​ᠬᠠᠩᠬᠢᠨ ᠬᠣᠢᠲᠤ ᠬᠣᠱᠢᠭᠤᠨ ᠤ᠋ ᠣᠢ ᠱᠢᠭᠤᠶ ᠪᠠ ᠨᠤᠲᠤᠭ ᠪᠡᠯᠴᠢᠭᠡᠷ ᠤ᠋ᠨ ᠲᠣᠪᠴᠢᠶ᠎ᠠ ᠤᠳᠠᠭᠠᠨ ᠲᠠᠭᠠᠭᠠᠮᠠᠭᠠᠢ ᠴᠢᠷᠮᠠᠢᠯᠭ᠎ᠠ ᠪᠠᠷ ᠡᠯᠡᠰᠦ ᠮᠠᠩᠬ᠎ᠠ ᠶ᠋ᠢ ᠨᠤᠭᠤᠭᠠᠷᠠᠭᠤᠯᠵᠤ ᠠᠮᠢ ᠠᠬᠤᠢ᠎ᠵᠢ ᠰᠠᠢᠵᠢᠷᠠᠭᠤᠯᠤᠨ᠎ᠠ
2023-12-19 10:34:32
ᠵᠣᠬᠢᠶᠠᠭ᠍ᠴᠢ᠄
ᠱᠢᠤᠸᠠᠢ ᠯᠠᠶ
ᠣᠩᠱᠢᠭ᠍ᠰᠠᠨ ᠣᠳᠠᠭ᠎ᠠ᠄
★★★☆☆

ᠪᠠᠶᠠᠨᠨᠠᠭᠤᠷ ᠬᠤᠲᠠ ᠵᠢᠨ ᠬᠠᠩᠭᠢᠨ ᠬᠣᠢᠲᠤ ᠬᠣᠱᠢᠭᠤ ᠤᠯᠠᠭᠠᠨᠪᠤᠬ᠎ᠠ ᠡᠯᠡᠰᠦᠨ ᠴᠦᠯ ᠤ᠋ᠨ ᠵᠡᠭᠦᠨ ᠬᠣᠢᠲᠤ ᠬᠡᠰᠡᠭ ᠲᠤ᠌ ᠪᠠᠢᠷᠢᠯᠠᠵᠤ᠂ ᠠᠭᠤᠷ ᠠᠮᠢᠰᠭᠤᠯ ᠤ᠋ᠨ ᠬᠤᠪᠢᠷᠠᠯᠲᠠ ᠪᠣᠯᠤᠨ ᠬᠡᠲᠦ ᠬᠠᠭᠠᠯᠪᠤᠷᠢᠯᠠᠯᠲᠠ ᠡᠴᠡ ᠪᠤᠯᠵᠤ᠂ ᠡᠨᠳᠡᠬᠢ 46 ᠲᠦᠮᠡᠨ ᠮᠦ᠍ ᠵᠢᠨ ᠡᠯᠡᠰᠦ ᠬᠠᠯᠲᠤᠰᠭᠢᠪᠡᠯ ᠲᠩᠷᠢ ᠭᠠᠵᠠᠷ ᠢ᠋ ᠪᠦᠷᠬᠦᠳᠠᠯ᠎ᠠ ᠰᠢᠭᠤᠷᠴᠤ᠂ ᠲᠠᠷᠢᠶᠠᠨ ᠭᠠᠵᠠᠷ ᠢ᠋ ᠳᠠᠭᠠᠷᠢᠨ᠂ ᠠᠢᠯ ᠲᠣᠰᠭᠣᠨ ᠢ᠋ ᠰᠦᠷᠳᠡᠭᠦᠯᠵᠤ᠂ ᠲᠤᠬᠠᠢ ᠵᠢᠨ ᠭᠠᠵᠠᠷ ᠤ᠋ᠨ ᠠᠷᠠᠳ ᠲᠦᠮᠡᠨ᠎ᠦ ᠦᠢᠯᠡᠳᠪᠦᠷᠢᠯᠡᠯ ᠠᠮᠢᠳᠤᠷᠠᠯ ᠢ᠋ ᠬᠦᠨᠳᠦ ᠨᠣᠴᠢᠲᠠᠢ ᠰᠦᠷᠳᠡᠭᠦᠯᠵᠤ ᠪᠠᠢᠵᠠᠢ᠃ ᠡᠯᠡᠰᠦᠨ ᠰᠢᠭᠤᠷᠭ᠎ᠠ᠎ᠵᠢᠨ ᠰᠦᠷᠳᠡᠬᠦᠯᠤᠯ᠎ᠤᠨ ᠡᠮᠦᠨ᠎ᠡ᠂ ᠬᠠᠩᠭᠢᠨ ᠬᠣᠢᠲᠤ ᠬᠣᠱᠢᠭᠤᠨ ᠤ᠋ ᠬᠥᠮᠦᠰ ᠵᠤᠷᠢᠭ ᠬᠠᠷᠢᠵᠤ ᠬᠦᠯ ᠨᠤᠭᠤᠷᠠᠭ᠍ᠰᠠᠨ ᠦᠭᠡᠢ᠂ ᠬᠠᠷᠢᠨ ᠲᠠᠳᠠᠨᠠᠷ ᠦᠶ᠎ᠡ ᠵᠢᠨ ᠦᠶ᠎ᠡ ᠳ᠋ᠡᠭᠡᠨ ᠡᠯᠡᠰᠦᠷᠭᠡᠭᠵᠢᠯ ᠢ᠋ ᠰᠡᠷᠭᠡᠢᠯᠡᠨ ᠡᠯᠡᠰᠦ ᠶ᠋ᠢ ᠵᠠᠰᠠᠬᠤ᠂ ᠣᠢᠵᠢᠭᠤᠯᠵᠤ ᠤᠢ ᠱᠢᠭᠤᠢ ᠶ᠋ᠢ ᠬᠠᠮᠠᠭᠠᠯᠠᠬᠤ ᠦᠢᠯᠡᠰ ᠲᠤ᠌ ᠡᠷᠡᠮᠡᠭᠡᠢᠯᠡᠨ ᠣᠷᠣᠯᠴᠠᠵᠤ᠂ ᠠᠮᠢ ᠠᠬᠤᠢ ᠶ᠋ᠢ ᠤᠷᠢᠳ ᠵᠢᠡᠷ ᠪᠤᠳᠤᠯᠬᠢᠯᠠᠬᠤ᠂ ᠪᠣᠬᠢᠷᠲᠤᠯ ᠦᠭᠡᠢ ᠬᠦᠭᠵᠢᠬᠦᠯᠬᠦ  ᠎ᠦᠵᠡᠰᠭᠦᠯᠡᠩᠲᠦ ᠰᠠᠢᠬᠠᠨ ᠬᠠᠭᠤᠳᠠᠰᠤ ᠶ᠋ᠢ ᠪᠢᠴᠢᠭ᠌ᠯᠡᠵᠤ ᠢᠷᠡᠵᠡᠢ᠃ ᠡᠨᠡ ᠵᠢᠯ ᠤ᠋ᠨ 8 ᠰᠠᠷ᠎ᠠ ᠳ᠋ᠤ ᠬᠠᠩᠭᠢᠨ ᠬᠣᠢᠲᠤ ᠬᠣᠱᠢᠭᠤᠨ ᠤ᠋ ᠣᠢ ᠱᠢᠭᠤᠶ ᠪᠠ ᠨᠤᠲᠤᠭ ᠪᠡᠯᠴᠢᠭᠡᠷ ᠤ᠋ᠨ ᠲᠣᠪᠴᠢᠶ᠎ᠠ ᠪᠦᠭᠦ᠌ ᠤᠯᠤᠰ ᠤ᠋ᠨ ᠡᠯᠡᠰᠦᠷᠬᠡᠭᠵᠢᠯ ᠢ᠋ ᠰᠡᠷᠭᠡᠢᠯᠡᠨ ᠡᠯᠡᠰᠦ ᠶ᠋ᠢ ᠵᠠᠰᠠᠭ᠍ᠰᠠᠨ ᠲᠡᠷᠢᠭᠦᠨ᠎ᠦ ᠬᠠᠮᠲᠤ ᠨᠡᠢᠲᠡ᠎ᠵᠢᠨ ᠢᠷᠠᠭᠤ ᠠᠯᠳᠠᠷ ᠢ᠋ ᠬᠦᠷᠳᠡᠭᠰᠡᠨ ᠪᠠᠢᠨ᠎ᠠ ᠃

《ᠡᠨᠡ ᠬᠦ᠌ ᠢᠷᠠᠭᠤ ᠠᠯᠳᠠᠷ ᠪᠤᠯ ᠪᠥᠬᠥ᠌ ᠬᠣᠱᠢᠭᠤᠨ ᠤ᠋ ᠠᠷᠠᠳ ᠲᠦᠮᠡᠨ᠎ᠦ ᠬᠢ ᠶᠤᠮ᠃ ᠠᠯᠢ ᠡᠷᠲᠡ 20 ᠳ᠋ᠤᠭᠠᠷ ᠵᠠᠭᠤᠨ ᠤ᠋ ᠵᠢᠷᠠ ᠳᠠᠯᠠᠭᠠᠳ ᠣᠨ ᠤ᠋ ᠦᠶ᠎ᠡ᠎ᠪᠡᠷ ᠬᠣᠱᠢᠭᠤᠨ ᠤ᠋ ᠬᠢᠨ ᠳᠠᠷᠤᠶ ᠡᠯᠡᠰᠦᠷᠬᠡᠭᠵᠢᠯ ᠢ᠋ ᠰᠡᠷᠭᠡᠢᠯᠡᠨ ᠡᠯᠡᠰᠦ ᠶ᠋ᠢ ᠵᠠᠰᠠᠬᠤ ᠠᠵᠢᠯ ᠵᠢᠡᠨ ᠡᠬᠢᠯᠡᠭᠦᠯᠵᠦ᠍᠂ 2000 ᠣᠨ ᠪᠣᠯᠬᠤ ᠳ᠋ᠤ ᠶᠡᠬᠡ ᠬᠡᠪᠴᠢᠶ᠎ᠡ᠎ᠪᠡᠷ ᠮᠣᠳᠣ ᠳᠠᠷᠢᠵᠤ ᠤᠢᠵᠢᠭᠤᠯᠤᠨ᠂ 48.6 ᠺᠢᠯᠣᠮᠧᠲ᠋ᠷ ᠣᠷᠳᠣ᠂ 0.5 ᠺᠢᠯᠣᠮᠧᠲ᠋ᠷ ᠥᠷᠭᠡᠨ ᠲᠠᠷᠢᠶᠠᠨ ᠭᠠᠵᠠᠷ ᠤ᠋ᠨ ᠬᠠᠮᠠᠭᠠᠯᠠᠯᠲᠠ ᠵᠢᠨ ᠣᠶ ᠵᠢᠨ ᠪᠦᠰᠡ ᠪᠣᠯ ᠳᠠᠷᠤᠶ〈 ᠤᠮᠠᠷᠠᠲᠤ ᠵᠢᠨ ᠭᠤᠷᠪᠠᠨ ᠣᠷᠣᠨ〉 ᠤ᠋ ᠢᠨᠵᠧᠨᠧᠷᠢᠩ᠂ ᠪᠡᠭᠡᠵᠢᠩ ᠲᠢᠶᠠᠨᠵᠢᠨ ᠤ᠋ ᠰᠠᠯᠬᠢ ᠡᠯᠡᠰᠦᠨ ᠡᠬᠢ ᠡᠬᠦᠰᠤᠯ᠎ᠢ  ᠵᠠᠰᠠᠬᠤ ᠂ ᠲᠠᠷᠢᠶᠠᠯᠠᠬᠤ ᠎ᠵᠢ ᠵᠤᠭᠰᠤᠭᠠᠵᠤ ᠤᠢᠵᠢᠭᠤᠯᠬᠤ ᠵᠡᠷᠭᠡ᠎ᠵᠢ ᠭᠡᠷᠡᠭᠵᠢᠬᠦᠯᠦᠭᠰᠡᠨ᠎ᠤ ᠦᠷ᠎ᠡ ᠪᠦᠲᠦᠮᠵᠢ ᠮᠥᠨ》 ᠭᠡᠵᠤ ᠬᠠᠩᠭᠢᠨ ᠬᠣᠢᠲᠤ ᠬᠣᠱᠢᠭᠤᠨ ᠤ᠋ ᠣᠶ ᠱᠢᠭᠤᠶ ᠪᠠ ᠨᠤᠲᠤᠭ ᠪᠡᠯᠴᠢᠭᠡᠷ ᠤ᠋ᠨ ᠲᠣᠪᠴᠢᠶ᠎ᠠ ᠵᠢᠨ ᠨᠠᠮ ᠤ᠋ᠨ ᠤᠳᠤᠷᠢᠳᠭᠤ ᠳᠤᠭᠤᠢᠯᠠᠩ ᠤ᠋ᠨ ᠪᠦᠷᠢᠯᠳᠤᠬᠦᠨ᠂ ᠳᠡᠳ᠋ ᠲᠣᠪᠴᠢᠶᠠᠨ ᠳᠠᠷᠤᠭ᠎ᠠ ᠾᠧ ᠫᠸᠩ  ᠰᠤᠷᠪᠤᠯᠵᠢᠯᠠᠭ᠍ᠴᠢ ᠳ᠋ᠤ  ᠲᠠᠨᠢᠯᠴᠠᠭᠤᠯᠵᠤ ᠭᠠᠷᠤᠯ᠎ᠠ᠃

ᠲᠤᠬᠠᠶ ᠵᠢᠨ ᠦᠶ᠎ᠡ ᠵᠢᠨ ᠮᠣᠳᠣ ᠳᠠᠷᠢᠵᠤ ᠣᠢᠵᠢᠭᠤᠯᠬᠤ ᠵᠢᠨ ᠬᠦᠴᠢᠷ ᠪᠡᠷᠬᠡ ᠶ᠋ᠢ ᠡᠷᠭᠢᠴᠡᠭᠦᠯᠬᠦᠶ᠎ᠡ᠂ ᠬᠠᠩᠭᠢᠨ ᠬᠣᠢᠲᠤ ᠬᠣᠱᠢᠭᠤᠨ ᠤ᠋ ᠡᠯᠡᠰᠦᠷᠬᠡᠭᠵᠢᠯ ᠢ᠋ ᠵᠠᠰᠠᠬᠤ ᠥᠷᠲᠡᠭᠡᠨ᠎ᠦ ᠳᠠᠷᠤᠭ᠎ᠠ ᠯᠢ ᠱᠢᠶᠤᠤ ᠵᠤᠪᠠᠯᠠᠡᠭ᠎ᠵᠢᠡᠨ ᠲᠤᠭᠠᠴᠢᠨ᠎ᠠ᠃ ᠲᠠᠷᠠ᠄ 《ᠮᠣᠳᠣ ᠳᠠᠷᠢᠵᠤ ᠣᠢᠵᠢᠭᠤᠯᠬᠤ ᠵᠢᠨ ᠲᠥᠯᠥᠭᠡ᠂ ᠪᠢᠳᠡ ᠡᠯᠡᠰᠦᠨ ᠴᠥᠯ ᠳ᠋ᠤ ᠮᠠᠢᠬᠠᠨ ᠪᠤᠰᠬᠠᠵᠤ᠂ ᠲᠠᠬᠦᠨ᠎ᠵᠢᠡᠨ ᠵᠢᠯᠣᠭᠣᠳᠭᠤ ᠭᠠᠵᠠᠷ ᠪᠣᠯᠭᠠᠨ᠂ ᠱᠢᠷᠣᠶ  ᠲᠦᠯᠬᠢᠬᠦ᠌  ᠮᠠᠱᠢᠨ ᠵᠢᠡᠷ ᠵᠠᠮ ᠭᠠᠷᠭᠠᠵᠤ ᠳᠠᠬᠢᠨ ᠤᠯᠠᠭᠠᠨ ᠱᠢᠷᠣᠶ ᠳᠡᠪᠢᠰᠪᠡᠯ ᠰᠠᠶᠢ ᠬᠥᠮᠦᠨ ᠪᠣᠯᠤᠨ ᠵᠤᠯᠵᠠᠭ᠎ᠠ ᠮᠣᠳᠣ ᠶ᠋ᠢ ᠡᠯᠡᠰᠤᠨ᠎ᠳᠤ ᠣᠷᠣᠭᠤᠯᠵᠤ ᠲᠠᠢᠯᠤᠨ᠎ᠠ᠂ ᠪᠢᠳᠠ ᠬᠣᠭᠣᠯᠠ ᠢᠳᠡᠬᠦ᠌ ᠡᠴᠡ ᠵᠢᠷᠤᠭᠡᠰᠢᠶᠠᠳᠡᠭ᠂ ᠤᠴᠢᠷ ᠶᠠᠭᠤᠨ ᠭᠡᠪᠠᠯ ᠲᠤᠭᠤᠭᠠᠨ ᠡᠴᠡ ᠪᠠᠨ ᠪᠤᠳᠠᠭ᠎ᠠ ᠪᠠᠨ ᠠᠶᠠᠭᠠᠯᠠᠳᠠᠯ᠎ᠠ ᠡᠯᠡᠰᠦ ᠱᠢᠷᠣᠶ ᠭᠡᠢᠰᠤᠨ ᠤᠷᠤᠴᠢᠬᠠᠳᠠᠭ》 ᠭᠡᠨ᠎ᠠ᠃

ᠡᠯᠡᠰᠦ ᠶ᠋ᠢ ᠵᠠᠰᠠᠬᠤ ᠪᠡᠯᠡ ᠣᠷᠣᠭᠤᠯᠤᠯᠲᠠ ᠶᠡᠬᠡ᠂ ᠮᠡᠷᠭᠡᠵᠢᠯ ᠤ᠋ᠨ ᠱᠠᠭᠠᠷᠳᠠᠯᠭ᠎ᠠ ᠥᠨᠳᠥᠷ᠂ ᠵᠤᠯᠵᠠᠭᠠᠠ ᠮᠣᠳᠣᠨ ᠤ᠋ ᠡᠳᠡᠭᠡᠷᠡᠯᠲᠡ ᠵᠢᠨ ᠨᠣᠷᠮ᠎ᠠ ᠳᠣᠣᠷ᠎ᠠ ᠵᠡᠷᠭᠡ ᠬᠦᠴᠢᠷ ᠠᠰᠠᠭᠤᠳᠠᠯ ᠳ᠋ᠤ ᠴᠢᠭ᠌ᠯᠡᠭᠦᠯᠦᠨ᠂ ᠣᠯᠠᠨ ᠵᠢᠯ ᠤ᠋ᠨ ᠲᠤᠷᠰᠢ᠂ ᠬᠠᠩᠭᠢᠨ ᠬᠣᠢᠲᠤ ᠬᠣᠱᠢᠭᠤᠨ ᠤ᠋ ᠣᠶ ᠱᠢᠭᠤᠶ ᠪᠠ ᠨᠤᠲᠤᠭ ᠪᠡᠯᠴᠢᠭᠡᠷ ᠤ᠋ᠨ ᠲᠣᠪᠴᠢᠶ᠎ᠠ᠎ᠵᠢᠨ ᠬᠢᠨ ᠲᠤᠬᠠᠶ ᠵᠢᠨ ᠭᠠᠵᠠᠷ᠎ᠲᠤᠨᠢ ᠣᠢᠵᠢᠭᠤᠯᠬᠤ ᠭᠠᠵᠠᠷ ᠣᠷᠣᠨ ᠢ᠋ ᠬᠠᠢᠨ ᠬᠡᠮᠵᠢᠵᠦ᠍᠂ ᠱᠢᠨᠵᠢᠯᠡᠬᠦ᠌ ᠤᠬᠠᠭᠠᠨᠴᠢ᠎ᠪᠠᠷ ᠲᠥᠯᠥᠪᠵᠢᠭᠦᠯᠦᠨ ᠲᠥᠯᠥᠪᠯᠡᠵᠦ᠍᠂ ᠳᠠᠷᠢᠵᠤ ᠤᠷᠭᠤᠭᠤᠯᠬᠤ ᠨᠢᠭ᠍ᠲᠠᠴᠠ ᠶ᠋ᠢ ᠵᠦᠢ ᠵᠣᠬᠢᠰᠲᠠᠶ ᠪᠠᠢᠷᠢᠱᠢᠭᠤᠯᠤᠨ᠂ ᠬᠤᠳᠳᠤᠭ ᠮᠠᠯᠲᠠᠬᠤ᠂ ᠲᠣᠸ᠋ᠷ ᠵᠢᠡᠷ ᠡᠯᠡᠰᠦ ᠶ᠋ᠢ ᠲᠣᠭ᠍ᠲᠠᠪᠤᠷᠢᠵᠢᠭᠤᠯᠬᠤ᠂ ᠳᠤᠰᠤᠯᠭᠠᠨ ᠤᠰᠤᠯᠠᠬᠤ ᠲᠥᠬᠥᠭᠡᠷᠦᠮᠵᠢ ᠤᠭᠰᠠᠷᠠᠬᠤ ᠵᠡᠷᠭᠡ  ᠠᠷᠭ᠎ᠠ ᠬᠡᠮᠵᠢᠶ᠎ᠡ ᠠᠪᠴᠤ᠌ ᠂ ᠣᠢᠵᠢᠭᠤᠯᠤᠯᠲᠠ ᠵᠢᠨ ᠡᠳᠡᠭᠡᠷᠡᠯᠲᠡ ᠵᠢᠨ ᠨᠣᠷᠮ᠎ᠠ ᠪᠠ ᠬᠠᠳᠠᠭᠠᠯᠠᠯᠲᠠ ᠵᠢᠨ ᠨᠣᠷᠮ᠎ᠠ ᠶ᠋ᠢ ᠳᠡᠭᠡᠭ᠌ᠰᠢᠯᠡᠭᠦᠯᠵᠦ᠍ ᠂ ᠡᠯᠡᠰᠦᠷᠭᠡᠭᠵᠢᠯ ᠢ᠋ ᠰᠡᠷᠭᠡᠢᠯᠡᠨ ᠡᠯᠡᠰᠦ ᠶ᠋ᠢ ᠵᠠᠰᠠᠬᠤ ᠲᠠᠯ᠎ᠠ ᠪᠠᠷ ᠮᠠᠰᠢ ᠰᠠᠢᠨ ᠦᠷ᠎ᠡ ᠪᠦᠲᠦᠮᠵᠢ ᠣᠯᠤᠭ᠍ᠰᠠᠨ ᠪᠠᠢᠨ᠎ᠠ᠃

2019 ᠣᠨ ᠳ᠋ᠤ᠂ ᠬᠠᠩᠭᠢᠨ ᠬᠣᠢᠲᠤ ᠬᠣᠱᠢᠭᠤᠨ ᠤ᠋ ᠣᠶ ᠱᠢᠭᠤᠶ ᠪᠠ ᠨᠤᠲᠤᠭ ᠪᠡᠯᠴᠢᠭᠡᠷ ᠤ᠋ᠨ ᠲᠣᠪᠴᠢᠶ᠎ᠠ᠎ᠵᠢᠨ ᠬᠢᠨ 5000 ᠭᠠᠷᠤᠶ ᠲᠦᠮᠡᠨ ᠲᠥᠭᠥᠷᠢᠭ ᠤ᠋ᠨ ᠱᠢᠷᠭᠤᠯᠵᠢ ᠵᠢᠨ ᠣᠶ ᠵᠢᠨ ᠨᠣᠭᠣᠭᠠᠷᠠᠭᠤᠯᠤᠯᠲᠠ ᠵᠢᠨ ᠰᠠᠭᠤᠷᠢ ᠮᠥᠩᠭᠥᠨ᠎ᠦ ᠲᠥᠷᠥᠯ ᠵᠦᠶ᠋ᠯ ᠢ᠋ ᠴᠢᠷᠮᠠᠢᠨ ᠣᠯᠵᠤ᠂ 9.07 ᠲᠦᠮᠡᠨ ᠮᠤ᠌ ᠵᠢᠨ ᠨᠡᠢᠲᠡ ᠵᠢᠨ ᠠᠰᠠᠷᠠᠮᠵᠢ ᠵᠢᠨ ᠣᠢᠵᠢᠭᠤᠯᠤᠯᠲᠠ ᠶ᠋ᠢ᠎ᠪᠡᠶᠡᠯᠡᠭᠦᠯᠪᠡ᠃《ᠲᠤᠰ ᠲᠥᠷᠥᠯ ᠵᠦᠢᠯ ᠪᠣᠯ ᠪᠦᠬᠦ᠌ ᠤᠯᠤᠰ᠎ᠲᠤ ᠱᠢᠷᠭᠤᠯᠵᠢ ᠵᠢᠨ ᠣᠶ ᠵᠢᠨ ᠲᠥᠷᠥᠯ ᠵᠦᠢᠯ ᠢ᠋ ᠬᠡᠷᠡᠭ᠌ᠵᠢᠭᠦᠯᠦᠭ᠌ᠰᠡᠨ᠎ᠡᠴᠡ ᠨᠠᠭᠠᠰᠢ ᠠᠩᠬ᠎ᠠ ᠤᠳᠠᠭ᠎ᠠ ᠲᠤᠰᠠᠭᠠᠷ ᠨᠢᠭᠡ ᠬᠣᠱᠢᠭᠤ ᠱᠢᠶᠠᠨ ᠢ᠋ ᠵᠢᠭᠠᠨ ᠲᠣᠭ᠍ᠲᠠᠭᠠᠵᠤ  ᠬᠠᠮᠤᠭ ᠤ᠋ᠨ ᠶᠡᠬᠡ ᠵᠠᠯᠭᠠᠯᠳᠤᠭ᠍ᠰᠠᠨ ᠲᠠᠯᠠᠪᠠᠶ ᠵᠢᠨ ᠲᠥᠷᠥᠯ ᠵᠦᠢᠯ ᠤ᠋ᠨ ᠣᠷᠣᠨ ᠢ᠋ ᠪᠡᠶᠡᠯᠡᠭᠦᠯᠦᠭᠰᠡᠨ ᠶᠠᠪᠤᠳᠠᠯ ᠪᠣᠯᠤᠨ᠎ᠠ᠃ ᠣᠢᠵᠢᠭᠤᠯᠤᠯᠲᠠ ᠵᠢᠨ ᠮᠡᠷᠭᠡᠵᠢᠯ ᠪᠣᠯᠪᠠᠰᠤᠷᠠᠩᠭᠤᠶ᠂  ᠪᠣᠭᠣᠮᠲᠠ ᠶ᠋ᠢ ᠴᠢᠩᠭ᠎ᠠ ᠠᠳᠭᠤᠭᠰᠠᠨ᠎ᠤ ᠬᠤᠪᠢ᠎ᠳᠤ᠂ ᠳᠤᠮᠳᠠᠴᠢ ᠡᠳᠡᠭᠡᠷᠡᠯᠲᠡ ᠵᠢᠨ ᠨᠣᠷᠮ᠎ᠠ ᠨᠢ 90%᠎ᠳ᠋ᠤ ᠬᠦᠷᠴᠡᠶ᠂ ᠳᠤᠮᠳᠠᠳᠤ ᠤᠯᠤᠰ ᠤ᠋ᠨ ᠨᠣᠭᠣᠭᠠᠷᠠᠭᠤᠯᠤᠯᠲᠠ ᠵᠢᠨ ᠰᠠᠭᠤᠷᠢ ᠮᠥᠩᠭᠥᠨ᠎ᠦ ᠨᠡᠢᠭᠡᠮᠯᠢᠭ ᠎ᠤᠨ ᠬᠢᠨ ᠲᠤᠰᠭᠠᠢᠯᠠᠨ ᠭᠠᠨᠰᠦ᠂ ᠨᠢᠩᠱᠢᠶᠠ᠂ ᠬᠥᠬᠡᠨᠠᠭᠤᠷ ᠵᠡᠷᠭᠡ ᠭᠠᠵᠠᠷ ᠤ᠋ᠨ ᠬᠥᠮᠦᠰ ᠢ᠋ ᠵᠣᠬᠢᠶᠠᠨ ᠪᠠᠢᠭᠤᠯᠵᠤ ᠮᠠᠨ ᠤ᠋ ᠬᠣᠱᠢᠭᠤᠨ ᠳ᠋ᠤ  ᠢᠷᠠᠵᠤ᠂ ᠲᠤᠬᠠᠶ ᠵᠢᠨ ᠲᠠᠯᠠᠪᠤᠷ ᠤ᠋ᠨ ᠦᠵᠡᠭᠦᠯᠭᠡ ᠵᠢᠨ ᠬᠤᠷᠠᠯ ᠬᠢᠳᠡᠭ》  ᠭᠡᠵᠤ ᠾᠸ ᠫᠸᠩ ᠲᠠᠨᠢᠯᠴᠠᠭᠤᠯᠤᠯ᠎ᠠ ᠃

2020 ᠣᠨ ᠡᠴᠡ ᠨᠠᠭᠠᠰᠢ ᠂ ᠬᠠᠩᠭᠢᠨ ᠬᠣᠢᠲᠤ ᠬᠣᠱᠢᠭᠤᠨ ᠤ᠋ ᠣᠶ ᠱᠢᠭᠤᠶ ᠪᠠ ᠨᠤᠲᠤᠭ ᠪᠡᠯᠴᠢᠭᠡᠷ ᠤ᠋ᠨ ᠲᠣᠪᠴᠢᠶ᠎ᠠ ᠎ᠵᠢᠨ ᠬᠢᠨ ᠠᠵᠤ ᠦᠢᠯᠡᠰ ᠵᠢᠡᠷ ᠡᠯᠡᠰᠦ ᠶ᠋ᠢ ᠵᠠᠰᠠᠬᠤ ᠶ᠋ᠢ ᠶᠡᠬᠡ᠎ᠪᠡᠷ ᠬᠡᠷᠡᠭ᠌ᠵᠢᠭᠦᠯᠵᠦ᠍᠂ ᠭᠠᠵᠠᠷ ᠱᠢᠷᠣᠶ᠎ᠪᠠᠷ ᠬᠤᠪᠢ ᠣᠷᠣᠭᠤᠯᠬᠤ ᠬᠡᠯᠪᠡᠷᠢ᠎ᠪᠡᠷ ᠡᠮ ᠤ᠋ᠨ ᠮᠠᠲ᠋ᠧᠷᠢᠶᠠᠯ ᠦᠶ᠋ᠯᠡᠳᠪᠦᠷᠢᠯᠡᠬᠦ᠌ ᠠᠵᠤ ᠠᠬᠤᠢᠯᠠᠯ ᠢ᠋ ᠣᠷᠣᠭᠤᠯᠤᠨ ᠠᠪᠴᠢᠷᠠᠵᠤ᠂ ᠣᠶ ᠲᠤᠳᠤᠷᠠᠬᠢ ᠠᠵᠤ ᠠᠬᠤᠶ᠂ ᠡᠮ ᠤ᠋ᠨ ᠮᠠᠲ᠋ᠧᠷᠢᠶᠠᠯ ᠬᠤᠸᠠᠷ ᠴᠡᠴᠡᠭ᠂ ᠴᠢᠬᠢ ᠪᠣᠢᠵᠢᠭᠤᠯᠵᠤ ᠡᠭᠦᠯᠳᠡᠷ ᠪᠣᠢᠵᠢᠭᠤᠯᠬᠤ ᠵᠡᠷᠭᠡ ᠣᠯᠠᠨ ᠵᠦᠶ᠋ᠯ ᠤ᠋ᠨ ᠢᠨᠵᠧᠨᠧᠷᠢᠩ ᠢ᠋ ᠭᠡᠷᠡᠭᠵᠢᠬᠦᠯᠵᠤ᠂ ᠪᠣᠳᠠ ᠮᠣᠳᠣᠨ ᠤ᠋ ᠲᠥᠷᠥᠯ ᠵᠡᠷᠭᠡ ᠪᠠᠷ ᠭᠣᠸ᠋ᠯ ᠪᠣᠯᠭᠠᠭ᠍ᠰᠠᠨ 16 ᠵᠦᠶ᠋ᠯ ᠤ᠋ᠨ ᠬᠢᠲᠠᠳ ᠡᠪᠡᠰᠦᠨ ᠡᠮ ᠤ᠋ᠨ ᠲᠥᠷᠥᠯ ᠵᠦᠶ᠋ᠯ ᠢ᠋  ᠳᠠᠷᠢᠵᠤ᠂ ᠲᠠᠷᠢᠬᠰᠠᠨ ᠲᠠᠯᠠᠪᠠᠶ 2000 ᠭᠠᠷᠤᠶ ᠮᠤ᠌ ᠳ᠋ᠤ ᠬᠦᠷᠴᠤ᠂ ᠡᠷᠬᠢᠨ ᠲᠣᠭᠣᠷᠢᠨ ᠤ᠋ ᠲᠠᠷᠢᠶᠠᠴᠢᠳ ᠢ᠋ ᠬᠥᠲᠥᠯᠦᠨ ᠳᠠᠭᠠᠭᠤᠯᠵᠤ  ᠠᠵᠤ ᠦᠶ᠋ᠯᠡᠰ ᠤ᠋ᠨ ᠪᠦᠲᠦᠴᠡ ᠵᠢᠨ ᠲᠣᠬᠢᠷᠠᠭᠤᠯᠤᠯᠲᠠ ᠶ᠋ᠢ ᠲᠦᠷᠭᠡᠳᠭᠡᠨ᠂ ᠲᠠᠳᠠᠨᠠᠷ᠎ᠤᠨ ᠤᠷᠤᠯᠭ᠎ᠠ᠎ᠵᠢ ᠨᠡᠮᠡᠭᠳᠡᠬᠦᠯᠪᠠ; ᠬᠣᠢᠲᠤ ᠲᠡᠭᠦᠷᠭᠡ ᠵᠢᠨ ᠨᠤᠭᠤ ᠭᠠᠵᠠᠷ᠂ ᠳ᠋ᠦᠩᠹᠸᠩ ᠤᠢ ᠱᠢᠭᠤᠶ ᠵᠢᠨ ᠲᠠᠯᠠᠪᠠᠢ ᠵᠢᠴᠢ ᠴᠢᠶᠠᠨ ᠵᠢᠨ ᠲᠦᠮᠡᠨ ᠮᠤ᠌ ᠵᠢᠨ ᠠᠯᠢᠮ᠎ᠠ ᠵᠢᠨ ᠬᠦᠷᠢᠶᠡᠯᠡᠩ ᠢ᠋ ᠪᠦᠲᠦᠮᠵᠢᠲᠡᠶ᠎ᠪᠡᠷ ᠨᠡᠢᠳᠭᠡᠵᠤ᠂ ᠡᠯᠡᠰᠦ ᠮᠠᠩᠬᠠᠨ ᠤ᠋ ᠵᠤᠭ᠎ᠠ ᠴᠡᠩᠭᠡᠯ᠂ ᠡᠯᠡᠰᠦ ᠮᠠᠩᠬᠠᠨ ᠤ᠋ ᠪᠠᠷᠲᠠᠭ᠎ᠠ ᠱᠢᠨᠵᠢᠯᠡᠯ᠂ ᠨᠤᠭᠤ ᠭᠠᠵᠠᠷ᠎ᠵᠢᠡᠷ ᠲᠣᠭᠣᠷᠢᠨ ᠵᠢᠭᠤᠯᠴᠢᠯᠠᠬᠤ᠂ ᠨᠡᠭᠦᠳᠡᠯ ᠤ᠋ᠨ ᠱᠢᠪᠠᠭᠤᠳ ᠢ᠋ ᠰᠣᠨᠢᠷᠬᠠᠬᠤ᠂ ᠠᠯᠢᠮ᠎ᠠ ᠵᠢᠨ ᠬᠦᠷᠢᠶᠡᠯᠡᠩ ᠵᠢᠡᠷ ᠵᠢᠮᠢᠰ ᠲᠡᠭᠦᠬᠦ᠌ ᠶ᠋ᠢ ᠨᠢᠭᠡ ᠴᠤᠭ᠍ᠴᠠᠵᠢᠭᠤᠯᠤᠭ᠍ᠰᠠᠨ ᠠᠮᠢ ᠠᠬᠤᠶ ᠵᠢᠨ ᠪᠣᠬᠢᠷᠲᠤᠯ ᠦᠭᠡᠢ ᠵᠢᠭᠤᠯᠴᠢᠯᠠᠯ ᠤ᠋ᠨ ᠰᠠᠭᠤᠷᠢᠨ ᠢ᠋ ᠪᠠᠢᠭᠤᠯᠤᠭ᠍ᠰᠠᠨ ᠪᠥᠭᠡᠳ 4.8 ᠺᠢᠯᠣᠮᠧᠲ᠋ᠷ ᠤ᠋ᠨ ᠤᠢ ᠱᠢᠭᠤᠶ ᠵᠢᠨ ᠡᠷᠡᠭᠦᠯᠵᠢᠯ ᠤ᠋ᠨ ᠵᠠᠮ ᠪᠠ 8.7 ᠺᠢᠯᠣᠮᠧᠲ᠋ᠷ ᠤ᠋ᠨ ᠠᠵᠤ ᠦᠢᠯᠡᠰ ᠤ᠋ᠨ ᠵᠠᠮ ᠤ᠋ᠨ ᠪᠦᠳᠦᠭᠡᠨ ᠪᠠᠢᠭᠤᠯᠤᠯᠲᠠ ᠶ᠋ᠢ ᠲᠡᠭᠦᠯᠳᠡᠷᠵᠢᠭᠦᠯᠵᠦ᠍᠂ ᠬᠤᠳᠠ ᠵᠢᠨ ᠠᠷᠠᠳ ᠤ᠋ᠨ ᠲᠡᠷᠭᠡ ᠵᠢᠯᠤᠭᠤᠳᠴᠤ ᠴᠢᠯᠥᠭᠡᠲᠡᠶ᠎ᠪᠡᠷ ᠣᠷᠣᠵᠤ ᠭᠠᠷᠬᠤ ᠪᠠ ᠲᠣᠬᠢᠷᠠᠮᠵᠢᠲᠠᠶ ᠴᠠᠭ᠎ᠲᠤ ᠵᠢᠮᠢᠰ ᠲᠡᠭᠦᠬᠦ᠌ ᠳ᠋ᠤ ᠲᠦᠬᠦᠮ ᠦᠵᠡᠭᠦᠯᠪᠡ᠃

