ᠥᠷᠭᠡᠨᠳᠠᠯᠠᠢ ᠄ ᠡᠯᠡᠰᠦ᠎ᠲᠡᠶ ᠲᠡᠮᠡᠴᠡᠵᠦ ᠡᠬᠡ ᠨᠤᠳᠤᠬ ᠵᠢᠡᠨ ᠨᠣᠭᠣᠭᠠᠷᠠᠭᠤᠯᠤᠨ᠎ᠠ
2023-08-01 21:13:55
ᠵᠣᠬᠢᠶᠠᠭ᠍ᠴᠢ᠄
ᠸᠠᠩ ᠢᠦᠶ ᠵᠦᠸᠸ ᠴᠢᠮᠡᠭᠡᠯᠡᠭ᠌ᠴᠢ ᠶᠠᠨ ᠷᠦᠢ ᠯᠢᠨ
ᠣᠩᠱᠢᠭ᠍ᠰᠠᠨ ᠣᠳᠠᠭ᠎ᠠ᠄
★★★☆☆

ᠪᠤᠯᠤᠩ ᠨᠡᠭᠡᠭᠡᠬᠦ ᠦᠭᠡ

ᠣᠯᠠᠨ ᠵᠢᠯ᠎ᠦᠨ ᠲᠤᠷᠰᠢ ᠂ ᠣᠷᠣᠨ ᠳᠠᠶᠠᠭᠠᠷ   ᠰᠢ ᠵᠢᠨ ᠫᠢᠩ᠎ᠦᠨ ᠠᠮᠢ ᠠᠬᠤᠢ᠎ᠶᠢᠨ ᠪᠣᠯᠪᠠᠰᠤᠨ᠎ᠤ ᠦᠵᠡᠯ ᠰᠠᠨᠠᠭ᠎ᠠ᠎ᠪᠠᠷ ᠵᠢᠯᠣᠭᠣᠳᠤᠯᠭ᠎ᠠ ᠪᠣᠯᠭᠠᠵᠤ ᠂ ᠶᠡᠷᠦᠩᠬᠡᠢ ᠱᠦᠵᠢ   ᠰᠢ ᠵᠢᠨ ᠫᠢᠩ᠎ᠦᠨ ᠥᠪᠥᠷ ᠮᠣᠩᠭᠣᠯ᠎ᠤᠨ ᠲᠤᠬᠠᠢ ᠴᠢᠬᠤᠯᠠ ᠵᠢᠭᠠᠪᠤᠷᠢ᠎ᠶᠢᠨ ᠵᠣᠷᠢᠭ᠋ ᠰᠠᠨᠠᠭ᠎ᠠ᠎ᠶᠢ ᠨᠠᠷᠢᠨ ᠬᠢᠨᠠᠮᠠᠭᠠᠢ ᠰᠤᠷᠤᠯᠴᠠᠨ ᠣᠢᠯᠠᠭᠠᠵᠤ ᠂ ᠭᠦᠨᠵᠡᠭᠡᠢ ᠲᠤᠭᠤᠰᠢᠯᠠᠭᠤᠯᠤᠨ ᠨᠠᠢᠳᠠᠪᠤᠷᠢᠵᠢᠭᠤᠯᠵᠤ ᠂ ᠰᠢᠰᠲᠧᠮᠳᠤ ᠦᠵᠡᠯᠲᠡ᠎ᠶᠢ ᠪᠠᠷᠢᠮᠲᠠᠯᠠᠨ ᠂ ᠰᠢᠨᠵᠢᠯᠡᠬᠦ ᠤᠬᠠᠭᠠᠨᠴᠢ᠎ᠪᠠᠷ ᠡᠯᠡᠰᠦ᠎ᠶᠢ ᠵᠠᠰᠠᠵᠤ ᠂ ᠭᠤᠷᠪᠠᠨ ᠶᠡᠬᠡ ᠪᠡᠯᠭᠡ ᠲᠡᠮᠳᠡᠭ᠎ᠦᠨ ᠴᠢᠨᠠᠷᠲᠠᠢ ᠳᠠᠢᠯᠠᠯᠳᠤᠭᠠᠨ᠎ᠢ ᠪᠥᠬᠥ ᠬᠦᠴᠦᠨ᠎ᠢᠶᠡᠷ᠎ᠢᠶᠡᠨ ᠰᠠᠢᠲᠤᠷ ᠬᠢᠵᠦ ᠂ 《ᠡᠯᠡᠰᠦᠨ᠎ᠦ ᠬᠥᠨᠥᠭᠡᠯ 》 ᠢ᠋ 《ᠡᠯᠡᠰᠦᠨ᠎ᠦ ᠠᠰᠢᠭ᠋ 》 ᠪᠣᠯᠭᠠᠨ ᠬᠤᠪᠢᠷᠠᠭᠤᠯᠵᠤ ᠂ ᠨᠡᠯᠦᠭᠡᠷ ᠡᠯᠡᠰᠤ ᠵᠢ ᠨᠣᠭᠣᠭᠠᠨ ᠪᠦᠷᠢᠳᠦ ᠪᠣᠯᠭᠠᠨ ᠬᠤᠪᠢᠷᠠᠭᠤᠯᠪᠠ᠃ ᠡᠨᠡ ᠡᠳᠦᠷ ᠡᠴᠡ ᠡᠬᠢᠯᠡᠨ ᠳᠤᠰ ᠰᠣᠨᠢᠨ 《 ᠲᠣᠮᠣ᠌ ᠤᠯᠤᠰ᠎ᠤᠨ ᠡᠯᠡᠰᠦ ᠵᠠᠰᠠᠯᠳᠠ·ᠥᠪᠥᠷ ᠮᠣᠩᠭᠣᠯ᠎ᠤᠨ ᠰᠢᠨ᠎ᠡ ᠦᠢᠯᠡᠳᠦᠯᠭᠡ 》 