠰᠦᠨ ᠵᠢᠯ ᠨᠢ ᠭᠠᠩᠳᠠᠵᠤ᠂ ᠵᠢᠯ ᠵᠢᠯ ᠬᠠᠪᠤᠷ ᠳᠠᠭᠠᠨ ᠭᠠᠩᠳᠠᠬᠤ》 ᠨᠢ ᠬᠡᠪ ᠤ᠋ᠨ ᠪᠠᠢᠳᠠᠯ ᠪᠤᠯᠤᠭᠰᠠᠨ ᠪᠠᠢᠨᠠ᠃
ᠠᠮᠢ ᠠᠬᠤᠢ ᠭᠡᠪᠡᠷᠡᠭ ᠤᠷᠴᠢᠨ ᠨᠦᠬᠦᠴᠡᠯᠢ ᠬᠤᠪᠢᠷᠠᠭᠤᠯᠬᠤᠵᠢᠨ ᠲᠦᠯᠦᠭᠡ᠂ ᠭᠦᠶᠡᠩ ᠱᠢᠶᠠᠨ ᠶᠡᠬᠡ ᠬᠡᠪᠴᠢᠶᠡᠨᠦ ᠤᠯᠤᠰ ᠤ᠋ᠨ ᠨᠤᠲᠤᠭ ᠳᠡᠪᠢᠰᠭᠡᠷ ᠢ᠋ ᠨᠣᠭᠣᠭᠠᠷᠠᠭᠤᠯᠬᠤ ᠠᠵᠢᠯᠯᠠᠭᠠ ᠵᠢ ᠱᠢᠨᠵᠢᠯᠡᠬᠦ᠌ ᠤᠬᠠᠭᠠᠨᠴᠢ ᠪᠠᠷ ᠠᠬᠢᠭᠤᠯᠵᠤ᠂ ᠡᠯᠪᠡᠭ ᠳᠡᠯᠪᠡᠭ ᠭᠠᠵᠠᠷ ᠱᠢᠷᠣᠶ ᠵᠢᠨ ᠡᠬᠢ ᠪᠠᠶᠠᠯᠢᠭᠲᠤ ᠲᠦᠱᠢᠭ᠌ᠯᠡᠨ 《ᠣᠶ ᠱᠢᠭᠤᠶ ᠵᠢ ᠨᠡᠮᠡᠭ᠌ᠳᠡᠭᠦᠯᠦᠨ ᠨᠣᠭᠣᠭᠠᠷᠠᠭᠤᠯᠤᠯᠲᠠ ᠵᠢ ᠥᠷᠭᠡᠳᠭᠡᠬᠦ᠌》 ᠵᠢ ᠪᠡᠶᠡᠯᠡᠭᠦᠯᠵᠠᠢ᠃ 2016 ᠣᠨ ᠡᠴᠡ ᠨᠠᠭᠠᠰᠢ᠂ ᠲᠠᠷᠢᠶᠠᠯᠠᠬᠤ ᠵᠢ ᠵᠣᠭ᠍ᠰᠣᠭᠠᠵᠤ ᠤᠢ ᠮᠤᠳᠦ ᠡᠪᠡᠰᠤ ᠪᠡᠯᠴᠢᠭᠡᠷᠢ ᠰᠡᠷᠬᠦᠭᠡᠬᠦ᠂ ᠪᠠᠢᠭᠠᠯᠢ ᠵᠢᠨ ᠣᠶ ᠵᠢ ᠬᠠᠮᠠᠭᠠᠯᠠᠬᠤ᠂ ᠪᠡᠭᠡᠵᠢᠩ ᠲᠢᠶᠠᠨᠵᠢᠨ ᠤ᠋ ᠡᠷᠬᠢᠨ ᠲᠣᠭᠣᠷᠢᠨ ᠤ᠋ ᠰᠠᠯᠬᠢ ᠡᠯᠡᠰᠦᠨᠦ ᠡᠬᠢ ᠵᠢ ᠵᠠᠰᠠᠬᠤ᠂ ᠠᠭᠤᠯᠠᠷᠬᠠᠭ ᠣᠷᠣᠨ ᠤ᠋ ᠠᠮᠢ ᠠᠬᠤᠶ ᠵᠢ ᠰᠡᠷᠭᠦᠭᠡᠬᠦ᠌᠂ ᠭᠤᠤᠯᠳᠠᠯᠭᠠ ᠲᠠᠶ ᠣᠷᠣᠨ ᠪᠦᠰᠡ ᠵᠢ ᠨᠣᠭᠣᠭᠠᠷᠠᠭᠤᠯᠬᠤ ᠵᠡᠷᠭᠡ ᠣᠶ ᠱᠢᠭᠤᠶ ᠡᠪᠡᠰᠦ ᠪᠡᠯᠴᠢᠭᠡᠷ ᠤ᠋ᠨ ᠢᠨᠵᠧᠨᠧᠷᠢᠩ ᠢ᠋ ᠨᠡᠢᠲᠡ 185 ᠲᠦᠮᠡᠨ ᠮᠥ᠍ ᠪᠡᠶᠡᠯᠡᠭᠦᠯᠵᠦ᠍᠂ ᠡᠭᠦᠨᠳᠦ ᠱᠢᠨᠡ ᠨᠢᠭᠡᠨ ᠡᠭᠡᠯᠵᠢ ᠵᠢᠨ ᠲᠠᠷᠢᠶᠠᠯᠠᠬᠤ ᠵᠢ ᠵᠣᠭ᠍ᠰᠣᠭᠠᠵᠤ ᠣᠶ ᠱᠢᠭᠤᠶ ᠡᠪᠡᠰᠦ ᠪᠡᠯᠴᠢᠭᠡᠷ ᠢ᠋ ᠰᠡᠷᠭᠦᠭᠡᠬᠦ᠌ ᠢᠨᠵᠧᠨᠧᠷᠢᠩ ᠢ᠋ 139.13 ᠲᠦᠮᠡᠨ ᠮᠥ᠍ ᠭᠤᠤᠯᠳᠠᠯᠭᠠ ᠲᠠᠶ ᠪᠡᠶᠡᠯᠡᠭᠦᠯᠵᠦ᠍᠂ ᠪᠤᠭᠤᠲᠤ ᠬᠣᠲᠠ ᠵᠢᠨ ᠶᠡᠷᠦᠩᠬᠡᠶ ᠡᠭᠦᠷᠭᠡ ᠵᠢᠨ 91.3% ᠵᠢ ᠡᠵᠡᠯᠡᠨ᠂ ᠥᠪᠡᠷᠲᠡᠭᠡᠨ ᠵᠠᠰᠠᠬᠤ ᠣᠷᠣᠨ ᠤ᠋ ᠶᠡᠷᠦᠩᠬᠡᠶ ᠡᠭᠦᠷᠭᠡ ᠵᠢᠨ 31.2% ᠢ᠋ ᠡᠵᠡᠯᠡᠵᠦ᠍᠂ ᠢᠨᠵᠧᠨᠧᠷᠢᠩ ᠤ᠋ᠨ ᠶᠡᠷᠦᠩᠬᠡᠶ ᠡᠭᠦᠷᠭᠡ ᠵᠢᠨ ᠬᠡᠮᠵᠢᠶᠡ ᠵᠢᠴᠢ ᠪᠥᠲᠥᠭᠡᠨ ᠪᠠᠢᠭᠤᠯᠤᠭ᠍ᠰᠠᠨ ᠬᠣᠶᠠᠷ ᠬᠡᠰᠡᠭ ᠰᠠᠯᠬᠢ ᠬᠠᠯᠬᠠᠯᠠᠬᠤ ᠠᠮᠢ ᠠᠬᠤᠶ ᠵᠢᠨ ᠣᠶ ᠵᠢᠨ ᠲᠠᠯᠠᠪᠠᠶᠨᠢ ᠲᠣᠰ ᠲᠣᠰ ᠪᠥᠬᠥ᠌ ᠤᠯᠤᠰ ᠤ᠋ᠨ ᠬᠣᠱᠢᠭᠤ ᠱᠢᠶᠠᠨ ᠲᠣᠭᠣᠷᠢᠭ ᠤ᠋ᠨ ᠲᠡᠷᠢᠬᠦᠨᠳᠤ ᠵᠢᠬᠰᠠᠭᠠᠭᠳᠠᠪᠠ᠃ ᠤᠯᠤᠰ ᠤ᠋ᠨ ᠭᠠᠵᠠᠷ ᠱᠢᠷᠣᠶ ᠵᠢᠨ ᠭᠤᠷᠪᠠᠳᠤᠭᠠᠷ ᠤᠳᠠᠭᠠᠨ ᠤ᠋ ᠪᠠᠢᠴᠠᠭᠠᠯᠲᠠ ᠵᠢᠨ ᠲᠣᠭᠠ ᠪᠠᠷᠢᠮᠲᠠ ᠳ᠋ᠦ ᠢᠯᠡᠷᠡᠭᠦᠯᠦᠭ᠌ᠰᠡᠨ ᠵᠢᠡᠷ ᠭᠦᠶᠡᠩ ᠱᠢᠶᠠᠨ ᠤ᠋ ᠣᠶ ᠱᠢᠭᠤᠶ ᠵᠢᠨ ᠲᠠᠯᠠᠪᠠᠶ 77.4 ᠲᠦᠮᠡᠨ ᠮᠥ᠍᠂ ᠨᠤᠲᠤᠭ ᠪᠡᠯᠴᠢᠭᠡᠷᠤᠨ ᠳᠠᠯᠠᠪᠠᠢ 318 ᠲᠦᠮᠡᠨ ᠮᠥ᠍᠂ ᠨᠤᠭᠤ ᠭᠠᠵᠠᠷᠤᠨ ᠳᠠᠯᠠᠪᠠᠢ 9.3 ᠲᠦᠮᠡᠨ ᠮᠥ᠍ ᠪᠠᠢᠵᠦ᠂ ᠬᠠᠲᠤᠨ ᠭᠤᠤᠯ ᠤ᠋ᠨ ᠰᠠᠪᠠ ᠭᠠᠵᠠᠷ ᠤ᠋ᠨ ᠠᠭᠤᠷᠬᠠᠶ ᠵᠢᠨ ᠠᠵᠤ ᠠᠬᠤᠢᠯᠠᠯᠤᠨ 0.8 ᠲᠦᠮᠡ ᠭᠠᠷᠤᠶ ᠮᠥ᠍ ᠠᠮᠢ ᠠᠬᠤᠶ ᠵᠢ ᠰᠡᠷᠭᠦᠭᠡᠨ ᠵᠠᠰᠠᠪᠠ᠃ ᠥᠩᠭᠡᠷᠡᠭ᠌ᠰᠡᠨ ᠳ᠋ᠦ ᠵᠤᠨ ᠨᠠᠮᠤᠷ ᠳᠠᠭᠠᠨ ᠵᠢᠭᠠᠬᠠᠨ ᠡᠪᠡᠰᠦ ᠲᠠᠢ᠂ ᠡᠪᠤᠯ ᠬᠠᠪᠤᠷ ᠨᠡᠢᠳᠡᠮ ᠡᠯᠡᠰᠦ ᠰᠢᠷᠤᠢ ᠳᠠᠢ ᠪᠠᠢᠭᠰᠠᠨ ᠡᠴᠡ ᠤᠳᠦ ᠳᠥᠷᠪᠡᠨ ᠤᠯᠠᠷᠢᠯᠵᠢᠡᠷᠵᠢᠡᠨ ᠨᠤᠭᠤᠭᠠᠷᠠᠵᠦ᠂ ᠨᠢᠳᠦ ᠠᠯᠳᠠᠮᠠ ᠤᠢ ᠲᠠᠢ ᠪᠤᠯᠵᠠᠢ᠃
ᠭᠦᠶᠡᠩ ᠱᠢᠶᠠᠨ ᠤᠮᠠᠷᠠᠲᠤ ᠵᠢᠨ ᠡᠯᠡᠰᠦ ᠵᠢ ᠰᠡᠷᠭᠡᠢᠯᠡᠬᠦ᠌ ᠪᠦᠰᠡ᠂ ᠡᠳ᠋ ᠤ᠋ᠨ ᠵᠠᠰᠠᠭ ᠡᠴᠡ ᠨᠥᠬᠥᠪᠥᠷᠢ ᠥᠭ᠌ᠴᠦ ᠣᠢᠵᠢᠭᠤᠯᠬᠤ᠂ ᠲᠥᠪ ᠤ᠋ᠨ ᠡᠳ᠋ ᠤ᠋ᠨ ᠵᠠᠰᠠᠭ ᠤ᠋ᠨ ᠤᠯᠤᠰ ᠤ᠋ᠨ ᠨᠤᠲᠤᠭ ᠳᠡᠪᠢᠰᠭᠡᠷ ᠢ᠋ ᠨᠣᠭᠣᠭᠠᠷᠠᠭᠤᠯᠬᠤ ᠲᠤᠷᠱᠢᠯᠲᠠ ᠵᠢᠨ ᠴᠡᠭ ᠤ᠋ᠨ ᠵᠢᠱ᠌ᠢᠶᠡ ᠦᠵᠡᠭᠦᠯᠬᠦ᠌ ᠵᠡᠷᠭᠡ ᠠᠮᠢ ᠠᠬᠤᠶ ᠵᠢᠨ ᠢᠨᠵᠧᠨᠧᠷᠢᠩᠳᠦ ᠲᠦᠱᠢᠭ᠌ᠯᠡᠨ᠂ ᠡᠵᠡᠭᠦᠶ ᠲᠠᠩ ᠬᠤᠪᠠᠬᠠᠶ ᠠᠭᠤᠯᠠ᠂ ᠲᠠᠴᠢᠷᠳᠠᠭ᠍ᠰᠠᠨ ᠣᠢᠲᠤ ᠭᠠᠵᠠᠷ᠂ ᠠᠭᠤᠷᠬᠠᠶ ᠵᠢᠨ ᠠᠵᠤ ᠠᠬᠤᠢᠯᠠᠯ᠂ ᠦᠵᠡᠮᠵᠢ ᠵᠢᠨ ᠣᠷᠣᠨ ᠤ᠋ ᠡᠷᠬᠢᠨ ᠲᠣᠭᠣᠷᠢᠨ ᠵᠡᠷᠭᠡ ᠣᠢᠵᠢᠭᠤᠯᠬᠤ ᠳ᠋ᠦ ᠲᠣᠬᠢᠷᠠᠮᠵᠢᠲᠠᠶ ᠣᠷᠣᠨ ᠪᠦᠰᠡᠳᠦ ᠴᠢᠨᠠᠷ ᠰᠠᠢᠲᠠᠶ ᠣᠢᠵᠢᠭᠤᠯᠵᠤ ᠨᠣᠭᠣᠭᠠᠷᠠᠭᠤᠯᠬᠤ ᠠᠵᠢᠯ ᠢ᠋ ᠭᠤᠤᠯᠳᠠᠯᠭᠠᠲᠠᠶ ᠥᠷᠨᠢᠭᠦᠯᠵᠦ᠍᠂ ᠲᠣᠷᠤᠭ ᠮᠣᠳᠣ ᠪᠠ ᠪᠤᠳᠠ ᠮᠤᠳᠦ ᠵᠢ ᠤᠶᠠᠯᠳᠤᠭᠤᠯᠤᠭ᠍ᠰᠠᠨ᠂ ᠮᠣᠳᠣᠨ ᠤ᠋ ᠲᠥᠷᠥᠯ ᠣᠯᠠᠨ ᠶᠠᠩᠵᠤ ᠵᠢᠨ᠂ ᠦᠩᠭᠡ ᠦᠵᠡᠮᠵᠢ ᠭᠤᠢᠳᠠ ᠰᠠᠢᠬᠠᠨ ᠣᠶ ᠱᠢᠭᠤᠶ ᠵᠢᠨ ᠠᠮᠢ ᠠᠬᠤᠶ ᠵᠢᠨ ᠱᠢᠰᠲ᠋ᠧᠮ ᠢ᠋ ᠪᠦᠷᠢᠯᠳᠦᠭᠦᠯᠵᠦ᠍᠂ ᠣᠶ ᠱᠢᠭᠤᠶ ᠵᠢᠨ ᠪᠦᠷᠬᠦᠴᠡ ᠵᠢᠨ ᠨᠣᠷᠮᠠ ᠵᠢ ᠳᠡᠭᠡᠭ᠌ᠰᠢᠯᠡᠭᠦᠯᠤᠨ᠂ ᠣᠶ ᠱᠢᠭᠤᠶ ᠵᠢᠨ ᠨᠡᠭᠦᠷᠡᠰᠦᠲᠥ᠋ᠷᠥᠭ᠌ᠴᠢ ᠬᠤᠷᠠᠮᠳᠤᠭᠤᠯᠬᠤ ᠬᠡᠮᠵᠢᠶᠡ ᠵᠢ ᠨᠡᠮᠡᠭ᠌ᠳᠡᠭᠦᠯᠪᠡ᠃ ᠦᠨᠳᠦᠰᠦᠨ ᠨᠤᠲᠤᠭ ᠪᠡᠯᠴᠢᠭᠡᠷ ᠢ᠋ ᠬᠤᠪᠢᠶᠠᠷᠢᠯᠠᠨ ᠲᠣᠭ᠍ᠲᠠᠭᠠᠬᠤ᠂ ᠪᠡᠯᠴᠢᠭᠡᠷᠯᠡᠬᠦᠯᠬᠦ ᠵᠢ ᠴᠠᠭᠠᠵᠠᠯᠠᠬᠤ ᠵᠡᠷᠭᠡ ᠬᠠᠮᠠᠭᠠᠯᠠᠯᠲᠠ ᠵᠢᠨ ᠣᠷᠣᠨ ᠪᠦᠰᠡᠳᠦ ᠬᠥᠮᠦᠨᠦ ᠬᠦᠴᠦ ᠪᠡᠷ ᠪᠢᠲᠡᠭᠦᠮᠵᠢᠯᠡᠨ ᠤᠢᠵᠢᠭᠤᠯᠬᠤ᠂ ᠨᠥᠬᠥᠵᠦ᠍ ᠳᠠᠷᠢᠵᠤ ᠰᠡᠷᠭᠦᠭᠡᠬᠦ᠌᠂ ᠠᠮᠢᠳᠤ ᠪᠣᠳᠠᠰ ᠤ᠋ᠨ ᠰᠡᠷᠭᠡᠢᠯᠡᠨ ᠡᠵᠡᠮᠳᠡᠬᠦ᠌ ᠵᠡᠷᠭᠡ ᠠᠷᠭᠠ ᠬᠡᠮᠵᠢᠶᠡ ᠠᠪᠴᠤ᠌᠂ 6 ᠲᠦᠮᠡᠨ ᠮᠥ᠍ ᠨᠤᠲᠤᠭ ᠪᠡᠯᠴᠢᠭᠡᠷ ᠢ᠋ ᠬᠦᠷᠢᠶᠡᠯᠡᠨ ᠪᠢᠲᠡᠭᠦᠮᠵᠢᠯᠡᠵᠤ᠂ ᠬᠥᠮᠦᠨᠦ ᠬᠦᠴᠦ ᠪᠡᠷ 6.1 ᠲᠦᠮᠡᠨ ᠮᠥ᠍ ᠡᠪᠡᠰᠦ ᠳᠠᠷᠢᠵᠤ᠂ 35 ᠲᠦᠮᠡᠨ ᠮᠥ᠍ ᠨᠤᠲᠤᠭ ᠪᠡᠯᠴᠢᠭᠡᠷ ᠤ᠋ᠨ ᠬᠤᠯᠤᠭᠠᠨᠠ ᠬᠣᠷᠣᠬᠠᠶ ᠵᠢᠨ ᠬᠥᠨᠥᠭᠡᠯ ᠢ᠋ ᠰᠡᠷᠭᠡᠢᠯᠡᠨ ᠵᠠᠰᠠᠬᠤᠵᠢ ᠪᠡᠶᠡᠯᠡᠬᠦᠯᠵᠠᠢ᠃ 2022 ᠣᠨ ᠳ᠋ᠦ᠂ ᠲᠤᠰ ᠱᠢᠶᠠᠨ ᠤ᠋ ᠨᠤᠲᠤᠭ ᠪᠡᠯᠴᠢᠭᠡᠷ ᠤ᠋ᠨ ᠶᠡᠷᠦᠩᠬᠡᠢᠯᠡᠭ᠌ᠰᠡᠨ ᠤᠷᠭᠤᠮᠠᠯ ᠤ᠋ᠨ ᠪᠦᠷᠬᠦᠴᠡ 45% ᠳ᠋ᠦ᠍ ᠬᠦᠷᠴᠦ᠍᠂ ᠠᠮᠢᠳᠤ ᠪᠣᠳᠠᠰ ᠤ᠋ᠨ ᠤᠯᠠᠨ ᠶᠠᠩᠵᠤᠲᠤ ᠴᠢᠨᠠᠷ ᠲᠠᠰᠤᠷᠠᠯᠳᠠ ᠦᠭᠡᠢ ᠨᠡᠮᠡᠭ᠌ᠳᠡᠨ᠂ ᠨᠤᠲᠤᠭ ᠪᠡᠯᠴᠢᠭᠡᠷ ᠤ᠋ᠨ ᠠᠮᠢ ᠠᠬᠤᠢᠵᠢᠨ ᠣᠷᠴᠢᠨ ᠨᠦᠬᠦᠴᠡᠯ ᠪᠦᠲᠦᠮᠵᠢᠲᠡᠢ ᠰᠠᠢᠵᠢᠷᠠᠪᠠ ᠃
ᠨᠣᠭᠣᠭᠠᠷᠠᠭᠤᠯᠤᠯᠳᠠ ᠵᠢ ᠨᠡᠮᠡᠭ᠌ᠳᠡᠭᠦᠯᠬᠦ᠌ ᠪᠡᠷ ᠪᠠᠷᠠᠬᠤ ᠦᠭᠡᠢ ᠪᠠᠰᠠ ᠨᠤᠭᠤᠭᠠᠷᠠᠭᠤᠯᠤᠯᠳᠠ ᠵᠢ ᠬᠠᠮᠠᠭᠠᠯᠠᠨᠠ᠃ ᠭᠦᠶᠡᠩ ᠱᠢᠶᠠᠨ 《ᠬᠤᠪᠢᠰᠤᠭ᠍ᠴᠢ ᠬᠡᠮᠵᠢᠭ᠌ᠳᠡᠬᠦᠨ ᠵᠢᠡᠷ ᠰᠡᠷᠭᠡᠢᠯᠡᠨ ᠡᠵᠡᠮᠳᠡᠬᠦ᠌᠂ ᠪᠣᠬᠢᠷᠲᠤᠯ ᠥᠬᠡᠶ ᠬᠥᠭ᠌ᠵᠢᠭᠦᠯᠬᠦ᠌》 ᠵᠠᠷᠴᠢᠮ ᠢ᠋ ᠢᠮᠠᠭ᠍ᠲᠠ ᠪᠠᠷᠢᠮᠲᠠᠯᠠᠵᠤ᠂ ᠣᠶ ᠱᠢᠭᠤᠶ ᠨᠤᠲᠤᠭ ᠪᠡᠯᠴᠢᠭᠡᠷ ᠤ᠋ᠨ ᠲᠦᠶ᠋ᠮᠡᠷ ᠢ᠋ ᠰᠡᠷᠭᠡᠢᠯᠡᠬᠦ᠌᠂ ᠬᠥᠨᠥᠭᠡᠯᠳᠦ ᠠᠮᠢᠳᠤ ᠪᠣᠳᠠᠰ ᠢ᠋ ᠰᠡᠷᠭᠡᠢᠯᠡᠨ ᠡᠵᠡᠮᠳᠡᠬᠦ᠌᠂ ᠡᠬᠢ ᠪᠠᠶᠠᠯᠢᠭ ᠢ᠋ ᠬᠢᠨᠠᠨ ᠬᠠᠮᠢᠶᠠᠷᠴᠤ᠌ ᠬᠠᠤᠯᠢ ᠬᠡᠷᠡᠭ᠌ᠵᠢᠭᠦᠯᠬᠦ᠌ ᠠᠵᠢᠯ ᠢ᠋ ᠳᠡᠭᠡᠳᠦ ᠬᠡᠮᠵᠢᠶᠡᠪᠡᠷ ᠠᠬᠢᠭᠤᠯᠵᠤ᠂ ᠪᠣᠬᠢᠷᠲᠤᠯ ᠥᠬᠡᠶ ᠠᠮᠢ ᠠᠬᠤᠶ ᠵᠢᠨ ᠠᠮᠤᠷ ᠲᠦᠪᠱᠢᠨᠦ ᠬᠠᠯᠬᠠᠪᠴᠢ ᠵᠢ ᠪᠠᠢᠭᠤᠯᠪᠠ᠃ ᠣᠶ ᠱᠢᠭᠤᠶ ᠨᠤᠲᠤᠭ ᠪᠡᠯᠴᠢᠭᠡᠷ ᠤ᠋ᠨ ᠲᠦᠶ᠋ᠮᠡᠷ ᠢ᠋ ᠰᠡᠷᠭᠡᠢᠯᠡᠬᠦ᠌ ᠲᠠᠯᠠᠪᠠᠷ᠂ 《ᠰᠡᠷᠭᠡᠢᠯᠡᠬᠦ᠌》 ᠪᠠ 《ᠠᠪᠤᠷᠬᠠᠸ᠋》 ᠬᠠᠷᠢᠭᠤᠴᠠᠯᠭᠠ ᠵᠢᠨ ᠬᠡᠯᠬᠢᠶᠡ ᠵᠢ ᠰᠠᠢᠲᠤᠷ ᠵᠣᠯᠭᠠᠭᠤᠯᠵᠤ᠂ ᠪᠥᠬᠥ᠌ ᠱᠢᠶᠠᠨ ᠤ᠋ ᠬᠡᠪᠴᠢᠶᠡᠨᠳᠦ ᠱᠢᠶᠠᠨ ᠪᠠᠯᠭᠠᠰᠤ ᠲᠣᠰᠭᠣᠨ ᠭᠤᠷᠪᠠᠨ ᠱᠠᠲᠤᠨ ᠤ᠋ ᠣᠶ ᠰᠢᠭᠤᠢ ᠵᠢᠨ ᠳᠠᠷᠤᠭᠠ ᠵᠢᠨ ᠲᠦᠷᠢᠮ ᠤ᠋ᠨ ᠵᠠᠷᠯᠠᠨ ᠨᠡᠢᠲᠡᠯᠡᠬᠦ᠌ ᠫᠠᠢᠰᠠ ᠵᠢ 89 ᠭᠠᠷᠭᠠᠵᠤ᠂ ᠰᠡᠷᠭᠡᠢᠯᠡᠨ ᠡᠵᠡᠮᠳᠡᠬᠦ᠌ ᠬᠠᠷᠢᠭᠤᠴᠠᠯᠭᠠ ᠵᠢᠨ ᠲᠣᠭᠣᠷᠢᠭᠢ 