ᠲᠡᠯᠭᠡᠷ ᠵᠤᠨ᠎ᠤ ᠡᠵᠡᠨ᠎ᠡ ᠬᠣᠰᠢᠭᠤᠨ᠎ᠤ ᠳ᠋ᠦᠩᠹᠸᠩ ᠪᠠᠯᠭᠠᠰᠤᠨ᠎ᠠ᠂ ᠪᠦᠭᠴᠢᠮ᠎ᠡ ᠨᠠᠷᠠᠨ ᠵᠤᠯᠠᠢ ᠲᠡᠭᠡᠷ᠎ᠡ ᠡᠴᠡ ᠲᠦᠭᠡᠨᠡᠵᠦ᠂ ᠦᠶ᠎ᠡ ᠦᠶ᠎ᠡ ᠦᠯᠢᠶᠡᠬᠦ ᠬᠠᠯᠠᠭᠤᠨ ᠵᠢᠪᠠᠷ ᠲᠸ᠋ ᠬᠦᠮᠦᠰ᠎ᠤᠨ ᠠᠮᠢᠰᠬᠤᠭ᠎ᠠ ᠪᠦᠭᠯᠡᠷᠡᠨ᠎ᠡ᠃ ᠭᠡᠲᠡᠯ᠎ᠡ᠂ ᠭᠤᠷᠤᠨᠠᠢ ᠭᠠᠴᠠᠭᠠᠨ᠎ᠤ ᠪᠠᠳᠠᠢ᠎ᠶᠢᠨ ᠵᠢᠷᠠᠨ ᠡᠯᠡᠰᠦᠨ᠎ᠦ ᠬᠥᠪᠡᠭᠡᠨ᠎ᠳᠡᠬᠢ ᠨᠢᠭᠡ ᠬᠡᠰᠡᠭ ᠵᠠᠭᠤᠨ ᠤᠢ᠎ᠳᠤ᠂ ᠪᠡᠶ᠎ᠡ ᠳ᠋ᠡᠭᠡᠨ ᠥᠩᠭᠡ ᠨᠢ ᠤᠨᠠᠭᠰᠠᠨ ᠵᠦᠩᠱᠠᠨ ᠬᠤᠪᠴᠠᠰᠤᠡᠮᠦᠰᠴᠦ᠂ ᠲᠤᠯᠤᠭᠠᠢ ᠪᠠᠨ ᠠᠯᠴᠢᠭᠤᠷ᠎ᠢᠶᠠᠷ ᠪᠤᠭᠤᠬᠰᠠᠨ ᠨᠠᠮᠬᠠᠨ ᠪᠡᠶ᠎ᠡ ᠲᠠᠢ ᠨᠠᠰᠤᠲᠠᠨ ᠬᠥᠯᠥᠰᠦ᠎ᠪᠡᠨ ᠠᠷᠴᠢᠬᠤ᠎ᠶᠢᠨ ᠳᠠᠭᠠᠤ ᠨᠢᠷᠤᠭᠤ ᠪᠥᠬᠥᠢᠨ ᠨᠢᠯᠬ᠎ᠠ ᠵᠠᠬ ᠢ᠋ᠢᠡᠨ ᠤᠰᠤᠯᠠᠵᠦ ᠪᠠᠢᠯ᠎ᠠ᠃
ᠡᠨᠡ ᠨᠠᠰᠤᠲᠠᠨ ᠪᠣᠯ ᠲᠤᠬᠠᠢ᠎ᠶᠢᠨ ᠭᠠᠵᠠᠷ᠎ᠤᠨ 《ᠡᠯᠡᠰᠦᠵᠠᠰᠠᠬᠰᠠᠨ ᠲᠡᠨᠡᠭ ᠡᠪᠦᠭᠡᠨ》 ᠲᠥᠪᠪᠠᠲᠤ ᠪᠣᠯᠣᠨ᠎ᠠ᠃ ᠲᠡᠷᠡ 21 ᠵᠢᠯᠴᠦᠬᠦᠷᠡᠰᠢ ᠦᠭᠡᠢ ᠬᠠᠳᠠᠭᠤᠵᠢᠯᠳᠠᠢ ᠲᠡᠮᠡᠴᠡᠨ ᠡᠯᠡᠰᠦᠨ ᠴᠦᠯ᠎ᠦᠨ ᠬᠥᠪᠡᠭᠡᠲᠠᠭᠠᠤ ᠬᠡᠳᠦᠨ ᠮᠢᠩᠭᠠᠨ ᠮᠦ᠍ ᠵᠠᠬ ᠮᠤᠳᠤ ᠲᠠᠷᠢᠵᠦ᠂ ᠰᠠᠯᠬᠢ ᠵᠢ ᠬᠠᠯᠬᠠᠯᠠᠨ ᠡᠯᠡᠰᠦ᠎ᠶᠢ ᠲᠣᠭᠲᠠᠪᠤᠷᠢᠵᠢᠭᠤᠯᠬᠤ ᠪᠣᠬᠢᠷᠲᠤᠯ ᠦᠭᠡᠢ ᠠᠮᠢ ᠠᠬᠤᠢ᠎ᠶᠢᠨ ᠬᠠᠯᠬᠠᠪᠴᠢ᠎ᠶᠢ ᠪᠠᠢᠭᠤᠯᠵᠠᠢ᠃