ᠲᠤᠰᠬᠠᠢ ᠪᠤᠯᠤᠩ᠎ᠤᠨ ᠲᠤᠳᠤᠷᠠᠬᠢ ᠵᠢᠵᠢᠭ ᠪᠤᠯᠤᠩ  ᠪᠤᠯᠬᠤ 《 ᠡᠯᠡᠰᠦᠷᠬᠡᠭᠵᠢᠯ᠎ᠢ ᠰᠡᠷᠭᠡᠢᠯᠡᠨ ᠡᠯᠡᠰᠤ ᠵᠢ ᠵᠠᠰᠠᠭᠰᠠᠨ ᠪᠠᠭᠠᠲᠤᠷᠴᠤᠳ᠎ᠤᠨ ᠴᠠᠳᠢᠭ᠋》 ᠪᠤᠯᠤᠩ ᠨᠡᠭᠡᠭᠡᠵᠦ ᠂ ᠥᠪᠥᠷ ᠮᠣᠩᠭᠣᠯ᠎ᠤᠨ ᠡᠯᠡᠰᠦᠷᠬᠡᠭᠵᠢᠯ᠎ᠢ ᠰᠡᠷᠭᠡᠢᠯᠡᠨ ᠡᠯᠡᠰᠤ ᠵᠢ ᠵᠠᠰᠠᠭᠰᠠᠨ ᠨᠡᠢᠲᠡᠯᠢᠭ ᠥᠯᠢᠭᠡᠷ ᠂ ᠵᠢᠱ᠌ᠢᠶᠡᠴᠢ ᠬᠥᠮᠥᠰ ᠪᠣᠯᠣᠨ ᠰᠡᠳᠬᠢᠯ ᠬᠥᠳᠡᠯᠭᠡᠮ᠎ᠡ ᠦᠶ᠋ᠯᠡ ᠠᠵᠢᠯᠯᠠᠭ᠎ᠠ᠎ᠶᠢ ᠡᠮᠬᠢᠯᠡᠨ ᠭᠠᠷᠭᠠᠵᠤ ᠂ ᠡᠬᠡᠯ ᠵᠢᠷ᠎ᠦᠨ ᠪᠠᠭᠠᠲᠤᠷᠴᠤᠳ᠎ᠲᠤ ᠬᠦᠨᠳᠦᠳᠬᠡᠯ ᠳᠡᠪᠰᠢᠭᠦᠯᠵᠦ ᠂ ᠡᠯᠡᠰᠦ ᠵᠢ ᠵᠠᠰᠠᠬᠰᠠᠨ ᠵᠣᠷᠢᠭ᠋ ᠰᠠᠨᠠᠭ᠎ᠠ᠎ᠶᠢ ᠪᠠᠳᠠᠷᠠᠭᠤᠯᠤᠨ ᠂ ᠰᠢᠨ᠎ᠡ ᠴᠠᠭ ᠦᠶ᠎ᠡ᠎ᠶᠢᠨ ᠥᠪᠥᠷ ᠮᠣᠩᠭᠣᠯ᠎ᠤᠨ ᠡᠯᠡᠰᠦᠷᠬᠡᠭᠵᠢᠯ᠎ᠢ ᠰᠡᠷᠭᠡᠢᠯᠡᠨ ᠡᠯᠡᠰᠤ ᠵᠢ ᠵᠠᠰᠠᠭᠰᠠᠨ ᠰᠢᠨ᠎ᠡ ᠭᠠᠢᠬᠠᠮᠰᠢᠭ᠋᠎ᠢ  ᠴᠢᠷᠮᠠᠢᠨ  ᠡᠭᠦᠳᠬᠦ  ᠵᠢ  ᠵᠤᠷᠢᠯ᠎ᠠ᠃

ᠵᠤᠨ᠎ᠤ ᠳᠤᠮᠳᠠᠴᠢ ᠪᠡᠷ᠂ ᠤᠷᠳᠤᠰ᠎ᠤᠨ ᠬᠢᠯᠢ᠎ᠳᠡᠬᠢ S215 ᠱᠤᠭᠤᠮ ᠳᠠᠭᠠᠤ ᠬᠠᠩᠭᠢᠨ ᠬᠣᠱᠢᠭᠤᠨ᠎ᠡᠴᠡ ᠬᠥᠪᠴᠢ᠎ᠶ᠋ᠢᠨ ᠡᠯᠡᠰᠦᠨ᠎ᠦ ᠭᠦᠨ᠎ᠳᠦ ᠪᠠᠢᠷᠢᠯᠠᠭ᠎ᠠ ᠳᠤᠭᠤᠢᠳᠠᠯ᠎ᠠ ᠪᠠᠯᠭᠠᠰᠤᠨ᠎ᠤ ᠲᠥᠭᠥᠷᠢᠭ ᠭᠠᠴᠠᠭ᠎ᠠ ᠵᠢ ᠴᠢᠭᠯᠡᠨ ᠮᠤᠷᠳᠠᠬᠤ ᠳ᠋ᠤ ᠂ ᠨᠣᠮᠢᠨ ᠨᠣᠭᠣᠭᠠᠨ ᠦᠩᠭᠡ ᠬᠠᠷᠠᠭ᠎ᠠ ᠵᠢ ᠪᠤᠯᠢᠶᠠᠵᠤ᠂ ᠦᠩᠭᠡ᠎ᠶ᠋ᠢᠨ ᠴᠡᠴᠡᠭ ᠮᠢᠷᠠᠯᠵᠠᠨ ᠲᠡᠯᠬᠡᠷᠡᠵᠦ᠂ ᠠᠩᠬᠢᠯᠤᠮ᠎ᠠ ᠦᠨᠦᠷ ᠴᠡᠭᠡᠵᠢ ᠤᠩᠭᠤᠢᠯᠭᠠᠨ᠎ᠠ᠃

ᠰᠤᠷᠪᠤᠯᠵᠢᠯᠠᠭ᠍ᠴᠢ ᠦᠷᠭᠡᠨᠳᠠᠯᠠᠢ᠎ᠲᠠᠶ ᠠᠭᠤᠯᠵᠠᠬᠤ ᠪᠡᠷ ᠬᠦᠷᠬᠦ᠎ᠳᠦ᠂ ᠲᠡᠷᠡ ᠶᠠᠭ ᠡᠯᠡᠰᠦᠨ ᠴᠦᠯ᠎ᠳᠦ ᠪᠤᠷᠭᠠᠰᠤ ᠰᠠᠭᠤᠯᠭᠠᠨ ᠶᠠᠭᠠᠷᠠᠵᠤ ᠪᠠᠢᠪᠠ᠃ ᠳᠡᠷᠡ ᠪᠡᠷ ᠬᠤᠶᠠᠷ ᠭᠠᠷ᠎ᠢᠶᠡᠨ ᠪᠤᠰᠢᠭᠤᠬᠠᠨ ᠬᠡᠭᠴᠢ ᠬᠡᠳᠤ ᠬᠦᠳᠡᠯᠭᠡᠮᠡᠭᠴᠡ ᠲᠡᠮᠦᠷ ᠤᠲᠠᠰᠤ ᠪᠡᠷ ᠡᠯᠡᠰᠦᠨ ᠪᠤᠷᠭᠠᠰᠤ ᠵᠢ ᠪᠤᠭᠤᠵᠢᠯᠠᠨ ᠪᠡᠬᠢᠯᠡᠵᠤ ᠡᠤᠷᠬᠢᠪᠠ᠃ ᠡᠨᠡ ᠵᠢᠯ 56 ᠨᠠᠰᠤᠲᠠᠢ ᠦᠷᠭᠡᠨᠳᠠᠯᠠᠢ᠎ᠶᠢᠨ ᠬᠦᠷᠦᠰᠦᠯᠢᠭ ᠪᠤᠷᠤ ᠴᠢᠷᠠᠢ᠂ ᠡᠪᠡᠷᠰᠢᠵᠦ ᠬᠠᠳᠠᠭᠤᠷᠠᠭᠰᠠᠨ ᠬᠣᠶᠠᠷ ᠭᠠᠷ ᠨᠢ ᠳᠡᠭᠦᠨ᠎ᠤ ᠤᠯᠠᠨ ᠵᠢᠯ᠎ᠦᠨ ᠲᠤᠷᠱᠢ ᠡᠯᠡᠰᠦ ᠱᠢᠭᠤᠷᠭ᠎ᠠ᠎ᠲᠠᠶ ᠲᠡᠮᠡᠴᠡᠭ᠌ᠰᠡᠨ᠎ᠤ ᠬᠢᠨᠢ ᠪᠠᠲᠦ ᠭᠡᠷᠡᠴᠢ ᠠᠵᠢ᠃

《ᠡᠯᠡᠰᠦ᠎ᠶ᠋ᠢ ᠲᠣᠭ᠍ᠲᠠᠪᠤᠷᠢᠵᠢᠭᠤᠯᠬᠤ ᠪᠣᠯ ᠡᠯᠡᠰᠦ᠎ᠶ᠋ᠢ ᠵᠠᠰᠠᠵᠤ ᠣᠢᠵᠢᠭᠤᠯᠬᠤ᠎ᠶ᠋ᠢᠨ ᠡᠮᠦᠨᠡᠬᠢ ᠬᠤᠭᠤᠴᠠᠭᠠᠨ᠎ᠤ ᠠᠵᠢᠯ ᠪᠣᠯᠤᠨ᠎ᠠ᠂ ᠡᠬᠢᠨ᠎ᠳᠡᠭᠡᠨ ᠲᠤᠷᠱᠢᠯᠭ᠎ᠠ ᠦᠭᠡᠢ ᠪᠤᠯᠬᠤᠷ ᠡᠯᠡᠰᠦ᠎ᠶ᠋ᠢ ᠲᠣᠭ᠍ᠲᠠᠪᠤᠷᠢᠵᠢᠭᠤᠯᠵᠤ ᠳᠡᠢᠯᠬᠦ᠌ ᠦᠭᠡᠢ ᠪᠠᠢᠵᠠᠢ᠂ 20 ᠮᠣᠳᠣ ᠲᠠᠷᠢᠪᠠᠯ ᠳᠦᠷᠪᠡ ᠲᠠᠪᠤᠨ ᠮᠣᠳᠣ ᠯᠠ ᠡᠳᠡᠭᠡᠷᠡᠳᠡᠭ ᠪᠠᠢᠪᠠ᠃ ᠰᠡᠭᠦᠯᠡᠷ᠎ᠨᠢ ᠪᠢ ᠬᠠᠳᠠᠵᠤ ᠬᠤᠪᠠᠬᠠᠢᠷᠠᠭ᠍ᠰᠠᠨ ᠡᠯᠡᠰᠦᠨ ᠪᠤᠷᠭᠠᠰᠤ ᠵᠢ ᠪᠣᠭᠣᠵᠢᠯᠠᠵᠤ ᠲᠡᠮᠦᠷ ᠤᠲᠠᠰᠤ᠎ᠪᠠᠷ ᠪᠠᠭᠴᠠᠯᠠᠨ ᠤᠶᠠᠵᠤ᠂ ᠳᠥᠴᠢ ᠲᠠᠪᠢᠨ ᠰᠠᠨᠲ᠋ᠢᠮᠧᠲ᠋ᠷ ᠠᠯᠤᠰᠯᠠᠬᠤ ᠪᠦᠷᠢ ᠨᠢᠭᠡ ᠪᠤᠭᠤᠵᠢ ᠡᠯᠡᠰᠦᠨ ᠪᠤᠷᠭᠠᠰᠤ ᠰᠠᠭᠤᠯᠭᠠᠪᠠ᠂ ᠢᠩᠭᠢᠬᠦ ᠳ᠋ᠦ ᠡᠯᠡᠰᠦ ᠱᠢᠷᠣᠶ᠎ᠶ᠋ᠢᠨ ᠢᠳᠡᠭ᠌ᠳᠡᠯ᠎ᠢ ᠪᠦᠲᠦᠮᠵᠢᠲᠡᠶ ᠰᠡᠷᠭᠡᠢᠯᠡᠬᠦ᠌᠎ᠪᠡᠷ ᠪᠠᠷᠠᠬᠤ ᠦᠭᠡᠢ ᠪᠠᠰᠠ ᠱᠢᠨ᠎ᠡ᠎ᠪᠡᠷ ᠲᠠᠷᠢᠭ᠍ᠰᠠᠨ ᠵᠤᠯᠵᠠᠭᠠᠨ ᠮᠤᠳᠤ᠎ᠶ᠋ᠢ ᠨᠠᠩ ᠭᠦᠨ ᠦᠨᠳᠦᠰᠦᠯᠡᠭᠦᠯᠵᠦ᠍ ᠴᠢᠳᠠᠨ᠎ᠠ》 ᠭᠡᠵᠦ ᠦᠷᠭᠡᠨᠳᠠᠯᠠᠢ ᠲᠠᠢᠯᠪᠤᠷᠢᠯᠠᠬᠤ ᠵᠠᠭᠤᠷ᠎ᠠ ᠪᠠᠨ ᠲᠠᠪᠤ ᠵᠢᠷᠭᠤᠭᠠᠨ ᠪᠤᠭᠤᠵᠢ ᠪᠤᠷᠭᠠᠰᠤ ᠵᠢ ᠪᠤᠭᠤᠵᠢᠯᠠᠵᠤ ᠠᠮᠵᠢᠪᠠ᠃

ᠲᠦᠭᠦᠷᠢᠭ ᠭᠠᠴᠠᠭᠠᠨ᠎ᠤ ᠤᠤᠭᠠᠯ ᠪᠤᠯᠤᠭᠰᠠᠨ᠎ᠤ ᠬᠤᠪᠢ᠎ᠳᠤ᠂ ᠲᠡᠷᠡ ᠡᠯᠡᠰᠦᠨ ᠱᠢᠭᠤᠷᠭ᠎ᠠ᠎ᠵᠢᠨ ᠬᠠᠯᠠ ᠵᠢ  ᠬᠠᠱᠢᠷᠠᠲᠠᠯ᠎ᠠ ᠠᠮᠰᠠᠭ᠍ᠰᠠᠨ ᠪᠢᠯᠡ᠂ ᠡᠯᠡᠰᠦᠨ ᠭᠠᠮᠱᠢᠭ᠎ᠡᠴᠡ ᠪᠤᠯᠵᠤ᠂ ᠲᠡᠷᠡ ᠨᠢᠭᠡᠨ ᠦᠶ᠎ᠡ ᠣᠷᠣᠱᠢᠨ ᠲᠣᠭ᠍ᠲᠠᠨᠢᠬᠤ ᠬᠦᠴᠢᠷᠳᠡᠯ᠎ᠳᠦ ᠲᠤᠯᠭᠠᠷᠠᠵᠤ ᠪᠠᠢᠵᠠᠢ᠃ ᠡᠯᠡᠰᠦᠷᠭᠡᠭᠵᠢᠯ ᠶᠠᠪᠤᠬᠤ ᠲᠤᠲᠤᠮ ᠬᠡᠴᠡᠭᠦᠳᠡᠵᠦ᠍ ᠪᠠᠢᠭ᠎ᠠ ᠨᠤᠳᠤᠭ᠎ᠢᠶᠡᠨ ᠬᠠᠷᠠᠬᠤ ᠪᠡᠷ ᠥᠷᠭᠡᠨᠲᠡᠯᠡᠶ᠎ᠳᠦ ᠡᠯᠡᠰᠦᠷᠬᠡᠭᠵᠢᠬᠦ ᠵᠢ ᠬᠠᠶᠠᠨ᠎ᠳᠦᠨᠢ ᠬᠠᠶᠠᠪᠠᠯ᠂ ᠲᠣᠰᠭᠣᠨ᠎ᠤ  ᠠᠷᠠᠳ ᠤᠯᠠᠨ ᠠᠷᠭ᠎ᠠ ᠪᠤᠰᠤ ᠨᠤᠲᠤᠭ ᠤᠰᠤ᠎ᠡᠴᠡ᠎ᠪᠠᠨ ᠰᠠᠯᠵᠤ ᠮᠡᠳᠡᠨ᠎ᠡ ᠬᠡᠬᠦ  ᠲᠤᠯᠭᠠᠮ ᠲᠦᠷᠦᠭᠳᠡᠯ ᠤᠷᠤᠪᠠ᠃ᠲᠡᠭᠡᠭᠡᠳ ᠲᠡᠷᠡ᠄《ᠦᠪᠡᠷ᠎ᠤᠨ ᠴᠥᠭᠡᠨ ᠬᠡᠳᠦᠨ ᠮᠠᠯ ᠤᠨᠤᠭ᠎ᠠ᠎ᠪᠠᠨ ᠪᠦᠷ ᠬᠤᠳᠠᠯᠳᠤᠭᠠᠳ ᠵᠤᠯᠵᠠᠭᠠᠨ ᠮᠣᠳᠣ ᠬᠤᠳᠠᠯᠳᠤᠨ ᠠᠪᠴᠤ ᠡᠯᠡᠰᠦ᠎ᠶ᠋ᠢ ᠵᠠᠰᠠᠨ᠎ᠠ!》 ᠭᠡᠵᠦ ᠵᠤᠷᠢᠭ ᠰᠢᠭᠤᠳᠪᠠ᠃

