ᠡᠵᠡᠨ᠎ᠡ ᠳ᠋ᠦ 31 ᠲᠦᠮᠡᠨ ᠮᠦ᠍ ᠭᠠᠵᠠᠷ ᠢ᠋ ᠤᠢᠵᠢᠭᠤᠯᠤᠭᠰᠠᠨ ᠪᠡᠬᠡᠵᠢᠩ ᠤ᠋ᠨ ᠲᠠᠷᠢᠶᠠᠴᠢᠨ
2023-12-03 10:53:20
ᠵᠣᠬᠢᠶᠠᠭ᠍ᠴᠢ᠄
ᠯᠢᠦ ᠬᠣᠩ ᠵᠠᠩ
ᠣᠩᠱᠢᠭ᠍ᠰᠠᠨ ᠣᠳᠠᠭ᠎ᠠ᠄
★★★☆☆

ᠠᠯᠠᠱᠠ ᠠᠢᠮᠠᠭ ᠤ᠋ᠨ ᠡᠵᠡᠨ᠎ᠡ ᠬᠣᠱᠢᠭᠤᠨ ᠤ᠋ ᠬᠤᠤ ᠯᠢᠨ ᠠᠮᠢ ᠠᠬᠤᠢ ᠶ᠋ᠢᠨ ᠲᠠᠷᠢᠮᠠᠯ ᠤ᠋ᠨ ᠲᠤᠰᠭᠠᠢ ᠬᠤᠷᠱᠢᠶ᠎ᠠ ᠵᠢᠨ ᠬᠡᠷᠡᠭ ᠡᠷᠬᠢᠯᠡᠭ᠌ᠴᠢᠳ ᠤ᠋ᠨ ᠳᠠᠷᠤᠭ᠎ᠠ ᠸᠠᠩ ᠵᠢᠶᠠᠨ ᠭᠠᠩ ᠵᠢᠷᠠ ᠶ᠋ᠢᠨ ᠳᠠᠪᠠᠭ᠎ᠠ ᠵᠢ ᠳᠠᠪᠠᠭᠰᠠᠨ ᠴᠦ᠍ ᠵᠤᠷᠰᠢᠯ ᠶᠤᠰᠤᠭᠠᠷ ᠦᠷᠯᠦᠬᠡ ᠡᠷᠳᠡᠯᠡᠨ ᠪᠤᠰᠴᠤ᠂ ᠠᠵᠢᠯᠴᠢᠳ ᠲᠠᠢ ᠪᠠᠨ ᠬᠠᠮᠳᠤ ᠴᠠᠢ ᠪᠠᠨ ᠤᠤᠭᠤᠵᠤ ᠪᠠᠷᠠᠮᠠᠭᠴᠠ ᠵᠠᠭ ᠤ᠋ᠨ ᠤᠢ ᠵᠢᠨ ᠲᠠᠷᠢᠮᠠᠯ ᠤ᠋ᠨ ᠰᠠᠭᠤᠷᠢᠨ ᠳ᠋ᠠᠭᠠᠨ ᠬᠦᠷᠴᠦ᠍᠂ ᠡᠪᠦᠯ ᠤ᠋ᠨ ᠬᠦᠢᠳᠡᠨ ᠳ᠋ᠦ ᠤᠢ ᠮᠣᠳᠣᠨ ᠤ᠋ ᠤᠷᠭᠤᠴᠠ ᠶ᠋ᠢᠨ ᠪᠠᠢᠳᠠᠯ ᠬᠢᠷᠢ ᠵᠡᠷᠭᠡ ᠪᠠᠢᠬᠤ ᠵᠢ ᠪᠠᠢᠴᠠᠭᠠᠨ ᠦᠵᠡᠨ᠎ᠠ ᠃