《ᠡᠨᠡ ᠬᠤᠭᠤᠴᠠᠭᠠᠨ᠎ᠳᠤ ᠡᠵᠡᠨ᠎ᠡ ᠬᠣᠰᠢᠭᠤᠨ᠎ᠤ ᠳᠤᠮᠳᠠᠴᠢ ᠠᠭᠠᠷ᠎ᠤᠨ ᠳᠤᠯᠠᠭᠠᠨ ᠴᠥᠮ 37 ᠭᠷᠡᠳᠦ᠋ᠰ᠎ᠡᠴᠡ ᠳᠡᠭᠡᠭᠰᠢ ᠪᠠᠢᠵᠤ᠂ ᠬᠡᠷᠪᠡ ᠴᠠᠭ ᠲᠤᠬᠠᠢ ᠳ᠋ᠤᠨᠢ ᠤᠰᠤᠯᠠᠬᠤ ᠦᠭᠡᠢ ᠪᠣᠯ ᠤᠢᠷ᠎ᠠ ᠵᠢᠨ ᠬᠣᠶᠠᠷ ᠵᠢᠯ᠎ᠤᠨ ᠨᠢᠯᠬ᠎ᠠ ᠵᠠᠬ ᠬᠠᠳᠠᠵᠤ ᠦᠬᠦᠬᠦ᠎ᠳᠦ ᠬᠦᠷᠦᠨ᠎ᠡ》ᠬᠡᠵᠦ ᠲᠦᠪᠪᠠᠲᠦ ᠬᠡᠯᠡᠨ᠎ᠡ᠃ ᠤᠷᠲᠤ ᠬᠤᠭᠤᠴᠠᠭ᠎ᠠ᠎ᠪᠠᠷ ᠬᠡᠭᠡᠷ᠎ᠡ ᠭᠠᠳᠠᠭ᠎ᠠ ᠵᠠᠬ ᠮᠤᠳᠤ ᠲᠠᠷᠢᠵᠦ ᠠᠷᠠᠴᠢᠯᠠᠵᠦ ᠬᠠᠮᠠᠭᠠᠯᠠᠵᠤ ᠶᠠᠪᠤᠭᠰᠠᠨ ᠡᠴᠡ᠂ 70 ᠨᠠᠰᠤᠲᠠᠢ ᠲᠥᠪᠪᠠᠲᠤ᠎ᠶᠢ ᠬᠠᠷᠠᠬᠤ᠎ᠳᠦ ᠨᠡᠩ ᠠᠭᠰᠢᠷᠠᠭ᠎ᠠ ᠪᠤᠭᠤᠷᠤᠯ ᠪᠤᠯᠵᠤ᠂ ᠬᠣᠶᠠᠷ ᠭᠠᠷᠤᠨ ᠠᠷᠠᠰᠤ ᠨᠢ ᠮᠣᠳᠣᠨ ᠬᠠᠯᠢᠰᠤ ᠰᠢᠭ᠋ ᠡᠪᠡᠷᠰᠢᠶᠡᠵᠦ ᠬᠠᠭᠠᠷᠠᠭᠠᠳ᠂ ᠭᠠᠷ ᠳᠡᠭᠡᠷ᠎ᠡ᠎ᠪᠡᠨ ᠰᠢᠷᠠᠪᠲᠤᠷ ᠭᠣᠮ ᠪᠥᠰ ᠨᠠᠭᠠᠵᠠᠢ᠃ 《ᠬᠥᠭᠰᠢᠨ ᠪᠢᠲᠠ ᠬᠣᠶᠠᠭᠤᠯᠠ ᠡᠳᠦᠷ ᠪᠦᠷᠢ ᠲᠦᠷᠪᠡᠨ ᠬᠦᠷᠳᠦᠲᠦ ᠮᠣᠲ᠋ᠣᠷ᠎ᠢᠶᠠᠷ ᠢ᠋ᠢᠡᠨ ᠬᠡᠳᠦᠨ ᠠᠷᠪᠠᠨ ᠮᠤᠳᠤᠨ ᠰᠠᠭᠤᠯᠠᠭ᠎ᠠ ᠲᠡᠭᠡᠭᠡᠵᠦ ᠨᠢᠯᠬ᠎ᠠ ᠵᠠᠭ ᠢ᠋ᠢᠡᠨ ᠤᠰᠤᠯᠠᠵᠦ᠂ ᠤᠷᠭᠤᠯᠲᠠ᠎ᠶᠢᠨ ᠪᠠᠢᠳᠠᠯ᠎ᠢ ᠨᠢ ᠦᠵᠡᠳᠡᠭ᠂ ᠭᠠᠷᠤᠭᠠᠳ ᠠᠵᠢᠯᠯᠠᠬᠰᠠᠭᠠᠷ ᠯᠡ ᠨᠢᠭᠡ ᠡᠲᠦᠷ ᠪᠤᠯᠴᠢᠬᠠᠳᠠᠭ᠃ ᠰᠢᠨ᠎ᠡ ᠳᠠᠷᠢᠭ᠍ᠰᠠᠨ ᠵᠠᠬ᠎ᠤᠨ ᠤᠷᠭᠤᠯᠲᠠ᠎ᠶᠢᠨ ᠪᠠᠢᠳᠠᠯ ᠤᠯᠠᠮ ᠡᠴᠡ ᠤᠯᠠᠮ ᠰᠠᠢᠵᠢᠷᠠᠬᠤ᠎ᠶᠢ ᠦᠵᠡᠭᠦ ᠪᠤᠯᠭᠠᠨ ᠪᠢᠳᠡ ᠬᠤᠶᠠᠷ ᠬᠠᠭ᠎ᠠ ᠪᠠᠶᠠᠷᠯᠠᠳᠠᠭ》 ᠭᠡᠵᠦ ᠲᠥᠪᠪᠠᠲᠤ ᠬᠡᠯᠡᠪᠡ᠃