9 ᠵᠠᠭᠠᠭ᠍ᠯᠠᠨ ᠲᠣᠭ᠍ᠲᠠᠭᠠᠵᠤ᠂ 11 ᠸᠢᠳᠢᠤ᠋ ᠬᠢᠨᠠᠨ ᠡᠵᠡᠮᠰᠢᠯ ᠢ᠋ ᠬᠡᠷᠡᠭᠯᠡᠨ ᠭᠠᠵᠠᠷ ᠳᠡᠭᠡᠷᠡᠬᠢ ᠲᠣᠭᠣᠷᠢᠨ ᠬᠠᠮᠠᠭᠠᠯᠠᠯᠲᠠ ᠳ᠋ᠦ ᠬᠠᠮᠵᠢᠯᠴᠠᠨ᠂ ᠬᠠᠮᠵᠢᠯᠴᠠᠨ ᠠᠵᠢᠯᠯᠠᠬᠤ ᠵᠢ ᠴᠢᠩᠭᠠᠳᠭᠠᠵᠤ᠂ ᠣᠶ ᠱᠢᠭᠤᠶ ᠨᠤᠲᠤᠭ ᠪᠡᠯᠴᠢᠭᠡᠷ ᠤ᠋ᠨ ᠲᠦᠶ᠋ᠮᠡᠷ ᠤ᠋ᠨ ᠰᠡᠷᠭᠡᠢᠯᠡᠯᠳᠠᠵᠢ ᠬᠦᠴᠦᠯᠡᠨ ᠪᠠᠲᠤᠯᠠᠵᠠᠢ᠃
ᠭᠤᠷᠪᠠᠨ ᠬᠤᠪᠢ ᠵᠢᠨ ᠣᠢᠵᠢᠭᠤᠯᠤᠯᠲᠠ ᠳᠣᠯᠣᠭᠠᠨ ᠬᠤᠪᠢ ᠵᠢᠨ ᠬᠠᠮᠠᠭᠠᠯᠠᠯᠲᠠ ᠭᠡᠳᠡᠭ᠃ ᠭᠦᠶᠡᠩ ᠱᠢᠶᠠᠨ ᠤ᠋ ᠬᠢᠨ ᠣᠶ ᠱᠢᠭᠤᠶ ᠨᠤᠲᠤᠭ ᠪᠡᠯᠴᠢᠭᠡᠷ ᠤ᠋ᠨ ᠡᠬᠢ ᠪᠠᠶᠠᠯᠢᠭ ᠢ᠋ ᠬᠢᠨᠠᠨ ᠬᠠᠮᠢᠶᠠᠷᠬᠤ ᠦᠷᠡ ᠪᠦᠲᠦᠮᠵᠢ ᠪᠡᠨ ᠳᠡᠭᠡᠭ᠌ᠰᠢᠯᠡᠭᠦᠯᠵᠦ᠍᠂ ᠣᠶ ᠱᠢᠭᠤᠶ ᠨᠤᠲᠤᠭ ᠪᠡᠯᠴᠢᠭᠡᠷ ᠲᠦ᠍ ᠬᠣᠯᠪᠣᠭ᠍ᠳᠠᠭ᠍ᠰᠠᠨ ᠬᠠᠤᠯᠢ ᠡᠴᠡ ᠵᠥᠷᠢᠴᠡᠭ᠌ᠰᠡᠨ ᠶᠠᠯᠠᠲᠤ ᠠᠵᠢᠯᠯᠠᠭᠠ ᠳ᠋ᠦ ᠴᠢᠩᠭᠠ ᠴᠣᠬᠢᠯᠲᠠ ᠥᠭ᠌ᠴᠦ᠂ ᠡᠬᠢ ᠡᠭᠦᠰᠦᠯᠡᠴᠡᠨᠢ ᠬᠠᠮᠢᠶᠠᠷᠤᠨ ᠡᠵᠡᠮᠳᠡᠬᠦ᠌᠂ ᠣᠶ ᠱᠢᠭᠤᠶ ᠵᠢ ᠱᠠᠯᠠᠪᠳᠠᠭᠤᠯᠤᠨ ᠪᠠᠢᠴᠠᠭᠠᠬᠤ᠂ ᠬᠠᠤᠯᠢ ᠬᠡᠷᠡᠭ᠌ᠵᠢᠭᠦᠯᠦᠯᠳᠠ ᠵᠢᠨ ᠬᠣᠯᠪᠣᠭᠠᠯᠠᠨ ᠬᠥᠳᠡᠯᠦᠯᠴᠡᠬᠦ᠌᠂ ᠬᠢᠨᠠᠨ ᠬᠠᠮᠢᠶᠠᠷᠴᠤ᠌ ᠵᠣᠬᠢᠴᠠᠭᠤᠯᠬᠤ᠂ ᠱᠠᠯᠠᠪᠳᠠᠭᠤᠯᠤᠨ ᠪᠠᠢᠴᠠᠭᠠᠵᠤ ᠬᠢᠨᠠᠨ ᠱᠢᠯᠭᠠᠬᠤ ᠵᠡᠷᠭᠡ 5 ᠵᠦᠶ᠋ᠯ ᠤ᠋ᠨ ᠣᠷᠳᠣ ᠬᠤᠭᠤᠴᠠᠭᠠᠨ ᠤ᠋ ᠪᠦᠲᠦᠮᠵᠢᠲᠡᠶ ᠬᠠᠮᠢᠶᠠᠷᠤᠨ ᠡᠵᠡᠮᠳᠡᠬᠦ᠌ ᠲᠣᠭ᠍ᠲᠠᠴᠠ ᠵᠢ ᠭᠦᠨᠵᠡᠭᠡᠢᠷᠡᠭᠦᠯᠵᠦ᠍᠂ ᠤᠯᠤᠰ ᠤ᠋ᠨ ᠲᠠᠰ ᠤ᠋ᠨ ᠨᠤᠲᠤᠭ ᠪᠡᠯᠴᠢᠭᠡᠷ ᠤ᠋ᠨ ᠬᠦᠨᠦᠭᠡᠯ ᠲᠠᠢ ᠠᠮᠢᠳᠤ ᠪᠣᠳᠠᠰ ᠢ᠋ ᠬᠢᠨᠠᠨ ᠬᠡᠮᠵᠢᠬᠦ ᠴᠡᠭ ᠢ᠋ 17 ᠪᠠᠢᠭᠤᠯᠵᠤ᠂ ᠬᠡᠭᠡᠷᠡ ᠵᠢᠨ ᠠᠮᠢᠲᠠᠨ ᠤ᠋ ᠬᠢᠵᠢᠭ ᠤ᠋ᠨ ᠰᠤᠷᠪᠤᠯᠵᠢ ᠬᠢᠵᠢᠭ ᠡᠪᠡᠳᠴᠢᠨ ᠢ᠋ ᠬᠢᠨᠠᠨ ᠬᠡᠮᠵᠢᠵᠦ᠍ ᠤᠷᠢᠳᠴᠢᠯᠠᠨ ᠮᠡᠳᠡᠭᠡᠯᠡᠬᠦ᠌ ᠵᠢ ᠰᠠᠢᠲᠤᠷ ᠠᠳᠭᠤᠵᠤ᠂ ᠨᠠᠷᠠᠰᠤᠨ ᠮᠤᠳᠤᠨ ᠤ᠋ ᠤᠲᠠᠰᠤᠯᠢᠭ ᠬᠣᠷᠣᠬᠠᠢᠵᠢᠨ ᠡᠪᠡᠳᠴᠢᠨ ᠵᠡᠷᠭᠡ ᠬᠦᠨᠳᠦ ᠶᠡᠬᠡ ᠣᠶ ᠱᠢᠭᠤᠶ ᠨᠤᠲᠤᠭ ᠪᠡᠯᠴᠢᠭᠡᠷ ᠲᠦ᠍ ᠬᠦᠨᠦᠭᠡᠯ ᠳᠠᠢ ᠠᠮᠢᠳᠤ ᠪᠣᠳᠠᠰ ᠢ᠋ ᠰᠡᠷᠭᠡᠢᠯᠡᠨ ᠡᠵᠡᠮᠳᠡᠬᠦ᠌ ᠠᠵᠢᠯ ᠢ᠋ ᠰᠠᠢᠲᠤᠷ ᠬᠢᠪᠠ᠃
ᠭᠦᠶᠡᠩ ᠱᠢᠶᠠᠨ ᠡᠬᠢ ᠪᠠᠶᠠᠯᠢᠭ ᠤ᠋ᠨ ᠳᠠᠪᠠᠭᠤᠯᠢᠭᠲᠠᠭᠠᠨ ᠲᠦᠱᠢᠭ᠌ᠯᠡᠨ 《ᠶᠡᠷᠦᠩᠬᠡᠶ ᠬᠡᠮᠵᠢᠶᠡ ᠵᠢ ᠠᠮᠢᠳᠤᠯᠢᠭ ᠠᠰᠢᠬᠯᠠᠬᠤ》ᠳ᠋ᠤ ᠠᠩᠬᠠᠷᠤᠯᠵᠢᠡᠨ ᠲᠥᠪᠯᠡᠷᠡᠭᠦᠯᠵᠦ᠍᠂ ᠠᠮᠢ ᠠᠬᠤᠶ ᠵᠢ ᠤᠷᠢᠳ ᠵᠢᠡᠷ ᠪᠣᠳᠣᠯᠬᠢᠯᠠᠬᠤ᠂ ᠪᠣᠬᠢᠷᠲᠤᠯ ᠥᠬᠡᠶ ᠬᠥᠭ᠌ᠵᠢᠭᠦᠯᠬᠦ᠌ ᠵᠢ ᠪᠠᠷᠢᠮᠲᠠᠯᠠᠵᠤ᠂ ᠠᠮᠢ ᠠᠬᠤᠶ ᠪᠠᠷ ᠠᠷᠠᠳᠲᠤ ᠠᠱᠢᠭ ᠬᠦᠷᠲᠡᠭᠡᠬᠦ᠌᠂ ᠵᠦᠶ ᠵᠣᠬᠢᠰᠲᠠᠶ ᠠᠱᠢᠭ᠍ᠯᠠᠬᠤ ᠵᠢ ᠪᠠᠷᠢᠮᠲᠠᠯᠠᠵᠤ᠂ ᠭᠦᠶᠡᠩ ᠤ᠋ᠨ ᠠᠭᠤᠯᠠᠷᠬᠠᠭ ᠣᠷᠣᠨ ᠱᠢᠭᠤᠢᠲᠤ ᠣᠷᠣᠨ ᠡᠯᠡᠰᠦᠷᠬᠡᠭ ᠣᠷᠣᠨ ᠤ᠋ ᠨᠤᠲᠤᠭ ᠪᠡᠯᠴᠢᠭᠡᠷ ᠤ᠋ᠨ ᠡᠬᠢ ᠪᠠᠶᠠᠯᠢᠭ ᠢ᠋ ᠠᠱᠢᠭ᠍ᠯᠠᠬᠤ ᠳᠠᠪᠠᠭᠤᠯᠢᠭ ᠢ᠋ ᠠᠬᠢᠭᠤᠯᠵᠤ᠂ ᠪᠣᠬᠢᠷᠲᠤᠯ ᠥᠬᠡᠶ ᠪᠡᠷ ᠠᠷᠠᠳ ᠢ᠋ ᠪᠠᠶᠠᠵᠢᠭᠤᠯᠬᠤ ᠠᠵᠤ ᠦᠶ᠋ᠯᠡᠰ ᠢ᠋ ᠬᠥᠭ᠌ᠵᠢᠭᠦᠯᠪᠡ᠃ ᠤᠷᠢᠳ ᠬᠣᠵᠢᠳ ᠨᠣᠭᠣᠭᠠᠷᠠᠭᠤᠯᠤᠯᠲᠠ ᠵᠢᠨ ᠺᠣᠮᠫᠠᠨᠢ ᠪᠠ ᠣᠶ ᠱᠢᠭᠤᠶ ᠵᠢᠨ ᠣᠢᠵᠢᠭᠤᠯᠤᠯᠲᠠ ᠵᠢᠨ 6 ᠬᠣᠷᠱᠢᠶᠠ ᠵᠢ ᠤᠷᠤᠭᠤᠯᠤᠨ ᠠᠪᠴᠢᠷᠠᠵᠤ᠂ ᠲᠠᠷᠢᠶᠠᠯᠠᠬᠤ ᠡᠷᠦᠬᠡ ᠵᠢ ᠳᠠᠭᠠᠭᠤᠯᠤᠨ ᠣᠶ ᠳᠣᠲᠣᠷᠠ ᠪᠤᠶᠤ ᠣᠶ ᠵᠢᠨ ᠬᠣᠭᠣᠷᠣᠨᠳᠣ ᠲᠤᠷᠱᠢᠯᠲᠠ ᠵᠢᠨ ᠴᠢᠨᠠᠷᠲᠠᠶ ᠪᠠᠷ 0.5 ᠲᠦᠮᠡᠨ ᠮᠥ᠍ ᠪᠠᠪᠦ᠂ 0.3 ᠲᠦᠮᠡᠨ ᠮᠥ᠍ ᠬᠤᠨᠴᠢᠷ᠂ 1.2 ᠲᠦᠮᠡᠨ ᠮᠥ᠍ ᠬᠤᠨᠢᠨ ᠵᠠᠩᠭᠤᠤ ᠳᠠᠷᠢᠪᠠ; 3 ᠲᠤᠰᠭᠠᠶ ᠬᠣᠷᠱᠢᠶᠠ ᠵᠢ ᠵᠣᠬᠢᠶᠠᠨ ᠪᠠᠢᠭᠤᠯᠵᠤ ᠨᠢᠰᠢᠩᠬᠦ ᠵᠢᠨ ᠪᠣᠳᠠ ᠮᠣᠳᠣᠨ ᠤ᠋ ᠤᠢᠵᠢᠨ ᠭᠤᠤᠷᠰᠤ ᠵᠢᠨ ᠦᠯᠡᠳᠡᠭᠳᠡᠯ ᠪᠣᠳᠠᠰ ᠢ᠋ ᠠᠱᠢᠭ᠍ᠯᠠᠨ 12 ᠲᠦᠮᠡᠨ ᠲᠣᠨ ᠮᠦᠬᠦᠯᠢᠭ ᠪᠠ ᠤᠩᠭᠠᠷᠢᠯ ᠬᠡᠯᠪᠡᠷᠢᠵᠢᠨ ᠪᠣᠷᠳᠣᠭᠠ ᠦᠶ᠋ᠯᠡᠳᠪᠦᠷᠢᠯᠡᠪᠡ; ᠣᠶ ᠱᠢᠭᠤᠶ ᠨᠤᠲᠤᠭ ᠪᠡᠯᠴᠢᠭᠡᠷ ᠤ᠋ᠨ ᠵᠢᠭᠤᠯᠴᠢᠯᠠᠯ ᠤ᠋ᠨ ᠠᠯᠳᠠᠷᠱᠢᠯ ᠢ᠋ ᠳᠡᠭᠡᠭ᠌ᠰᠢᠯᠡᠭᠦᠯᠵᠦ᠍᠂ ᠣᠶ ᠱᠢᠭᠤᠶ ᠨᠤᠲᠤᠭ ᠪᠡᠯᠴᠢᠭᠡᠷ ᠤ᠋ᠨ ᠵᠢᠭᠤᠯᠴᠢᠯᠠᠯ ᠤ᠋ᠨ ᠵᠢᠯ ᠤ᠋ᠨ ᠭᠥᠯᠢᠶᠡᠨ ᠠᠪᠤᠭᠰᠠᠳ 20 ᠲᠦᠮᠡᠨ ᠬᠥᠮᠦᠨ ᠤᠳᠠᠭᠠ ᠳ᠋ᠤ ᠬᠦᠷᠴᠤ᠂ ᠦᠶ᠋ᠯᠡᠳᠬᠦᠨᠦ ᠥᠷᠲᠡᠭ ᠵᠢᠠᠨ 2 ᠳ᠋ᠦᠩᠱᠢᠭᠤᠷ ᠲᠥᠭᠥᠷᠢᠭ ᠲᠦ᠍ ᠬᠦᠷᠬᠡᠬᠦ ᠪᠡᠷ ᠬᠦᠴᠤᠯᠠᠨ ᠴᠢᠷᠮᠠᠢᠵᠦ ᠪᠠᠢᠨᠠ᠃