ᠬᠡᠬᠦ ᠳ᠋ᠡᠭᠡᠨ ᠡᠯᠡᠰᠦ᠎ᠶ᠋ᠢ ᠵᠠᠰᠠᠵᠤ ᠮᠣᠳᠣ ᠲᠠᠷᠢᠬᠤ᠎ᠪᠠᠷ ᠳᠠᠮᠵᠢᠨ᠂ ᠥᠷᠭᠡᠨᠳᠠᠯᠠᠢ ᠵᠢᠨ ᠠᠮᠢᠳᠤᠷᠠᠯ ᠤᠯᠠᠮ᠎ᠡᠴᠡ ᠤᠯᠠᠮ ᠰᠠᠢᠵᠢᠷᠠᠵᠤ᠂ ᠲᠡᠷᠡ ᠥᠪᠡᠷ᠎ᠢᠶᠡᠨ ᠨᠤᠭᠤᠭᠠᠷᠠᠭᠤᠯᠤᠯᠳᠠ ᠡᠴᠡ ᠤᠯᠤᠬᠰᠠᠨ ᠦᠷ᠎ᠡ ᠠᠰᠢᠭ᠎ᠢ ᠡᠳ᠋ᠯᠡᠬᠦ᠌᠎ᠶ᠋ᠢᠨ ᠬᠠᠮᠲᠤ ᠪᠠᠰᠠ ᠡᠷᠭᠢᠨ ᠲᠣᠭᠣᠷᠢᠨ᠎ᠤ ᠮᠠᠯᠴᠢᠳ᠎ᠢᠶᠠᠨ ᠳᠠᠭᠠᠭᠤᠯᠤᠨ ᠬᠠᠮᠳᠦ ᠪᠡᠷ ᠪᠠᠶᠠᠵᠢᠪᠠ᠃《ᠭᠠᠭᠴᠠ ᠮᠢᠨᠦ ᠠᠮᠢᠳᠤᠷᠠᠯ ᠰᠠᠢᠵᠢᠷᠠᠬᠤ ᠵᠢ ᠪᠢ ᠪᠠᠶᠠᠷ ᠲᠠᠢ ᠶᠠᠪᠤᠳᠠᠯ ᠭᠡᠵᠦ᠍ ᠪᠣᠳᠣᠬᠤ ᠦᠭᠡᠢ᠂ ᠣᠯᠠᠨ᠎ᠤ ᠠᠮᠢᠳᠤᠷᠠᠯ ᠴᠦᠮ ᠰᠠᠢᠵᠢᠷᠠᠪᠠᠯ ᠪᠢ ᠰᠠᠶᠢ ᠪᠠᠶᠠᠷ ᠲᠠᠢ ᠪᠣᠯᠤᠨ᠎ᠠ》 ᠂ ᠡᠨᠡ ᠪᠣᠯ ᠲᠡᠭᠦᠨ᠎ᠦ ᠦᠷᠭᠦᠯᠵᠢ ᠶᠠᠷᠢᠳᠠᠭ ᠦᠭᠡ ᠪᠢᠯᠡ᠃ ᠲᠡᠷᠡ ᠥᠪᠡᠷ᠎ᠦᠨ ᠰᠤᠷᠴᠤ᠌ ᠡᠵᠡᠮᠱᠢᠭ᠌ᠰᠡᠨ ᠳᠠᠷᠢᠵᠤ ᠤᠷᠭᠤᠭᠤᠯᠬᠤ ᠮᠡᠷᠭᠡᠵᠢᠯ᠎ᠢᠶᠡᠨ ᠣᠢᠷ᠎ᠠ ᠬᠠᠪᠢ᠎ᠶ᠋ᠢᠨ ᠮᠠᠯᠴᠢᠳ᠎ᠲᠤ ᠤᠯᠠᠮᠵᠢᠯᠠᠵᠤ ᠥᠭ᠌ᠬᠦ᠎ᠶ᠋ᠢᠨ ᠬᠠᠮᠲᠤ ᠲᠡᠳᠡᠨ᠎ᠢ ᠳᠠᠭᠠᠭᠤᠯᠤᠨ ᠡᠯᠡᠰᠦ᠎ᠶ᠋ᠢ ᠵᠠᠰᠠᠵᠤ ᠮᠣᠳᠣ ᠳᠠᠷᠢᠵᠤ᠂ ᠲᠠᠰᠤᠷᠠᠯᠲᠠ ᠥᠬᠡᠶ ᠲᠤᠷᠱᠢᠯᠭ᠎ᠠ ᠬᠤᠷᠠᠮᠳᠤᠭᠤᠯᠬᠤ ᠪᠠ ᠲᠤᠷᠱᠢᠯᠲᠠ ᠬᠢᠬᠦ ᠪᠡᠷ ᠳᠠᠮᠵᠢᠨ ᠲᠡᠳᠡᠨ᠎ᠦ ᠮᠣᠳᠣ ᠳᠠᠷᠢᠵᠤ ᠡᠳᠡᠭᠡᠷᠡᠭᠦᠯᠬᠦ᠌ ᠨᠣᠷᠮ᠎ᠠ ᠨᠢ ᠤᠤᠯ᠎ᠤᠨ 30% ᠪᠠᠢᠭ᠍ᠰᠠᠨ᠎ᠡᠴᠡ᠎ᠪᠠᠨ 90% ᠎ᠡᠴᠡ ᠳᠡᠭᠡᠭ᠌ᠰᠢ ᠪᠣᠯᠵᠠᠶ᠃ ᠤᠳᠤ᠂ ᠥᠷᠭᠡᠨᠳᠠᠯᠠᠢ ᠵᠢᠨ ᠳᠠᠭᠠᠭᠤᠯᠭ᠎ᠠ᠎ᠪᠠᠷ᠂ ᠭᠠᠴᠠᠭᠠᠨ᠎ᠤ 10 ᠲᠦᠮᠡ ᠭᠠᠷᠤᠢ ᠮᠦ᠍ ᠡᠯᠡᠰᠦᠨ ᠴᠦᠯ᠎ᠦᠨ ᠤᠷᠭᠤᠮᠠᠯ᠎ᠤᠨ ᠪᠦᠷᠬᠦᠴᠠ ᠵᠢ ᠰᠡᠷᠭᠦᠭᠡᠵᠦ᠍᠂ 《ᠬᠥᠮᠦᠨ ᠤᠷᠤᠭ᠍ᠰᠢᠯᠠᠵᠤ ᠡᠯᠡᠰᠦ ᠤᠬᠤᠷᠢᠭ᠍ᠰᠠᠨ》  ᠭᠠᠢᠬᠠᠮᠱᠢᠭ᠎ᠢ ᠡᠭᠦᠳᠴᠡᠢ᠃

ᠡᠨᠡ ᠵᠢᠯ᠂ ᠲᠡᠷᠡ ᠠᠵᠢᠯᠴᠢᠨ ᠨᠥᠬᠥᠳ᠎ᠲᠡᠶ᠎ᠪᠡᠨ ᠪᠠᠰᠠ ᠲᠤᠬᠠᠢ᠎ᠶ᠋ᠢᠨ ᠭᠠᠵᠠᠷ᠎ᠤᠨ ᠮᠠᠯᠴᠢᠨ ᠤ᠋ 1 ᠲᠦᠮᠡᠨ ᠮᠦ᠍ ᠪᠡᠯᠴᠢᠭᠡᠷ᠎ᠢ ᠳᠠᠭᠠᠭᠠᠴᠢᠯᠠᠨ ᠠᠪᠴᠤ᠌ ᠮᠣᠳᠣ ᠲᠠᠷᠢᠵᠠᠢ᠃ ᠡᠯᠡᠰᠦᠨ ᠴᠥᠯ᠎ᠦᠨ ᠥᠷᠥᠴᠡᠨ᠎ᠳᠦ ᠪᠠᠢᠬᠤ ᠪᠣᠯᠬᠣᠷ᠂ ᠡᠨᠳᠡᠬᠢ ᠡᠯᠡᠰᠦᠷᠬᠡᠭᠵᠢᠯ ᠮᠠᠰᠢ ᠬᠦᠨᠳᠦ ᠨᠣᠴᠢᠲᠠᠶ ᠪᠠᠢᠵᠤ᠂ ᠵᠠᠮ᠎ᠤᠨ ᠥᠨᠳᠥᠷ ᠪᠣᠭᠣᠨᠢ ᠨᠢ ᠲᠡᠭ᠌ᠰᠢ ᠥᠬᠡᠶ ᠪᠣᠯᠬᠣᠷ᠂ ᠤᠷᠭᠤᠮᠠᠯ᠎ᠤᠨ ᠪᠦᠷᠬᠦᠴᠡ᠎ᠶ᠋ᠢ ᠰᠡᠷᠭᠦᠭᠡᠬᠦ᠌ ᠨᠢ ᠲᠤᠢᠯ᠎ᠤᠨ ᠬᠠᠲᠠᠭᠤᠵᠢᠯᠲᠠᠶ  ᠶᠤᠮ᠂ ᠭᠡᠳᠡᠯ᠎ᠠ ᠦᠷᠬᠡᠨᠲᠡᠯᠡᠶ  ᠵᠤᠷᠢᠭ ᠮᠤᠬᠤᠵᠤ ᠤᠬᠤᠷᠢᠭ᠍ᠰᠠᠨ ᠥᠬᠡᠶ᠃

ᠨᠢᠭᠡ ᠮᠥᠷ᠎ᠡᠴᠡ ᠬᠣᠶᠠᠷ  ᠭᠤᠷᠪᠠᠨ ᠮᠦᠷ ᠪᠤᠯᠤᠨ᠎ᠠ ᠁ ᠲᠠᠷᠢᠭ᠍ᠰᠠᠨ ᠡᠯᠡᠰᠦᠨ ᠪᠤᠷᠭᠠᠰᠤ ᠨᠢ ᠶᠠᠪᠤᠬᠤ ᠲᠤᠳᠤᠮ ᠣᠯᠠᠱᠢᠷᠠᠵᠤ᠂ ᠡᠯᠡᠰᠦᠨ ᠪᠤᠷᠭᠠᠰᠤ᠎ᠶ᠋ᠢ ᠪᠣᠭᠣᠵᠢᠯᠠᠬᠤ᠂ ᠬᠠᠯᠬᠠᠪᠴᠢ ᠪᠠᠢᠭᠤᠯᠬᠤ᠂ ᠴᠢᠬᠢ ᠮᠤᠳᠤ ᠲᠠᠷᠢᠬᠤ᠎ᠳᠤ ᠴᠦᠮ ᠬᠥᠮᠦᠨ᠎ᠦ ᠬᠦᠴᠦᠨ᠎ᠳᠦ ᠲᠦᠱᠢᠭ᠌ᠯᠡᠨ᠎ᠡ᠂ ᠦᠷᠭᠡᠨᠳᠠᠯᠠᠢ ᠠᠵᠢᠯᠴᠢᠨ ᠨᠥᠬᠥᠳ ᠲᠠᠢ ᠪᠠᠨ ᠡᠯᠡᠰᠦᠨ ᠴᠦᠯ᠎ᠳᠦ ᠨᠢᠭᠡ ᠤᠷᠤᠪᠠᠯ ᠲᠤᠯᠤᠭ᠎ᠠ ᠨᠠᠢ᠍ᠮᠠᠨ ᠴᠠᠭ ᠵᠢᠡᠷ ᠠᠵᠢᠯᠯᠠᠨ᠎ᠠ᠃ ᠲᠠᠭᠠᠭᠤᠯᠤᠬᠰᠠᠨ ᠠᠵᠢᠯᠴᠢᠳ ᠨᠢ ᠠᠵᠢᠯ ᠬᠠᠲᠠᠭᠤᠵᠢᠯᠲᠠᠶ᠎ᠭᠡᠵᠤ ᠣᠯᠠᠨ ᠤᠳᠠᠭ᠎ᠠ ᠰᠣᠯᠢᠭ᠍ᠳᠠᠭ᠍ᠰᠠᠨ ᠪᠣᠯᠪᠠᠴᠤ᠌ ᠦᠷᠬᠡᠨᠳᠠᠯᠠᠶ ᠬᠠᠷᠢᠨ ᠵᠣᠷᠢᠭ ᠮᠣᠬᠣᠵᠤ ᠦᠵᠡᠭᠡ ᠦᠭᠡᠶ᠃ 《 ᠪᠢ ᠡᠨᠡ ᠨᠠᠰᠤ᠎ᠪᠠᠷ᠎ᠢᠶᠠᠨ ᠡᠯᠡᠰᠦᠨ᠎ᠲᠤᠮᠳᠠ ᠠᠮᠢᠳᠤᠷᠠᠭ᠍ᠰᠠᠭᠠᠷ ᠢᠷᠡᠵᠡᠢ᠂ ᠬᠠᠵᠠᠭᠤ ᠬᠠᠪᠢ᠎ᠶ᠋ᠢᠨ ᠬᠥᠮᠦᠰ ᠤ᠋ᠨ ᠬᠠᠷᠠᠭᠠᠨ ᠳ᠋ᠤ ᠲᠤᠩ ᠵᠣᠪᠠᠭᠤᠷᠢ ᠲᠠᠢ ᠲᠤᠩ ᠶᠠᠳᠠᠷᠠᠯ ᠲᠠᠢ᠂ ᠭᠡᠲᠡᠯ᠎ᠡ ᠨᠠᠳᠠ᠎ᠳᠤ ᠠᠪᠴᠤ᠌ ᠬᠡᠯᠡᠪᠡᠯ᠂ ᠡᠳᠡᠭᠡᠷ ᠡᠯᠡᠰᠦᠨ ᠪᠤᠷᠭᠠᠰᠤ ᠨᠠᠬᠢᠶᠠᠯᠠᠵᠤ ᠨᠤᠭᠤᠭᠠᠷᠠᠨ᠂ ᠬᠠᠮᠤᠭ ᠤ᠋ᠨ ᠰᠡᠭᠦᠯ᠎ᠳᠦ ᠰᠠᠯᠬᠢ᠎ᠶ᠋ᠢ ᠬᠠᠯᠬᠠᠯᠠᠨ ᠡᠯᠡᠰᠦ᠎ᠶ᠋ᠢ ᠲᠣᠭ᠍ᠲᠠᠪᠤᠷᠢᠵᠢᠭᠤᠯᠬᠤ ᠪᠠᠲᠤ ᠪᠡᠬᠢ ᠬᠠᠯᠬᠠᠪᠴᠢ ᠪᠣᠯᠵᠤ ᠤᠷᠭᠤᠬᠤ᠎ᠶ᠋ᠢ ᠦᠵᠡᠪᠡᠯ᠂ ᠨᠠᠳᠠ ᠳ᠋ᠤ ᠲᠤᠩ ᠦᠨ᠎ᠠ ᠥᠷᠲᠡᠭ᠎ᠲᠡᠶ ᠰᠠᠨᠠᠭ᠍ᠳᠠᠵᠤ᠂ ᠲᠤᠩ ᠪᠠᠶᠠᠷᠯᠠᠨ᠎ᠠ》 ᠂ ᠶᠡᠷᠦᠳᠡᠭᠡᠨ ᠦᠭᠡ ᠳᠠᠭᠤ ᠴᠥᠭᠡᠨ ᠦᠷᠭᠡᠨᠳᠠᠯᠠᠢ ᠡᠯᠡᠰᠦ᠎ᠶ᠋ᠢ ᠵᠠᠰᠠᠵᠤ ᠮᠣᠳᠣ ᠲᠠᠷᠢᠬᠤ᠎ᠶ᠋ᠢ ᠶᠠᠷᠢᠬᠤ᠎ᠲᠠᠶ ᠵᠡᠷᠭᠡ ᠥᠪᠡᠷ᠎ᠦᠨ ᠡᠷᠬᠡ ᠦᠭᠡᠢ ᠶᠠᠷᠢᠶ᠎ᠠ ᠬᠦᠬᠡᠷᠦᠬᠡ ᠲᠠᠢ ᠪᠤᠯᠳᠠᠭ᠃

ᠶᠡᠷᠦᠩᠬᠡᠢ ᠱᠦᠵᠢ ᠰᠢ ᠵᠢᠨ ᠫᠢᠩ᠎ᠦᠨ ᠥᠪᠥᠷ ᠮᠣᠩᠭᠣᠯ᠎ᠤᠨ ᠪᠠᠶᠠᠨᠨᠠᠭᠤᠷ᠎ᠲᠤ ᠱᠢᠨᠵᠢᠯᠡᠨ ᠪᠠᠢᠴᠠᠭᠠᠬᠤ ᠦᠶ᠎ᠡ᠎ᠶ᠋ᠢᠨ ᠴᠢᠬᠤᠯᠠ ᠶᠠᠷᠢᠶᠠᠨ᠎ᠤ ᠵᠣᠷᠢᠭ ᠰᠠᠨᠠᠭ᠎ᠠ ᠨᠢ ᠥᠷᠭᠡᠨᠳᠠᠯᠠᠢ᠎ᠶ᠋ᠢ ᠭᠦᠨ ᠨᠥᠯᠥᠭᠡᠯᠡᠨ ᠵᠣᠷᠢᠭ᠍ᠵᠢᠭᠤᠯᠪᠠ᠃ ᠥᠷᠭᠡᠨᠳᠠᠯᠠᠢ᠄《 ᠶᠡᠷᠦᠩᠬᠡᠢ ᠱᠦᠵᠢ᠎ᠶ᠋ᠢᠨ ᠶᠠᠷᠢᠢ᠎ᠠ᠎ᠶ᠋ᠢ ᠰᠣᠨᠣᠰᠤᠭᠠᠳ ᠪᠢ ᠶᠡᠬᠡᠳᠡ ᠵᠣᠷᠢᠭ᠍ᠵᠢᠪᠠ᠂ ᠪᠢ ᠬᠠᠷᠠᠬᠠᠨ ᠪᠠᠭ᠎ᠠ᠎ᠡᠴᠡ᠎ᠪᠠᠨ ᠡᠯᠡᠰᠦᠨ ᠴᠦᠯ᠎ᠦᠨ ᠬᠠᠪᠢ ᠳ᠋ᠦ ᠠᠮᠢᠳᠤᠷᠠᠵᠤ᠂ ᠡᠯᠡᠰᠦᠨ ᠴᠦᠯ ᠡᠴᠡ ᠪᠤᠯᠤᠬᠰᠠᠨ ᠬᠠᠯᠠ ᠵᠣᠪᠠᠯᠠᠩ᠎ᠢ ᠬᠠᠰᠢᠷᠠᠳᠠᠯ᠎ᠡ ᠠᠮᠰᠠᠵᠤ᠂ ᠡᠴᠢᠨᠡᠨ ᠵᠢᠯ ᠱᠢᠨᠵᠢᠯᠡᠬᠦ᠌ ᠤᠬᠠᠭᠠᠨᠴᠢ᠎ᠪᠠᠷ ᠡᠯᠡᠰᠦ᠎ᠶ᠋ᠢ ᠵᠠᠰᠠᠭᠠᠳ᠂ ᠨᠤᠭᠤᠭᠠᠷᠠᠭᠤᠯᠤᠯᠳᠠ ᠡᠴᠡ ᠠᠪᠴᠢᠷᠠᠭ᠍ᠰᠠᠨ ᠬᠥᠭ᠌ᠵᠢᠯᠲᠡ ᠪᠠ ᠬᠦᠰᠡᠯ ᠡᠷᠡᠮᠡᠯᠵᠡᠯ᠎ᠢ ᠭᠦᠨᠵᠡᠭᠡᠢ ᠮᠡᠳᠡᠷᠡᠪᠡ᠃ ᠨᠠᠳᠠ ᠳ᠋ᠤ ᠬᠦᠳᠡᠯᠬᠦ ᠴᠢᠳᠠᠯ ᠪᠠᠢᠳᠠᠭ ᠯᠠ ᠶᠤᠮ ᠪᠣᠯ ᠡᠯᠡᠰᠦ᠎ᠶ᠋ᠢ ᠵᠠᠰᠠᠵᠤ ᠮᠣᠳᠣ ᠲᠠᠷᠢᠬᠤ ᠠᠵᠢᠯ᠎ᠢᠶᠡᠨ ᠢᠮᠠᠭ᠍ᠲᠠ ᠪᠠᠷᠢᠮᠲᠠᠯᠠᠵᠤ᠂ᠡᠯᠡᠰᠦᠨ ᠴᠦᠯ᠎ᠳᠦ ᠨᠡᠩ ᠤᠯᠠᠨ ᠨᠣᠭᠣᠭᠠᠨ ᠦᠩᠭᠡ ᠨᠡᠮᠡᠷᠢᠯᠡᠨ᠎ᠠ》 ᠭᠡᠵᠤ ᠢᠲᠡᠭᠡᠯ ᠲᠡᠭᠦᠯᠳᠡᠷ ᠬᠡᠯᠡᠪᠡ᠃

ᠢᠷᠡᠭᠡᠳᠦᠶ᠎ᠶ᠋ᠢᠨ ᠠᠮᠢᠳᠤᠷᠠᠯ᠎ᠤᠨ ᠵᠢᠡᠨ ᠲᠤᠬᠠᠶ ᠥᠷᠭᠡᠨᠲᠡᠯᠡᠶ ᠨᠠᠩ ᠴᠤ᠌ ᠬᠡᠬᠦᠳᠡᠭ ᠳᠦᠭᠦᠷᠡᠩ ᠬᠦᠰᠡᠯ ᠡᠪᠦᠷᠯᠡᠵᠦ᠍ ᠶᠠᠪᠤᠨ᠎ᠠ᠂ ᠲᠡᠷᠡ ᠨᠢᠭᠡᠨ ᠮᠠᠯᠴᠢᠨ ᠠᠢᠯ᠎ᠤᠨ ᠵᠢᠭᠤᠯᠴᠢᠯᠠᠯ ᠤ᠋ᠨ ᠭᠠᠵᠠᠷ ᠡᠵᠡᠩᠨᠡᠬᠦ᠌᠎ᠶ᠋ᠢᠨ ᠬᠠᠮᠲᠤ ᠨᠢᠭᠡᠨ ᠠᠮᠢ ᠠᠬᠤᠶ᠎ᠶ᠋ᠢᠨ ᠪᠡᠶᠡᠳᠠᠨ ᠣᠢᠯᠠᠭᠠᠬᠤ ᠣᠷᠣᠨ ᠪᠠᠢᠭᠤᠯᠬᠤ᠎ᠪᠠᠷ ᠲᠥᠯᠥᠪᠯᠡᠵᠦ᠍ ᠪᠠᠢᠨ᠎ᠠ᠃ ᠦᠨᠦ᠂ ᠬᠥᠪᠴᠢ᠎ᠶ᠋ᠢᠨ ᠡᠯᠡᠰᠦ᠎ᠶ᠋ᠢᠨ ᠣᠷᠣᠨ᠎ᠤ  ᠤᠯᠠᠨ ᠮᠠᠯᠴᠢᠨ ᠲᠠᠷᠢᠶᠠᠴᠢᠨ ᠡᠯᠡᠰᠦ᠎ᠶ᠋ᠢ ᠵᠠᠰᠠᠬᠤ ᠪᠠ ᠠᠮᠢ ᠠᠬᠤᠢ᠎ᠶ᠋ᠢᠨ ᠠᠵᠤ ᠦᠢᠯᠡᠰ᠎ᠦᠨ ᠬᠡᠯᠬᠢᠶ᠎ᠡ᠎ᠳᠦ ᠠᠭᠤᠰᠤᠯᠴᠠᠵᠤ᠂ ᠬᠤᠳᠠᠯᠳᠤᠭ᠎ᠠ᠂ ᠠᠮᠢ ᠠᠬᠤᠢ᠂ ᠬᠥᠳᠡᠭᠡ ᠲᠣᠰᠭᠣᠨ᠎ᠢ ᠵᠡᠷᠭᠡ᠎ᠪᠡᠷ ᠬᠥᠭ᠌ᠵᠢᠭᠦᠯᠦᠨ ᠮᠠᠨᠳᠤᠭᠤᠯᠵᠤ᠂ ᠣᠷᠣᠯᠭ᠎ᠠ ᠪᠠᠨ ᠨᠡᠮᠡᠭ᠌ᠳᠡᠭᠦᠯᠦᠨ ᠪᠠᠶᠠᠵᠢᠵᠤ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号