2022 ᠣᠨ ᠳ᠋ᠤ᠂ ᠬᠠᠩᠭᠢᠨ ᠬᠣᠢᠲᠤ ᠬᠣᠱᠢᠭᠤᠨ ᠤ᠋ ᠣᠶ ᠱᠢᠭᠤᠶ ᠪᠠ ᠨᠤᠲᠤᠭ ᠪᠡᠯᠴᠢᠭᠡᠷ ᠤ᠋ᠨ ᠲᠣᠪᠴᠢᠶ᠎ᠠ ᠪᠠᠰᠠ ᠪᠠᠷᠠᠭᠤᠨ ᠬᠣᠢᠲᠤ ᠵᠢᠨ ᠲᠠᠷᠢᠶᠠᠯᠠᠩ ᠣᠶ ᠱᠢᠭᠤᠶ ᠵᠢᠨ ᠶᠡᠬᠡ ᠰᠤᠷᠭᠠᠭᠤᠯᠢ ᠵᠢᠨ ᠬᠠᠮᠤᠭ ᠤ᠋ᠨ ᠱᠢᠨ᠎ᠡ ᠠᠵᠤ ᠠᠬᠤᠶ ᠵᠢᠨ ᠣᠶ ᠵᠠᠢᠯᠠᠬᠤ ᠵᠠᠭ᠍ᠪᠤᠷ ᠢ᠋ ᠣᠷᠣᠭᠤᠯᠤᠨ ᠠᠪᠴᠢᠷᠠᠵᠤ᠂ 2000 ᠭᠠᠷᠤᠶ ᠮᠥ᠍ ᠥᠨᠳᠥᠷ ᠪᠠᠷᠢᠮᠵᠢᠶᠠᠲᠤ ᠠᠵᠤ ᠠᠬᠤᠶ ᠵᠢᠨ ᠣᠶ ᠶ᠋ᠢ ᠱᠢᠨ᠎ᠡ᠎ᠪᠡᠷ ᠪᠠᠢᠭᠤᠯᠤᠨ᠂ ᠲᠤᠬᠠᠶ ᠵᠢᠨ ᠭᠠᠵᠠᠷ ᠤ᠋ᠨ ᠠᠵᠤ ᠠᠬᠤᠶ ᠵᠢᠨ ᠣᠶ ᠵᠢᠨ ᠠᠵᠤ ᠦᠶ᠋ᠯᠡᠰ ᠤ᠋ᠨ ᠬᠥᠭ᠌ᠵᠢᠯᠲᠡ ᠶ᠋ᠢ ᠶᠡᠬᠡ᠎ᠪᠡᠷ ᠠᠬᠢᠭᠤᠯᠪᠠ᠃ ᠣᠳᠣᠬᠠᠨ ᠳ᠋ᠤ ᠨᠢᠭᠡᠨᠲᠡ 500 ᠲᠣᠨ ᠤ᠋ ᠬᠦᠢᠳᠡᠨ ᠬᠥᠮᠥᠷᠭᠡ 2᠂ ᠵᠢᠵᠢᠭ ᠬᠡᠯᠪᠡᠷᠢ ᠵᠢᠨ ᠬᠦᠢᠳᠡᠨ ᠬᠥᠮᠥᠷᠭᠡ 16᠂ 1 ᠲᠦᠮᠡᠨ ᠲᠡᠭ᠌ᠰᠢ ᠳᠥᠷᠪᠡᠯᠵᠢᠨ ᠮᠧᠲ᠋ᠷ ᠲᠠᠯᠠᠪᠠᠢ᠎ᠲᠠᠶ ᠵᠢᠮᠢᠰ ᠬᠠᠳᠠᠭᠠᠯᠠᠬᠤ᠂ ᠪᠣᠷᠣᠯᠠᠭᠤᠯᠬᠤ ᠠᠷᠠᠯᠵᠢᠶᠠᠯᠠᠬᠤ ᠲᠥᠪᠯᠡᠷᠡᠭᠦᠯᠦᠨ ᠲᠠᠷᠬᠠᠭᠠᠬᠤ ᠲᠥᠪ ᠪᠠ 600 ᠲᠡᠭ᠌ᠰᠢ ᠳᠥᠷᠪᠡᠯᠵᠢᠨ ᠮᠧᠲ᠋ᠷ ᠲᠠᠯᠠᠪᠠᠢ᠎ᠲᠠᠶ ᠠᠵᠤ ᠠᠬᠤᠶ ᠵᠢᠨ ᠤᠢ ᠵᠢᠨ ᠲᠤᠷᠱᠢᠯᠲᠠ ᠵᠢᠨ ᠵᠢᠱ᠌ᠢᠶ᠎ᠡ ᠦᠵᠡᠭᠦᠯᠬᠦ᠌ ᠰᠠᠭᠤᠷᠢᠨ ᠢ᠋ ᠪᠠᠢᠭᠤᠯᠵᠤ᠂ ᠤᠢ ᠱᠢᠭᠤᠶ ᠵᠢᠨ ᠦᠢᠯᠡᠰ ᠤ᠋ᠨ ᠦᠷ᠎ᠡ ᠠᠱᠢᠭ ᠢ᠋ ᠨᠡᠮᠡᠭ᠌ᠳᠡᠭᠦᠯᠬᠦ᠂ ᠠᠵᠤ ᠦᠢᠯᠡᠰ ᠵᠢᠡᠷ ᠠᠷᠠᠳ ᠢ᠋ ᠪᠠᠶᠠᠵᠢᠭᠤᠯᠬᠤ᠂ ᠠᠮᠢ ᠠᠬᠤᠶ᠎ᠪᠠᠷ ᠡᠯᠡᠰᠦ ᠶ᠋ᠢ ᠲᠣᠭ᠍ᠲᠠᠪᠤᠷᠢᠵᠢᠭᠤᠯᠬᠤ ᠰᠠᠢ᠌ᠨ ᠬᠥᠭ᠌ᠵᠢᠯᠲᠡ ᠵᠢᠨ ᠵᠠᠮ ᠢ᠋ ᠨᠡᠭᠡᠭᠡᠵᠡᠶ᠃