ᠲᠥᠪᠪᠠᠲᠤ᠂ ᠭᠤᠷᠤᠨᠠᠢ ᠭᠠᠴᠠᠭᠠᠨ᠎ᠤ ᠨᠢᠭᠡᠨ ᠵᠢᠷ᠎ᠦᠨ ᠮᠠᠯᠴᠢᠨ᠎ᠤ ᠭᠡᠷ᠎ᠲᠦ ᠲᠥᠷᠥᠵᠡᠢ᠃ 1976 ᠣᠨ᠎ᠳᠤ᠂ ᠲᠡᠷᠡ ᠭᠠᠨᠰᠤ᠎ᠶᠢᠨ ᠪᠠᠭ᠍ᠰᠢ᠎ᠶᠢᠨ ᠶᠡᠬᠡ ᠰᠤᠷᠭᠠᠭᠤᠯᠢ᠎ᠶᠢᠨ ᠭᠠᠳᠠᠭᠠᠳᠤ ᠬᠡᠯᠡᠨ᠎ᠦ ᠰᠠᠯᠪᠤᠷᠢ ᠡᠴᠡ ᠲᠡᠭᠦᠰᠦᠭᠰᠡᠨ᠎ᠦ ᠳᠠᠷᠠᠭ᠎ᠠ ᠨᠤᠲᠤᠭ᠎ᠲᠠᠭᠠᠨ ᠬᠠᠷᠢᠵᠤ ᠠᠵᠢᠯᠯᠠᠪᠠ᠃ ᠠᠵᠢᠯᠯᠠᠵᠤ ᠪᠠᠢᠬᠤ ᠬᠤᠭᠤᠴᠠᠭᠠᠨ᠎ᠳᠠᠭᠠᠨ᠂ ᠲᠡᠷᠡ ᠨᠤᠲᠤᠭ᠎ᠤᠨ᠎ᠢᠶᠠᠨ ᠠᠮᠢ ᠠᠬᠤᠢ ᠣᠷᠴᠢᠨ ᠲᠣᠭᠣᠷᠢᠨ ᠡᠳᠦᠷ ᠢᠷᠡᠬᠦᠶ᠎ᠡ ᠮᠠᠭᠤᠳᠠᠵᠤ ᠪᠠᠢᠬᠤ᠎ᠶᠢ ᠬᠠᠷᠠᠬᠤᠪᠦᠷᠢ ᠵᠢᠷᠦᠭᠡ ᠨᠢ ᠰᠢᠮᠰᠢᠷᠡᠵᠦ ᠪᠠᠢᠯ᠎ᠠ᠃
2002 ᠣᠨ᠎ᠳᠤ ᠠᠵᠢᠯ᠎ᠤᠨ ᠠᠮᠠᠷᠠᠯᠲᠠ ᠪᠠᠨ ᠠᠪᠤᠬᠰᠠᠨ᠎ᠤ ᠳᠠᠷᠠᠭ᠎ᠠ᠂ ᠲᠥᠪᠪᠠᠲᠤ ᠡᠬᠡᠨᠡᠷ ᠲᠤᠰᠤᠨᠴᠠᠭᠠᠨ ᠲᠠᠢ᠎ᠪᠠᠨ ᠭᠤᠷᠤᠨᠠᠢ ᠰᠤᠮᠤᠨ᠎ᠳᠤ ᠦᠯᠡᠳᠡᠵᠦ᠂ ᠡᠯᠡᠰᠦᠨ ᠴᠦᠯ᠎ᠳᠦ 10 ᠺᠢᠯᠤᠮᠸᠲᠷ ᠤᠷᠲᠤ ᠲᠠᠮᠦᠷ ᠲᠤᠤᠷ ᠪᠣᠰᠬᠠᠵᠤ᠂ 2000 ᠭᠠᠷᠤᠢ ᠮᠦ᠍ ᠡᠯᠡᠰᠦᠨ ᠴᠦᠯ᠎ᠢ ᠬᠦᠷᠢᠶᠡᠯᠡᠨ ᠪᠢᠲᠡᠭᠦᠮᠵᠢᠯᠡᠵᠦ᠂ ᠮᠣᠳᠣ᠌ ᠲᠠᠷᠢᠵᠤ ᠡᠬᠢᠯᠡᠪᠡ᠃《ᠡᠬᠢᠨ᠎ᠦ ᠬᠡᠳᠦᠨ ᠵᠢᠯ᠎ᠳᠦ ᠦᠨᠡᠬᠡᠷ ᠬᠠᠲᠠᠭᠤ ᠪᠡᠷᠬᠡᠰᠢᠶᠡᠯᠲᠡᠢ᠃ ᠬᠦᠨᠳᠦ ᠬᠡᠴᠡᠭᠦᠦ ᠭᠠᠩ ᠬᠠᠭᠰᠠᠷᠠᠭᠠᠨ ᠠ᠋ᠴᠠ ᠪᠣᠯᠵᠤ ᠨᠢᠯᠬ᠎ᠠ ᠴᠢᠬᠢ ᠤᠷᠭᠤᠵᠤ ᠴᠢᠳᠠᠬᠤ ᠦᠭᠡᠢ᠂ ᠵᠠᠷᠢᠮ ᠦᠶ᠎ᠡ᠎ᠳᠦ ᠠᠷᠠᠢ ᠴᠢᠷᠠᠢ ᠤᠷᠭᠤᠵᠤ ᠭᠠᠷᠤᠭᠰᠠᠨ ᠨᠢᠯᠬ᠎ᠠ ᠮᠤᠳᠤ ᠶ᠋ᠢ ᠮᠠᠯ ᠣᠨᠣᠭ᠎ᠠ ᠮᠡᠷᠡᠵᠦ ᠰᠦᠢᠳᠭᠡᠭᠡᠳ ᠳᠡᠮᠡᠢ ᠦᠯᠡᠳᠡᠭᠡᠳᠡᠭ ᠦᠭᠡᠢ》 ᠭᠡᠵᠦ ᠲᠥᠪᠪᠠᠲᠤ ᠬᠡᠯᠡᠪᠡ᠃
ᠬᠦᠴᠢᠷ ᠪᠡᠷᠬᠡᠰᠢᠶᠡᠯ᠎ᠦᠨ ᠡᠮᠦᠨ᠎ᠡ ᠡᠷ᠎ᠡ ᠡᠮ᠎ᠡ ᠬᠣᠶᠠᠭᠤᠯᠠ᠎ᠪᠠᠨ ᠵᠤᠷᠢᠭ ᠮᠤᠬᠤᠬᠰᠠᠨ ᠦᠭᠡᠢ᠃ ᠶᠡᠷᠦᠩᠬᠡᠢ ᠲᠠᠯᠠᠪᠠᠶ ᠨᠢ 3.4 ᠲᠦᠮᠡᠨ ᠲᠡᠭᠰᠢ ᠳᠥᠷᠪᠡᠯᠵᠢᠨ ᠺᠢᠯᠣᠮᠧᠲᠷ ᠪᠠᠢᠳᠠᠭ ᠳ᠋ᠦᠩᠹᠧᠩ ᠪᠠᠯᠭᠠᠰᠤᠨ᠎ᠤ ᠵᠢᠯ᠎ᠦᠨ ᠬᠤᠷ᠎ᠠ ᠲᠤᠨᠳᠠᠰᠤᠨ᠎ᠤ ᠬᠡᠮᠵᠢᠶ᠎ᠡ ᠨᠢ 37 ᠮᠢᠯᠢᠮᠧᠲᠷ ᠬᠦᠷᠬᠦ ᠦᠭᠡᠢ ᠪᠣᠯᠪᠠᠴᠤ ᠠᠭᠤᠷᠰᠢᠯᠲᠠ᠎ᠶᠢᠨ ᠬᠡᠮᠵᠢᠶ᠎ᠡ ᠨᠢ ᠬᠠᠷᠢᠨ 3700 ᠭᠠᠷᠤᠢ ᠮᠢᠯᠢᠮᠧᠲᠷ᠎ᠲᠦ ᠬᠦᠷᠴᠦ᠂ ᠤᠷᠭᠤᠮᠠᠯ᠎ᠤᠨ ᠥᠰᠦᠯᠲᠡ᠎ᠶᠢᠨ ᠨᠥᠬᠥᠴᠡᠯ ᠲᠤᠢᠯ᠎ᠤᠨ ᠨᠤᠴᠢᠳᠠᠢ ᠪᠠᠢᠵᠤ᠂ ᠮᠣᠳᠣᠨ᠎ᠤ ᠲᠥᠷᠥᠯ᠎ᠢ ᠰᠣᠩᠭᠣᠬᠤ ᠨᠢ ᠨᠢᠭᠡᠨ ᠪᠡᠷᠬᠡ ᠰᠡᠳᠦᠪ ᠪᠣᠯᠵᠠᠢ᠃《ᠪᠢ ᠲᠤᠬᠠᠢ᠎ᠶᠢᠨ ᠭᠠᠵᠠᠷ᠎ᠲᠤ ᠠᠵᠢᠯᠯᠠᠵᠤ ᠪᠠᠢᠬᠤ ᠬᠤᠭᠤᠴᠠᠭᠠᠨ᠎ᠳᠠᠭᠠᠨ ᠤᠯᠠᠨ ᠵᠦᠢᠯ᠎ᠦᠨ ᠲᠠᠷᠢᠬᠤ ᠠᠷᠭ᠎ᠠ ᠪᠠ ᠮᠣᠳᠣᠨ᠎ᠤ ᠲᠦᠷᠦᠯ᠎ᠢ ᠲᠤᠷᠰᠢᠵᠤ᠂ ᠡᠳᠡᠭᠡᠷᠡᠯᠲᠡ ᠪᠡᠷ ᠬᠠᠮᠤᠭ᠎ᠤᠨ ᠰᠠᠢᠨ ᠨᠢ ᠵᠠᠬ᠂ ᠲᠤᠰ᠎ᠤᠨ ᠲᠤᠷᠯᠤᠭ᠂ ᠰᠢᠷ᠎ᠡ ᠰᠢᠷᠠᠯᠵᠢ᠂ ᠪᠣᠷᠣ᠌ ᠰᠢᠷᠠᠯᠵᠢ ᠪᠣᠯᠬᠤ᠎ᠶᠢ ᠣᠯᠵᠤ ᠮᠡᠳᠡᠵᠡᠢ᠂ ᠢᠩᠬᠢᠭᠡᠳ ᠪᠢ ᠵᠠᠬ ᠢ᠋ ᠰᠤᠩᠭᠤᠨ ᠲᠠᠷᠢᠪᠠ᠂ ᠵᠠᠭ ᠨᠢ ᠭᠠᠩ ᠬᠠᠭᠰᠠᠷᠠᠭᠠᠨ᠎ᠳᠤ ᠲᠡᠰᠪᠦᠷᠢᠲᠡᠢ ᠪᠦᠭᠡᠳ ᠡᠪᠡᠳᠴᠢᠨ ᠬᠣᠷᠣᠬᠠᠢ ᠢ᠋ᠢᠨ ᠬᠦᠨᠦᠭᠡᠯᠳᠤ ᠲᠡᠰᠪᠦᠷᠢᠲᠡᠢ》 ᠭᠡᠵᠦ ᠲᠥᠪᠪᠠᠲᠤ ᠬᠡᠯᠡᠪᠡ᠃
ᠵᠠᠭ ᠮᠣᠳᠣ ᠬᠤᠳᠠᠯᠳᠤᠨ ᠠᠪᠬᠤ᠎ᠶ᠋ᠢᠨ ᠲᠥᠯᠥᠭᠡ᠂ ᠲᠦᠪᠪᠠᠲᠤ ᠬᠥᠭ᠌ᠰᠢᠨᠲᠡᠶᠪᠡᠨ ᠪᠦᠬᠦ᠌ ᠬᠠᠳᠠᠭᠠᠯᠠᠮᠵᠢ᠎ᠪᠠᠨ ᠭᠠᠷᠭᠠᠪᠠ᠃ ᠵᠠᠭ ᠲᠠᠷᠢᠬᠤ ᠳ᠋ᠤ ᠤᠰᠤ ᠲᠤᠳᠠᠬᠤ ᠨᠢ ᠳᠦᠪᠪᠠᠳᠤ ᠳ᠋ᠤ ᠲᠤᠯᠭᠠᠷᠠᠬᠰᠠᠨ ᠬᠠᠮᠤᠭ᠎ᠤᠨ ᠬᠦᠴᠢᠷᠲᠡᠢ ᠠᠰᠠᠭᠤᠳᠠᠯ ᠪᠣᠯᠤᠨ᠎ᠠ᠂ ᠨᠢᠭᠡ ᠰᠠᠭᠤᠷᠢ ᠵᠠᠭ ᠢ᠋ ᠨᠢᠭᠡ ᠤᠳᠠᠭ᠎ᠠ ᠤᠰᠤᠯᠠᠬᠤ᠎ᠳᠤ ᠠᠷᠪᠠᠨ ᠲᠠᠪᠤ ᠵᠢᠷᠭᠤᠭᠠᠨ ᠵᠢᠩ ᠤᠰᠤ ᠬᠡᠷᠡᠭ᠌ᠰᠡᠨ᠎ᠡ᠂ ᠠᠩᠬ᠎ᠠ ᠡᠬᠢᠨ᠎ᠳᠡᠭᠡᠨ ᠲᠡᠳᠡ ᠮᠠᠱᠢᠨ᠎ᠢᠶᠠᠷ ᠤᠰᠤ ᠲᠠᠲᠠᠵᠤ᠂ ᠬᠥᠭ᠌ᠰᠢᠨ ᠨᠢ ᠤᠰᠤ ᠵᠢ ᠬᠤᠯᠤ ᠬᠤᠯᠤ ᠪᠡᠷ ᠰᠠᠭᠤᠯᠠᠭ᠎ᠠ ᠳ᠋ᠠᠭᠠᠨ ᠴᠢᠳᠬᠤᠵᠤᠲᠦᠬᠦᠷᠭᠡᠳᠡᠭ ᠪᠠᠢᠯ᠎ᠠ᠂ ᠨᠢᠭᠡ ᠰᠠᠭᠤᠯᠠᠭ᠎ᠠ ᠤᠰᠤ ᠨᠢ ᠪᠠᠷᠤᠭ 9 ᠵᠢᠩ ᠬᠦᠨᠳᠤ ᠪᠠᠢᠪᠠ᠃ ᠲᠦᠪᠪᠠᠲᠤ ᠰᠠᠭᠤᠯᠠᠭ᠎ᠠ ᠰᠠᠭᠤᠯᠠᠭ᠎ᠠ ᠤᠰᠤ ᠵᠢ ᠡᠬᠦᠷᠴᠤ ᠨᠢᠯᠬ᠎ᠠ ᠵᠠᠭ ᠵᠢᠡᠨ ᠤᠰᠤᠯᠠᠨ᠎ᠠ᠃ 3 ᠵᠢᠯ᠎ᠦᠨ ᠳᠠᠷᠠᠭ᠎ᠠ᠂ ᠢᠩᠬᠢᠵᠦ ᠬᠢᠵᠦ ᠲᠡᠢᠯᠬᠦ᠎ᠪᠡᠨ ᠪᠤᠯᠢᠵᠤ᠂ ᠮᠣᠲ᠋ᠣᠷ ᠲᠡᠷᠭᠡ ᠬᠤᠳᠠᠯᠳᠤᠨ ᠠᠪᠴᠤ ᠤᠰᠤ ᠵᠦᠭᠡᠭᠡᠭᠦ ᠪᠤᠯᠵᠠᠢ᠂ ᠭᠡᠲᠡᠯ᠎ᠡ ᠮᠣᠲ᠋ᠣᠷ ᠲᠡᠷᠭᠡ ᠡᠯᠡᠰᠦᠨ ᠳᠣᠲᠣᠷ᠎ᠠ ᠠᠮᠠᠷᠬᠠᠨ ᠡᠪᠳᠡᠷᠡᠨ᠎ᠡ᠃ ᠠᠷᠪᠠᠭᠠᠳ ᠵᠢᠯ ᠤ᠋ᠨ ᠲᠤᠷᠰᠢ᠂ ᠲᠡᠷᠡ ᠨᠢᠭᠡᠨᠲᠡ 20 ᠰᠢᠬᠠᠮ ᠮᠣᠲ᠋ᠣᠷ ᠢ᠋ ᠤᠨᠤᠵᠤ ᠡᠯᠡᠭᠡᠯᠠ᠃
ᠡᠳᠡᠭᠡᠷᠡᠯᠲᠡ᠎ᠶ᠋ᠢᠨ ᠨᠤᠷᠮ᠎ᠠ᠎ᠶ᠋ᠢᠨ ᠬᠦᠴᠢᠷ ᠠᠰᠠᠭᠤᠳᠠᠯ᠎ᠢ ᠱᠢᠶ᠋ᠳᠪᠦᠷᠢᠯᠡᠬᠦ᠌᠎ᠶ᠋ᠢᠨ ᠲᠥᠯᠥᠭᠡ᠂ ᠲᠡᠳᠡ ᠬᠤᠶᠠᠭᠤᠯᠠ ᠰᠠᠨᠠᠭᠠᠴᠢᠯᠠᠭ᠎ᠠ᠎ᠠᠴᠠ᠎ᠪᠠᠨ ᠲᠤᠰᠭᠠᠶ ᠮᠡᠷᠭᠡᠵᠢᠯᠲᠡᠨ᠎ᠢᠶᠡᠷ ᠵᠢᠭᠠᠯᠭᠠᠵᠤ᠂ ᠶᠡᠬᠡ ᠬᠡᠮᠵᠢᠶᠡᠨ᠎ᠦ ᠮᠠᠲ᠋ᠧᠷᠢᠶᠠᠯ ᠡᠷᠢᠬᠦ ᠵᠢᠨ ᠬᠠᠮᠳᠤ ᠤᠯᠠᠨ ᠵᠦᠢᠯ᠎ᠦᠨ ᠲᠤᠷᠱᠢᠯᠲᠠ ᠬᠢᠵᠡᠶ᠃ ᠡᠳᠦᠷ ᠤᠳᠠᠭᠠᠨ᠎ᠳᠠᠭᠠᠨ ᠲᠡᠳᠡ ᠥᠪᠡᠷ᠎ᠦᠨ 《ᠮᠣᠳᠣ ᠲᠠᠷᠢᠬᠤ ᠠᠷᠭ᠎ᠠ》 ᠪᠠᠨ ᠳ᠋ᠦᠩᠨᠡᠨ ᠭᠠᠷᠭᠠᠪᠠ᠄ 《ᠬᠠᠪᠤᠷ ᠴᠠᠭ ᠰᠠᠯᠬᠢ ᠶᠡᠬᠡ᠂ ᠪᠢᠳᠡ ᠵᠠᠭ ᠤ᠋ᠨ ᠴᠢᠬᠢ᠎ᠶ᠋ᠢ ᠤᠰᠤᠨ᠎ᠳᠤ ᠳᠡᠪᠲᠦᠭᠡᠵᠦ᠂ ᠰᠠᠯᠬᠢ ᠨᠠᠮᠳᠠᠬᠤ ᠦᠶᠡᠰ ᠴᠠᠭ᠎ᠢ ᠠᠮᠵᠢᠨ ᠵᠠᠢᠯᠠᠨ᠎ᠠ᠃ ᠵᠣᠨ᠎ᠤ ᠤᠯᠠᠷᠢᠯ ᠪᠣᠯ ᠵᠠᠭᠤᠨ ᠴᠢᠬᠢ᠎ᠶ᠋ᠢᠨ ᠤᠰᠤ ᠨᠥᠬᠥᠪᠥᠷᠢᠯᠡᠬᠦ᠌ ᠤᠯᠠᠷᠢᠯ᠂ ᠡᠯᠡᠰᠦᠨ ᠴᠥᠯ᠎ᠳᠡᠬᠢ ᠠᠭᠠᠷ᠎ᠤᠨ ᠳᠤᠯᠠᠭᠠᠨ ᠥᠨᠳᠥᠷ᠂ ᠪᠢᠳᠡ ᠡᠳᠦᠷ ᠪᠦᠷᠢ 3 ᠤᠳᠠᠭ᠎ᠠ ᠤᠰᠤᠯᠠᠨ᠎ᠠ᠃ ᠨᠠᠮᠤᠷ᠂ ᠡᠪᠦᠯ᠎ᠳᠡᠭᠡᠨ ᠭᠣᠣᠯᠳᠠᠭᠤ ᠮᠣᠳᠣ᠎ᠶ᠋ᠢ ᠠᠷᠠᠴᠢᠯᠠᠨ ᠬᠠᠮᠢᠶᠠᠷᠴᠤ᠌᠂ ᠪᠠᠢᠨ ᠪᠠᠢᠨ ᠣᠢᠲᠤ ᠭᠠᠵᠠᠷ ᠣᠴᠢᠵᠤ᠂ ᠮᠠᠯ ᠰᠦᠷᠦᠭ ᠬᠤᠷᠤᠭ᠎ᠠ ᠬᠠᠱᠢᠶᠠᠨᠠᠴᠠᠪᠠᠨ ᠳᠠᠪᠠᠵᠤ ᠵᠠᠭᠮᠤᠳᠤᠨ ᠴᠢᠬᠢ᠎ᠶ᠋ᠢ ᠬᠤᠯᠠᠭᠠᠢᠯᠠᠨ ᠬᠡᠮᠡᠯᠢᠬᠦ᠌ᠡᠴᠡ ᠰᠡᠷᠭᠡᠢᠯᠡᠳᠡᠭ》 ᠭᠡᠯ᠎ᠠ᠃
ᠮᠣᠳᠣ ᠲᠠᠷᠢᠬᠤ ᠨᠢ ᠴᠠᠭ ᠬᠦᠴᠦ᠍ ᠵᠠᠷᠤᠴᠠᠭᠤᠯᠬᠤ᠎ᠪᠠᠷ ᠪᠠᠷᠠᠬᠤ ᠦᠭᠡᠢ ᠪᠠᠰᠠ ᠤᠯᠠᠨ ᠪᠡᠯᠡ ᠮᠥᠩᠭᠥ ᠬᠡᠷᠡᠭ᠌ᠰᠡᠨ᠎ᠡ᠃ ᠡᠪᠤᠬᠡᠨ ᠬᠦᠭᠰᠢᠨ ᠬᠣᠶᠠᠭᠤᠯᠠ ᠥᠪᠡᠷ᠎ᠦᠨ ᠠᠵᠢᠯ ᠡᠴᠨ ᠪᠠᠨ ᠠᠮᠠᠷᠠᠬᠰᠠᠨ ᠮᠥᠩᠭᠥ᠎ᠪᠡᠷ᠎ᠢᠶᠡᠨ ᠰᠠᠢᠬᠠᠨ ᠠᠮᠢᠳᠤᠷᠠᠵᠤ ᠪᠤᠯᠳᠠᠭ᠂ ᠭᠡᠲᠡᠯ᠎ᠡ ᠡᠳᠡᠭᠡᠷ ᠵᠢᠯ᠎ᠦᠳ᠎ᠲᠦ ᠲᠡᠳᠡ ᠢᠳᠡᠵᠦ᠍ ᠡᠮᠦᠰᠭᠦ᠎ᠪᠡᠨ ᠠᠷᠪᠢᠯᠠᠨ ᠭᠠᠮᠨᠠᠵᠤ᠂ ᠨᠢᠯᠬ᠎ᠠ ᠴᠢᠬᠢ᠂ ᠲᠣᠣᠷ ᠬᠦᠷᠢᠶ᠎ᠡ᠂ ᠤᠰᠤ ᠤᠰᠤᠯᠠᠬᠤ ᠲᠡᠷᠭᠡ᠂ ᠴᠢᠶᠢᠦ ᠲᠣᠰᠣ ᠬᠤᠳᠠᠯᠳᠤᠨ ᠠᠪᠤᠭᠠᠳ 100 ᠭᠠᠷᠤᠶ ᠲᠦᠮᠡᠨ ᠲᠥᠭᠥᠷᠢᠭ ᠵᠠᠷᠤᠴᠠᠭᠤᠯᠵᠠᠶ᠃ ᠲᠦᠪᠪᠠᠲᠤ᠄《ᠮᠠᠨ᠎ᠤ ᠵᠣᠭᠣᠰ ᠪᠦᠷ ᠡᠯᠡᠰᠦᠨ ᠳᠣᠲᠣᠷ᠎ᠠ ᠪᠠᠢᠨ᠎ᠠ》 ᠭᠡᠵᠦ ᠬᠡᠯᠡᠨ᠎ᠠ᠃ ᠡᠯᠡᠰᠦᠨ ᠴᠦᠯ ᠳ᠋ᠤ ᠰᠠᠯᠬᠢ ᠰᠢᠷᠦᠬᠦᠨ᠂ ᠡᠪᠤᠭᠡᠨ ᠬᠦᠭᠰᠢᠨ ᠬᠣᠶᠠᠭᠤᠯᠠ᠎ᠶ᠋ᠢᠨ ᠱᠠᠬᠠᠶ᠎ᠨᠢ ᠭᠤᠷᠪᠠᠨ ᠰᠠᠷ᠎ᠠ ᠡᠮᠦᠰᠪᠡᠯ ᠡᠪᠳᠡᠷᠡᠴᠢᠬᠡᠨᠡ᠂ ᠬᠤᠪᠴᠠᠰᠤ᠎ᠨᠢ ᠨᠢᠭᠡ ᠵᠢᠯ ᠡᠮᠦᠰᠪᠡᠯ ᠴᠣᠭᠣᠷᠠᠴᠢᠬᠠᠨᠠ᠂ ᠨᠢᠭᠤᠷ ᠭᠠᠷ᠎ᠨᠢ ᠴᠦ᠍ ᠠᠯᠢ ᠡᠷᠲᠡ ᠰᠠᠭᠠᠷᠢᠳᠤᠨ ᠬᠠᠭᠠᠷᠠᠵᠠᠢ᠂ ᠭᠡᠪᠡᠴᠦ᠍ ᠵᠠᠭ ᠮᠣᠳᠣ᠎ᠨᠢ ᠬᠠᠷᠢᠨ ᠶᠠᠪᠤᠬᠤ ᠲᠤᠲᠤᠮ ᠲᠣᠮᠣᠷᠠᠵᠤ᠂ ᠳᠠᠷᠢᠬᠤ ᠲᠤᠲᠤᠮ ᠠᠷᠪᠢᠨ ᠪᠣᠯᠤᠨ᠎ᠠ᠃
ᠤᠷᠲᠤ ᠬᠤᠭᠤᠴᠠᠭ᠎ᠠ᠎ᠪᠠᠷ ᠬᠡᠭᠡᠷ᠎ᠡ ᠭᠠᠳᠠᠭ᠎ᠠ ᠬᠥᠳᠡᠯᠮᠦᠷᠢᠯᠡᠬᠰᠡᠨ ᠡᠴᠨ ᠲᠦᠪᠪᠠᠲᠤ ᠬᠦᠨᠳᠦ ᠡᠪᠡᠳᠴᠢᠨ᠎ᠳᠦ ᠨᠡᠷᠪᠡᠭ᠌ᠳᠡᠵᠦ᠍᠂ 2009 ᠣᠨ᠎ᠳᠤ ᠮᠡᠰᠡ ᠵᠠᠰᠠᠯ ᠬᠢᠯᠭᠡᠭ᠌ᠰᠡᠨᠦ ᠳᠠᠷᠠᠭ᠎ᠠ ᠡᠮᠴᠢ ᠲᠡᠭᠦᠨ᠎ᠢ ᠰᠠᠢᠲᠤᠷ ᠰᠤᠪᠢᠯᠠᠵᠤ᠂ ᠬᠦᠨᠳᠦ ᠬᠥᠳᠡᠯᠮᠦᠷᠢ ᠬᠢᠬᠦ᠌᠎ᠡᠴᠡ ᠵᠠᠢᠯᠠᠰᠭᠢᠬᠦ᠌ ᠬᠡᠷᠡᠭ᠌ᠲᠡᠶ ᠭᠡᠵᠦ᠍ ᠵᠠᠬᠢᠪᠠ᠃ ᠭᠡᠲᠡᠯ᠎ᠡ ᠳᠦᠪᠪᠠᠳᠤ ᠥᠪᠡᠷ᠎ᠦᠨ ᠲᠠᠷᠢᠭ᠍ᠰᠠᠨ ᠡᠨᠡ ᠬᠡᠰᠡᠭ ᠨᠤᠭᠤᠭᠠᠨ ᠪᠦᠷᠢᠳᠦ᠍ᠪᠡᠨ ᠬᠠᠶᠠᠵᠤ ᠴᠢᠳᠠᠬᠤ ᠦᠭᠡᠢ᠂ ᠭᠡᠷ᠎ᠲᠡᠬᠡᠨ ᠨᠢᠭᠡ ᠰᠠᠷ᠎ᠠ ᠰᠤᠪᠢᠯᠠᠭ᠍ᠰᠠᠨᠤᠪᠠᠨ ᠳᠠᠷᠠᠭ᠎ᠠ᠂ ᠲᠡᠷᠡ ᠲᠠᠷᠤᠢᠬᠠᠨ 《ᠳᠠᠢ᠌ᠨ᠎ᠦ ᠲᠠᠯᠠᠪᠤᠷ》 ᠲᠠᠭᠠᠨ ᠳᠠᠬᠢᠨᠲᠠ ᠪᠤᠴᠠᠪᠠ᠃ 2012 ᠣᠨ᠎ᠳᠤ᠂ ᠬᠦᠭᠰᠢᠨᠤ ᠬᠢᠨᠢ ᠲᠠᠷᠢᠬᠢᠨᠳᠤᠨᠢ ᠬᠡᠨᠡᠳᠳᠡ ᠴᠢᠰᠤ ᠬᠠᠷᠪᠤᠵᠤ᠂ ᠳᠦᠪᠪᠠᠳᠤ ᠬᠥᠭ᠌ᠰᠢᠨ᠎ᠢᠶᠡᠨ ᠨᠠᠷᠢᠨ ᠨᠢᠮᠪᠠᠢ ᠰᠤᠪᠢᠯᠠᠬᠤ᠂ ᠵᠠᠭ ᠮᠤᠳᠤ ᠲᠠᠷᠢᠵᠤ ᠣᠢᠵᠢᠭᠤᠯᠬᠤ ᠵᠢ ᠬᠠᠮᠳᠤ ᠳ᠋ᠤᠨᠢ ᠬᠠᠷᠠᠭᠠᠯᠵᠠᠵᠤ ᠢᠷᠡᠵᠡᠢ᠃ ᠲᠡᠭᠦᠨ᠎ᠦ ᠨᠢᠮᠪᠠᠶ ᠬᠠᠷᠠᠭᠠᠯᠵᠠᠯ ᠳᠣᠣᠷ᠎ᠠ᠂ ᠬᠥᠭ᠌ᠰᠢᠨ ᠨᠢ ᠠᠭᠠᠵᠢᠮ᠎ᠢᠶᠠᠷ ᠡᠳᠡᠭᠡᠷᠡᠵᠦ᠍᠂ ᠡᠷᠡᠭᠦᠯᠵᠢᠭ᠌ᠰᠡᠨᠦ ᠳᠠᠷᠠᠭ᠎ᠠ ᠲᠡᠷᠡ ᠪᠠᠰᠠ ᠳᠦᠪᠪᠠᠲᠤᠶ᠋ᠢ ᠳᠠᠭᠠᠵᠤ ᠡᠯᠡᠰᠦᠨ ᠴᠥᠯ᠎ᠳᠦ ᠣᠷᠣᠪᠠ ᠁
21 ᠵᠢᠯ᠎ᠦᠨ ᠲᠤᠷᠰᠢ᠂ ᠳᠦᠪᠪᠠᠳᠤ ᠲᠡᠨᠡᠭ ᠡᠪᠦᠭᠡᠨ ᠠᠭᠤᠯᠠ ᠵᠢ ᠨᠡᠬᠦᠯᠭᠡᠬᠦ ᠬᠠᠳᠠᠭᠤ ᠵᠣᠷᠢᠭ ᠵᠢᠡᠷ 4000 ᠭᠠᠷᠤᠢ ᠮᠦ᠍ 20 ᠲᠦᠮᠡ ᠱᠢᠬᠠᠮ ᠰᠠᠭᠤᠷᠢ ᠵᠠᠭ ᠮᠤᠳᠤ ᠲᠠᠷᠢᠪᠠ᠃ ᠣᠳᠣᠬᠠᠨ᠎ᠳᠤ ᠂ 4000 ᠭᠠᠷᠤᠢ ᠮᠦ᠍ ᠵᠠᠭ ᠮᠤᠳᠤ ᠨᠢ ᠤᠢ ᠪᠤᠯᠵᠤ ᠬᠦᠭᠡᠷᠡᠨ᠂ ᠪᠠᠳᠠᠢ᠎ᠶ᠋ᠢᠨ ᠵᠢᠷᠠᠨ᠎ᠤ ᠡᠯᠡᠰᠦᠨ᠎ᠳᠦ ᠨᠢᠭᠡᠨ ᠵᠤᠷᠪᠤᠰ ᠨᠤᠭᠣᠭᠠᠨ ᠬᠠᠯᠬᠠᠪᠴᠢ ᠵᠢ ᠴᠤᠬᠴᠠᠯᠠᠪᠠ᠃ 《ᠨᠠᠮ ᠤ᠋ᠨ ᠬᠡᠰᠢᠬᠦᠨ ᠪᠤᠯᠤᠬᠰᠠᠨ ᠤ᠋ ᠬᠤᠪᠢ ᠳ᠋ᠤ᠂ ᠪᠢ ᠡᠯᠡᠰᠦ ᠵᠢ ᠵᠠᠰᠠᠵᠤ᠂ ᠭᠡᠷ ᠣᠷᠣᠨ᠎ᠢᠶᠠᠨ ᠰᠠᠬᠢᠨ ᠬᠠᠮᠠᠭᠠᠯᠠᠬᠤ ᠡᠭᠦᠷᠭᠡ᠎ᠲᠡᠶ᠃ ᠦᠳᠡᠯᠦᠭᠡ ᠨᠠᠰᠤᠨ ᠤ᠋ ᠪᠠᠨ ᠢᠯᠴᠢ ᠬᠡᠷᠡᠯ ᠵᠢᠡᠨ ᠪᠠᠳᠠᠷᠠᠭᠤᠯᠤᠨ ᠦᠷᠬᠦᠯᠵᠢᠯᠡᠨ ᠮᠤᠳᠤ ᠲᠠᠷᠢᠨ᠎ᠠ᠂ ᠨᠤᠲᠤᠭ᠎ᠤᠨ᠎ᠢᠶᠠᠨ ᠠᠮᠢ ᠠᠬᠤᠢ ᠣᠷᠴᠢᠨ ᠲᠣᠭᠣᠷᠢᠨ᠎ᠢ ᠰᠠᠢᠵᠢᠷᠠᠭᠤᠯᠬᠤ ᠪᠣᠯ ᠮᠠᠨ ᠤ᠋ ᠬᠤᠶᠠᠭᠤᠯᠠ ᠵᠢᠨ ᠬᠠᠮᠤᠭ᠎ᠤᠨ ᠶᠡᠬᠡ ᠬᠦᠰᠡᠯ ᠡᠷᠡᠮᠡᠯᠵᠡᠯ ᠮᠥᠨ》 ᠭᠡᠵᠦ ᠳᠦᠪᠪᠠᠳᠤ ᠰᠤᠷᠪᠤᠯᠵᠢᠯᠠᠭ᠍ᠴᠢ᠎ᠳᠤ ᠶᠠᠷᠢᠨ᠎ᠠ᠃