ᠬᠡᠳᠦᠨ ᠲᠦᠮᠠᠨ ᠮᠦ᠍ ᠵᠠᠭ ᠤ᠋ᠨ ᠤᠢ ᠨᠡᠯᠦᠭᠡᠷ ᠶᠡᠬᠡ ᠭᠤᠪᠢ ᠡᠯᠡᠰᠦᠨ ᠳ᠋ᠦ ᠰᠤᠨᠤᠯᠵᠠᠭᠠᠳ ᠰᠠᠯᠬᠢ ᠬᠠᠯᠬᠠᠯᠠᠨ ᠡᠯᠡᠰᠦ ᠵᠢ ᠲᠣᠭ᠍ᠲᠠᠪᠤᠷᠢᠵᠢᠭᠤᠯᠬᠤ ᠤᠢ ᠶ᠋ᠢᠨ ᠪᠦᠰᠡ ᠵᠢ ᠪᠦᠷᠢᠯᠳᠦᠭᠦᠯᠦᠭᠰᠡᠨ ᠪᠠᠢᠨ᠎ᠠ᠃ ᠸᠠᠩ ᠵᠢᠶᠠᠨ ᠭᠠᠩ ᠪᠣᠯ ᠨᠡᠢᠰᠯᠡᠯ ᠪᠡᠭᠡᠵᠢᠩ ᠡᠴᠡ ᠢᠷᠡᠭ᠌ᠰᠡᠨ ᠲᠠᠷᠢᠶᠠᠴᠢᠨ ᠠᠵᠤ ᠠᠬᠤᠢᠯᠠᠯᠲᠠᠨ ᠶᠤᠮ᠂ ᠲᠡᠷᠡ ᠡᠵᠡᠨ᠎ᠡ ᠶ᠋ᠢᠨ ᠭᠣᠪᠢ ᠴᠦᠯ ᠳ᠋ᠦ ᠡᠯᠡᠰᠦ ᠵᠢ ᠵᠠᠰᠠᠵᠤ ᠣᠢᠵᠢᠭᠤᠯᠬᠤ ᠠᠵᠢᠯ ᠢ᠋ 8 ᠵᠢᠯ ᠪᠠᠲᠤ ᠰᠠᠬᠢᠨ ᠂ ᠤᠷᠢᠳ ᠬᠤᠵᠢᠳ ᠳ᠋ᠦᠩᠱᠢᠭᠤᠷ ᠭᠠᠷᠤᠶ ᠲᠥᠭᠥᠷᠢᠭ ᠤ᠋ᠨ ᠪᠠᠯᠠ ᠣᠷᠣᠭᠤᠯᠵᠤ ᠂ ᠨᠡᠢᠲᠡ 31 ᠲᠦᠮᠡᠨ ᠮᠥ᠍ ᠭᠠᠵᠠᠷ ᠲᠦ᠍ ᠮᠣᠳᠣ ᠳᠠᠷᠢᠵᠤ ᠤᠢᠵᠢᠭᠤᠯᠪᠠ᠃

ᠸᠠᠩ ᠵᠢᠶᠠᠨ ᠭᠠᠩ ᠪᠣᠯ ᠪᠡᠭᠡᠵᠢᠩ ᠤ᠋ᠨ ᠲᠡᠭᠦᠷᠭᠡ ᠳ᠋ᠦ ᠳᠦᠷᠦᠵᠦ᠍ ᠥᠰᠦᠭ᠌ᠰᠡᠨ ᠲᠠᠷᠢᠶᠠᠴᠢᠨ ᠪᠣᠯᠤᠨ᠎ᠠ᠃ ᠳᠡᠭᠡᠷ᠎ᠡ ᠵᠠᠭᠤᠨ ᠤ᠋ ᠨᠠᠶᠠᠭᠠᠳ ᠣᠨ ᠤ᠋ ᠡᠬᠢ ᠪᠡᠷ ᠂ ᠥᠭᠡᠷᠡᠴᠢᠯᠡᠯᠲᠡ ᠨᠡᠬᠡᠬᠡᠯᠳᠡ ᠶ᠋ᠢᠨ ᠶᠡᠬᠡ ᠤᠷᠤᠰᠭᠠᠯ ᠳ᠋ᠤ ᠲᠡᠷᠡ ᠬᠣᠭᠣᠰᠣᠨ ᠭᠠᠷ ᠬᠤᠶᠠᠷ ᠨᠢᠳᠤᠷᠭ᠎ᠠ ᠪᠡᠷ ᠵᠢᠡᠨ ᠦᠢᠯᠡᠰ ᠪᠤᠰᠭᠠᠵᠤ᠂ ᠴᠢᠬᠢ ᠮᠣᠳᠣ ᠲᠠᠷᠢᠬᠤ ᠳ᠋ᠦ ᠲᠦᠱᠢᠭ᠌ᠯᠡᠨ ᠪᠠᠶᠠᠵᠢᠯ ᠤ᠋ᠨ ᠵᠠᠮ ᠢ᠋ᠶ᠋ᠠᠷ ᠵᠠᠮᠨᠠᠵᠠᠢ᠃ 《ᠪᠢ ᠬᠡᠳᠦᠢᠪᠡᠷ ᠴᠢᠬᠢ ᠮᠣᠳᠣ ᠲᠠᠷᠢᠬ᠍ᠰᠠᠭᠠᠷ ᠢᠷᠡᠭᠰᠡᠨ ᠪᠣᠯᠪᠠᠴᠤ᠌ ᠠᠮᠢ ᠠᠬᠤᠢ ᠣᠷᠴᠢᠨ ᠲᠣᠭᠣᠷᠢᠨ ᠬᠠᠮᠤᠭ ᠤ᠋ᠨ ᠬᠡᠪᠡᠷᠡᠭ ᠪᠠᠭᠤᠷᠠᠢ ᠭᠠᠵᠠᠷ ᠲᠦ᠍ ᠬᠦᠷᠴᠦ᠍ ᠮᠣᠳᠣ ᠲᠠᠷᠢᠵᠦ᠍ ᠠᠮᠢ ᠠᠬᠤᠢ ᠵᠢ ᠰᠠᠢᠵᠢᠷᠠᠭᠤᠯᠬᠤ ᠬᠦᠰᠡᠯ ᠲᠠᠢ ᠪᠠᠢᠭᠰᠠᠨ ᠶᠤᠮ》 ᠭᠡᠵᠦ᠍ ᠸᠠᠩ ᠵᠢᠶᠠᠨ ᠭᠠᠩ ᠬᠡᠯᠡᠨ᠎ᠠ ᠃ 2015 ᠣᠨ ᠤ᠋ ᠵᠤᠨ ᠤ᠋ ᠡᠬᠢ ᠪᠡᠷ 52 ᠨᠠᠰᠤᠲᠠᠢ ᠸᠠᠩ ᠵᠢᠶᠠᠨ ᠭᠠᠩ ᠡᠵᠡᠨ᠎ᠡ ᠬᠣᠱᠢᠭᠤᠨ ᠳ᠋ᠦ ᠢᠷᠡᠵᠤ᠂ ᠡᠨᠳᠡᠬᠢ ᠭᠠᠵᠠᠷ ᠠᠭᠤᠳᠠᠮ ᠬᠥᠮᠦᠨ ᠴᠥᠭᠡᠨ᠂ ᠭᠠᠩ ᠬᠠᠭᠤᠷᠠᠢ ᠪᠣᠷᠣᠭᠠᠨ ᠴᠥᠭᠡᠨ᠂ ᠠᠮᠢ ᠠᠬᠤᠢ ᠣᠷᠴᠢᠨ ᠲᠣᠭᠣᠷᠢᠨ ᠬᠡᠪᠡᠷᠡᠭ ᠪᠠᠢᠬᠤ ᠵᠢ ᠦᠵᠡᠭᠡᠳ ᠡᠵᠡᠨ᠎ᠡ ᠳ᠋ᠦ ᠮᠣᠳᠣ ᠲᠠᠷᠢᠵᠤ ᠣᠢᠵᠢᠭᠤᠯᠬᠤ ᠪᠡᠷ ᠵᠣᠷᠢᠭ ᠱᠢᠭᠤᠳᠴᠠᠢ᠃

2015 ᠣᠨ ᠤ᠋ 8 ᠰᠠᠷ᠎ᠠ ᠳ᠋ᠦ ᠸᠠᠩ ᠵᠢᠶᠠᠨ ᠭᠠᠩ ᠪᠡᠭᠡᠵᠢᠩ ᠤ᠋ᠨ ᠠᠮᠤᠷ ᠰᠡᠯᠡᠬᠦᠦ ᠠᠮᠢᠳᠤᠷᠠᠯ ᠢ᠋ᠶ᠋ᠠᠨ ᠲᠠᠶᠠᠭ᠍ᠳᠠᠵᠤ᠂ ᠮᠠᠱᠢᠨ ᠲᠡᠷᠭᠡ᠂ ᠲᠤᠨᠤᠭ ᠲᠥᠬᠥᠭᠡᠷᠦᠮᠵᠢ ᠪᠣᠯᠤᠨ ᠠᠵᠢᠯᠴᠢᠳ ᠢ᠋ᠶ᠋ᠠᠨ ᠳᠠᠭᠠᠭᠤᠯᠤᠨ ᠡᠵᠡᠨ᠎ᠡ ᠬᠣᠱᠢᠭᠤᠨ ᠳ᠋ᠦ ᠢᠷᠡᠪᠡ᠃ ᠲᠤᠬᠠᠢ ᠶ᠋ᠢᠨ ᠵᠢᠯ ᠳ᠋ᠦ ᠲᠡᠷᠡ 1300 ᠭᠠᠷᠤᠢ ᠲᠦᠮᠡᠨ ᠲᠥᠭᠥᠷᠢᠭ ᠤ᠋ᠨ ᠪᠡᠯᠡ ᠣᠷᠣᠭᠤᠯᠵᠤ ᠡᠵᠡᠨ᠎ᠡ ᠬᠣᠱᠢᠭᠤᠨ ᠤ᠋ ᠳ᠋ᠦᠩ ᠹᠸᠩ ᠪᠠᠯᠭᠠᠰᠤᠨ ᠳ᠋ᠤ 5.2 ᠲᠦᠮᠡ ᠭᠠᠷᠤᠢ ᠮᠦ᠍ ᠡᠵᠡᠬᠦᠢ ᠭᠣᠪᠢ ᠵᠢ ᠳᠠᠭᠠᠭᠠᠴᠢᠯᠠᠵᠦ ᠠᠪᠤᠭᠰᠠᠨ ᠮᠦᠷᠳᠡᠭᠡᠨ ᠡᠵᠡᠨ᠎ᠡ ᠬᠣᠱᠢᠭᠤᠨ ᠤ᠋ ᠬᠤᠤ ᠯᠢᠨ ᠤ᠋ ᠠᠮᠢ ᠠᠬᠤᠢ ᠶ᠋ᠢᠨ ᠲᠠᠷᠢᠮᠠᠯ ᠤ᠋ᠨ ᠲᠤᠰᠭᠠᠢ ᠬᠤᠷᠰᠢᠶ᠎ᠠ ᠵᠢ ᠪᠠᠢᠭᠤᠯᠵᠤ᠂ ᠨᠡᠯᠦᠬᠡᠷ ᠶᠡᠬᠡ ᠡᠯᠡᠰᠦᠨ ᠴᠦᠯ ᠭᠣᠪᠢ ᠭᠠᠵᠠᠷ ᠲᠦ᠍ ᠵᠠᠭ ᠲᠠᠷᠢᠵᠤ ᠰᠠᠯᠬᠢ ᠵᠢ ᠬᠠᠯᠬᠠᠯᠠᠨ ᠡᠯᠡᠰᠦ ᠵᠢ ᠲᠣᠭ᠍ᠲᠠᠪᠤᠷᠢᠵᠢᠭᠤᠯᠬᠤ ᠬᠠᠳᠠᠭᠤᠵᠢᠯᠳᠠᠢ ᠠᠶᠠᠨ ᠢ᠋ᠶ᠋ᠡᠨ ᠡᠯᠬᠦᠭᠰᠡᠨ ᠶᠤᠮ᠃

ᠲᠡᠷᠡ ᠬᠡᠰᠡᠭ ᠬᠤᠭᠤᠴᠠᠭᠠᠨ ᠳ᠋ᠦ ᠸᠠᠩ ᠵᠢᠶᠠᠨ ᠭᠠᠩ ᠠᠵᠢᠯᠴᠢᠳ ᠲᠠᠢ ᠪᠠᠨ ᠡᠳᠦᠷ ᠨᠢ ᠰᠢᠳᠠᠮ᠎ᠠ ᠬᠠᠯᠠᠭᠤᠨ ᠳ᠋ᠦ ᠨᠦᠭᠡ ᠤᠬᠤᠨ ᠵᠠᠭ ᠲᠠᠷᠢᠵᠤ᠂ ᠰᠦᠨᠢ ᠳ᠋ᠡᠭᠡᠨ ᠰᠠᠯᠬᠢ ᠱᠢᠭᠤᠷᠭ᠎ᠠ ᠶᠡᠬᠡᠳᠡᠵᠦ ᠮᠠᠢᠬᠠᠨ ᠪᠤᠰᠭᠠᠵᠤ ᠳᠡᠢᠯᠬᠦ᠌ ᠦᠭᠡᠢ ᠪᠤᠯᠪᠠᠯ ᠠᠷᠭ᠎ᠠ ᠪᠤᠰᠤ ᠨᠦᠬᠡ ᠮᠠᠯᠳᠠᠨ ᠬᠤᠨᠤᠳᠠᠭ ᠪᠠᠢᠯ᠎ᠠ᠂ ᠣᠷᠴᠢᠨ ᠲᠣᠭᠣᠷᠢᠨ ᠬᠡᠳᠦᠢ ᠬᠠᠳᠠᠭᠤ ᠪᠡᠷᠭᠡ ᠪᠠᠢᠭᠰᠠᠨ ᠴᠦ᠍ ᠲᠡᠷᠡ ᠶᠡᠷᠦ᠍ ᠡᠴᠡ ᠵᠤᠷᠢᠭ ᠮᠤᠬᠤᠵᠤ ᠬᠣᠢᠰᠢ ᠰᠠᠭᠤᠭᠰᠠᠨ ᠦᠬᠡᠢ᠃ ᠨᠢᠭᠡ ᠨᠢᠭᠡ ᠪᠡᠷ ᠨᠦᠬᠡ ᠤᠬᠤᠨ ᠨᠢᠭᠡ ᠨᠢᠭᠡ ᠪᠡᠷ ᠴᠢᠬᠢ ᠰᠠᠭᠤᠯᠭᠠᠵᠤ ᠨᠢᠭᠡ ᠨᠢᠭᠡ ᠪᠡᠷ ᠤᠰᠤᠯᠠᠭᠰᠠᠭᠠᠷ ᠪᠠᠢᠵᠦ ᠂ 2016 ᠣᠨ ᠤ᠋ 5 ᠰᠠᠷ᠎ᠠ ᠪᠣᠯᠬᠤ ᠳ᠋ᠦ 5 ᠲᠦᠮᠡᠨ ᠮᠦ᠍ ᠵᠠᠭ ᠲᠠᠷᠢᠪᠠ ᠃

ᠸᠠᠩ ᠵᠢᠶᠠᠨ ᠭᠠᠩ ᠤ᠋ᠨ ᠡᠯᠡᠰᠦᠨ ᠴᠦᠯ ᠭᠣᠪᠢ ᠵᠢ ᠨᠣᠭᠣᠭᠠᠷᠠᠭᠤᠯᠬᠤ ᠬᠡᠰᠡᠨ ᠤᠯᠠᠨ ᠵᠢᠯ ᠤ᠋ᠨ ᠴᠥᠬᠥᠷᠡᠰᠢ ᠦᠭᠡᠢ ᠪᠠᠷᠢᠮᠲᠠᠯᠠᠯ ᠪᠠ ᠰᠢᠷᠭᠠᠭᠤ ᠬᠦᠳᠡᠯᠮᠤᠷᠢ ᠳ᠋ᠤ ᠤᠤᠯ ᠤ᠋ᠨ ᠬᠠᠮᠠᠷ ᠬᠠᠳᠭᠤᠬᠤ ᠡᠪᠡᠰᠦ ᠦᠭᠡᠢ ᠪᠠᠢᠭᠰᠠᠨ ᠨᠢᠴᠦᠬᠦᠨ ᠡᠯᠡᠰᠦᠨ ᠳ᠋ᠤ ᠬᠡᠰᠡᠭ ᠬᠡᠰᠡᠭ ᠨᠣᠭᠣᠭᠠᠨ ᠪᠦᠷᠢᠳᠦ ᠲᠠᠢ ᠪᠤᠯᠵᠠᠢ᠃

ᠵᠠᠭ ᠤ᠋ᠨ ᠤᠢ ᠵᠢᠨ ᠠᠮᠢ ᠠᠬᠤᠢ ᠪᠣᠯᠤᠨ ᠠᠵᠤ ᠠᠬᠤᠢ ᠶ᠋ᠢᠨ ᠬᠤᠤᠰ ᠦᠷ᠎ᠡ ᠠᠱᠢᠭ᠎ᠢ ᠪᠡᠶᠡᠯᠡᠭᠦᠯᠬᠦ᠌ ᠶ᠋ᠢᠨ ᠲᠥᠯᠥᠭᠡ ᠂ ᠤᠢ᠍ᠢᠷ᠎ᠠ ᠶ᠋ᠢᠨ ᠬᠡᠳᠦᠨ ᠵᠢᠯ ᠳ᠋ᠦ ᠸᠠᠩ ᠵᠢᠶᠠᠨ ᠭᠠᠩ  ᠵᠠᠭ ᠤ᠋ᠨ ᠦᠨᠳᠦᠰᠦᠨ ᠳ᠋ᠦ ᠴᠠᠭᠠᠨ ᠭᠣᠶᠣᠣ ᠵᠢ ᠰᠠᠭᠤᠯᠭᠠᠵᠤ ᠂ ᠵᠠᠭ ᠤ᠋ᠨ ᠤᠢ ᠨᠢ ᠠᠷᠠᠳ ᠢ᠋ ᠪᠠᠶᠠᠵᠢᠭᠤᠯᠬᠤ ᠴᠠᠭᠠᠨ ᠭᠣᠶᠣᠣ ᠵᠢᠨ ᠰᠠᠭᠤᠷᠢᠨ ᠪᠣᠯᠪᠠ᠃ 《ᠵᠠᠭ ᠳᠠᠷᠢᠵᠦ ᠦᠨᠳᠦᠰᠦᠨ ᠳ᠋ᠤᠨᠢ  ᠴᠠᠭᠠᠨ ᠭᠣᠶᠣᠣ ᠰᠠᠭᠤᠯᠭᠠᠬᠰᠠᠨ ᠡᠴᠡ ᠠᠮᠢ ᠠᠬᠤᠢ ᠪᠠ ᠠᠵᠤ ᠠᠬᠤᠢ ᠶ᠋ᠢᠨ ᠬᠣᠣᠰ ᠦᠷ᠎ᠠ ᠠᠰᠢᠭ ᠬᠦᠷᠳᠡᠵᠤ᠂ ᠣᠳᠣᠬᠠᠨ ᠳ᠋ᠦ ᠨᠢᠭᠡᠨᠲᠡ 700 ᠭᠠᠷᠤᠢ ᠺᠢᠯᠣᠭ᠌ᠷᠠᠮ ᠴᠠᠭᠠᠨ ᠭᠣᠶᠣᠣ ᠶ᠋ᠢᠨ ᠦᠷ᠎ᠡ ᠲᠡᠬᠦᠵᠤ᠂ ᠦᠢᠯᠡᠳᠬᠦᠨ᠎ᠦ ᠦᠷᠳᠡᠭ ᠨᠢ 1400 ᠭᠠᠷᠤᠢ ᠲᠦᠮᠡᠨ ᠲᠥᠭᠥᠷᠢᠭ ᠲᠦ᠍ ᠬᠦᠷᠴᠠᠢ᠃ ᠡᠨᠡ ᠨᠢ ᠶᠡᠬᠡ ᠬᠡᠮᠵᠢᠶᠡᠨ᠎ᠦ ᠪᠡᠯᠡ ᠮᠥᠩᠭᠥ ᠵᠢ ᠠᠷᠪᠢᠯᠠᠭ᠍ᠰᠠᠨ ᠢ᠋ᠶ᠋ᠠᠷ ᠪᠠᠷᠠᠬᠤ ᠦᠭᠡᠢ ᠰᠢᠯᠢᠳᠡᠭ ᠰᠠᠢᠨ ᠡᠵᠡᠨ᠎ᠡ ᠵᠢᠨ ᠴᠠᠭᠠᠨ ᠭᠣᠶᠣᠣ ᠶ᠋ᠢᠨ ᠦᠷ᠎ᠠ ᠡᠳ᠋ ᠢ᠋ ᠴᠦ᠍ ᠬᠠᠮᠠᠭᠠᠯᠠᠵᠤ ᠴᠢᠳᠠᠬᠤ ᠶᠤᠮ》 ᠭᠡᠵᠦ᠍ ᠸᠠᠩ ᠵᠢᠶᠠᠨ ᠭᠠᠩ ᠬᠡᠯᠡᠨ᠎ᠠ ᠃ 2021 ᠣᠨ ᠳ᠋ᠦ ᠲᠡᠬᠦᠨ ᠤ᠋ ᠡᠵᠡᠩᠨᠡᠵᠦ᠍ ᠪᠠᠢᠭ᠎ᠠ ᠬᠢᠲᠠᠳ ᠡᠮ ᠤ᠋ᠨ ᠮᠠᠲ᠋ᠧᠷᠢᠶᠠᠯ ᠳᠠᠷᠢᠬᠤ ᠣᠶ ᠶ᠋ᠢᠨ ᠳᠤᠳᠤᠷᠠᠬᠢ ᠠᠵᠤ ᠠᠬᠤᠶ ᠶ᠋ᠢᠨ ᠵᠢᠱ᠌ᠢᠶ᠎ᠡ ᠦᠵᠡᠭᠦᠯᠬᠦ᠌ ᠰᠠᠭᠤᠷᠢᠨ ᠨᠢ ᠳᠠᠪᠤᠳᠤᠭᠠᠷ ᠪᠦᠯᠦᠭ ᠤ᠋ᠨ ᠪᠦᠬᠦ ᠤᠯᠤᠰ ᠤ᠋ᠨ ᠣᠶ ᠵᠢᠨ ᠳᠤᠳᠤᠷᠠᠬᠢ ᠠᠵᠤ ᠠᠬᠤᠶ ᠶ᠋ᠢᠨ ᠵᠢᠱ᠌ᠢᠶ᠎ᠠ ᠦᠵᠡᠬᠦᠯᠬᠦ ᠰᠠᠭᠤᠷᠢᠨ ᠵᠢᠡᠷ ᠰᠣᠩᠭᠣᠭ᠍ᠳᠠᠪᠠ ᠃

ᠤᠨ ᠴᠠᠭ ᠤᠷᠴᠢᠵᠦ ᠂ ᠭᠣᠪᠢ ᠨᠤᠲᠤᠭ ᠨᠣᠭᠣᠭᠠᠷᠠᠯ᠎ᠠ᠃ ᠸᠠᠩ ᠵᠢᠶᠠᠨ ᠭᠠᠩ ᠤ᠋ᠨ ᠠᠮᠢ ᠠᠬᠤᠢ ᠵᠢ ᠵᠠᠰᠠᠬᠤ ᠡᠷᠴᠢ ᠵᠣᠷᠢᠭ ᠨᠡᠩ ᠪᠠᠲᠤ ᠴᠢᠩᠭ᠎ᠠ ᠪᠤᠯᠵᠤ ᠂ ᠰᠡᠳᠭᠢᠯ ᠳ᠋ᠡᠭᠡᠨ ᠨᠡᠩ ᠬᠤᠯᠠ ᠨᠡᠩ ᠠᠯᠤᠰ ᠬᠡᠳᠤ ᠶ᠋ᠢᠨ ᠬᠠᠷᠠᠯᠲᠠ ᠵᠢ ᠲᠥᠰᠦᠪᠯᠡᠵᠦ᠍ ᠰᠠᠭᠤᠨ᠎ᠠ ᠃《ᠪᠢ ᠡᠨᠡ ᠬᠦ᠌ ᠪᠣᠬᠢᠷᠲᠤᠯ ᠦᠭᠡᠢ ᠦᠢᠯᠡᠰ ᠢ᠋ ᠦᠷᠭᠦᠯᠵᠢᠯᠡᠨ ᠬᠥᠭ᠌ᠵᠢᠭᠦᠯᠵᠦ᠍ ᠂ ᠡᠯᠡᠰᠤᠨ ᠴᠦᠯ ᠭᠤᠪᠢ ᠳ᠋ᠦ ᠵᠠᠭᠤᠨ ᠲᠦᠮᠡᠨ ᠮᠦ᠍ ᠵᠠᠭ ᠳᠠᠷᠢᠬᠤ ᠪᠡᠷ ᠲᠦᠯᠦᠪᠯᠡᠵᠦ ᠪᠠᠢᠨ᠎ᠠ》 ᠭᠡᠵᠦ᠍ ᠸᠠᠩ ᠵᠢᠶᠠᠨ ᠭᠠᠩ ᠬᠡᠯᠡᠨ᠎ᠠ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号