ᠡᠨᠡ ᠵᠢᠯ᠂ ᠬᠠᠩᠭᠢᠨ ᠬᠣᠢᠲᠤ ᠬᠣᠱᠢᠭᠤᠨ ᠤ᠋ ᠬᠢᠨ 3000 ᠮᠥ᠍ ᠬᠥᠮᠦᠨ᠎ᠦ ᠬᠦᠴᠦ᠍᠎ᠪᠡᠷ ᠣᠢᠵᠢᠭᠤᠯᠬᠤ ᠡᠭᠦᠷᠭᠡ ᠪᠠᠭᠤᠯᠭᠠᠵᠤ᠂ ᠣᠳᠣᠬᠠᠨ ᠳ᠋ᠤ ᠨᠢᠭᠡᠨᠲᠡ 5863 ᠮᠥ᠍ ᠤᠢᠵᠢᠭᠤᠯᠤᠨ᠂ 6000 ᠮᠥ᠍ ᠴᠠᠭᠠᠨ ᠭᠣᠶᠣᠣ  ᠵᠡᠷᠭᠡ᠎ᠵᠢ ᠳᠠᠷᠢᠵᠤ᠂ ᠡᠭᠦᠷᠭᠡ ᠪᠡᠨ ᠲᠠᠪᠠᠭᠤᠯᠤᠨ ᠪᠠᠶᠠᠯᠠᠬᠦᠯᠦᠭᠰᠡᠨ ᠪᠠᠢᠨ᠎ᠠ᠃ 《ᠵᠦᠪᠬᠡᠨ ᠬᠦᠴᠦ᠍ ᠬᠥᠯᠥᠰᠥ᠎ᠤᠷᠤᠰᠬᠠᠪᠠᠯ ᠰᠠᠶᠢ ᠡᠯᠪᠡᠭ ᠬᠤᠷᠢᠶᠠᠯᠲᠠ ᠤᠯᠵᠤ ᠴᠢᠳᠠᠨ᠎ᠠ᠂ ᠰᠢᠷᠭᠠᠭᠤ ᠠᠵᠢᠯᠯᠠᠪᠠᠯ ᠰᠠᠶᠢ ᠵᠠᠯᠠᠭᠤ ᠨᠠᠰᠤ᠎ᠪᠠᠨ ᠲᠠᠯᠠᠭᠠᠷ ᠦᠩᠭᠡᠷᠡᠭᠦᠯᠬᠦ ᠦᠭᠡᠢ ᠪᠠᠢᠵᠤ ᠴᠢᠳᠠᠨ᠎ᠠ᠂ ᠮᠠᠨ ᠤ᠋ ᠲᠣᠪᠴᠢᠢ᠎ᠠ ᠴᠥᠬᠥᠷᠡᠰᠢ ᠦᠭᠡᠢ᠎ᠪᠡᠷ ᠮᠣᠳᠣ ᠲᠠᠷᠢᠵᠤ ᠣᠢᠵᠢᠭᠤᠯᠤᠨ᠂ ᠡᠯᠡᠰᠦᠷᠬᠡᠭᠵᠢᠯ ᠢ᠋ ᠰᠡᠷᠭᠡᠢᠯᠡᠨ ᠡᠯᠡᠰᠦ ᠶ᠋ᠢ ᠵᠠᠰᠠᠵᠤ᠂ ᠠᠮᠢ ᠠᠬᠤᠢ ᠶ᠋ᠢ ᠬᠥᠭ᠌ᠵᠢᠭᠦᠯᠤᠨ᠂ ᠤᠳᠠᠭᠠᠨ ᠲᠠᠭᠠᠭᠠᠮᠠᠭᠠᠢ ᠴᠢᠷᠮᠠᠢᠯᠭ᠎ᠠ᠎ᠪᠠᠷ ᠡᠯᠡᠰᠦ ᠮᠠᠩᠬ᠎ᠠ ᠶ᠋ᠢ ᠨᠤᠭᠤᠭᠠᠷᠠᠭᠤᠯᠵᠤ ᠠᠮᠢ ᠠᠬᠤᠢ᠎ᠵᠢ ᠰᠠᠢᠵᠢᠷᠠᠭᠤᠯᠤᠨ᠂ ᠡᠭᠡ ᠤᠯᠤᠰ ᠤ᠋ᠨ ᠤᠮᠠᠷᠠᠲᠤ ᠵᠢᠨ ᠨᠤᠮᠢᠨ ᠨᠤᠭᠤᠭᠠᠨ ᠠᠮᠢ ᠠᠬᠤᠢ ᠵᠢᠨ ᠬᠠᠯᠬᠠᠪᠴᠢ ᠶ᠋ᠢ ᠪᠠᠳᠤ ᠴᠤᠭᠴᠠᠯᠠᠬᠤ ᠳ᠋ᠤ ᠤᠶᠤᠨ ᠤᠬᠠᠭᠠᠨ ᠪᠠ ᠬᠦᠴᠦᠨ ᠴᠢᠳᠠᠯ ᠵᠢᠡᠨ ᠡᠷᠭᠦᠨ᠎ᠡ》 ᠭᠡᠵᠦ᠍ ᠡᡁᠸ ᠫᠸᠩ ᠬᠠᠷᠠᠯᠳᠠ ᠵᠤᠷᠢᠯᠳᠠ ᠪᠠᠨ ᠲᠤᠳᠤᠷᠠᠭᠤᠯᠤᠨ ᠡᠷᠴᠢ ᠵᠤᠷᠢᠭ᠎ᠵᠢᠡᠨ ᠬᠦᠪᠴᠢᠯᠡᠨ᠎ᠠ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号