《ᠡᠯᠡᠰᠦ ᠮᠠᠩᠬ᠎ᠠ ᠨᠢ ᠪᠢᠳᠡᠨ᠎ᠤ 〈ᠨᠤᠭᠤᠭᠠᠨ ᠪᠠᠩᠬᠢ〉 ᠪᠣᠯᠤᠯ᠎ᠠ》
2023-10-24 11:04:52
ᠵᠣᠬᠢᠶᠠᠭ᠍ᠴᠢ᠄
ᠸᠠᠩ ᠢᠦᠶ ᠵᠦᠸᠸ
ᠣᠩᠱᠢᠭ᠍ᠰᠠᠨ ᠣᠳᠠᠭ᠎ᠠ᠄
★★★☆☆

ᠨᠢᠭᠡ ᠵᠢᠯ᠎ᠦᠨ ᠬᠠᠮᠤᠭ᠎ᠤᠨ ᠭᠤᠶᠤ ᠦᠵᠡᠮᠵᠢ ᠵᠢ᠎ᠠᠯᠲᠠᠨ ᠰᠢᠷᠭᠠᠯ ᠨᠠᠮᠤᠷ ᠲᠤ᠌ ᠤᠯᠵᠤ ᠬᠠᠷᠠᠬᠤ ᠨᠢ ᠡ᠃ ᠨᠢᠳᠦ ᠢᠷᠮᠡᠬᠦ᠌᠎ᠶ᠋ᠢᠨ ᠵᠠᠭᠤᠷ᠎ᠠ ᠬᠠᠯᠠᠭᠤᠨ ᠵᠤᠨ ᠦᠩᠬᠡᠷᠡᠨ ᠤᠳᠴᠤ ᠰᠢᠷᠭᠠᠯ ᠨᠠᠮᠤᠷ᠎ᠤᠨ ᠦᠵᠡᠮᠵᠢ ᠪᠦᠷᠢᠳᠦᠯ᠎ᠡ᠃ ᠣᠷᠳᠣᠰ ᠬᠣᠲᠠ᠎ᠶ᠋ᠢᠨ ᠬᠠᠩᠭᠢᠨ ᠬᠣᠱᠢᠭᠤᠨ᠎ᠤ ᠳᠠᠭᠤᠲᠤ ᠭᠠᠴᠠᠭᠠᠨ᠎ᠤ ᠳᠠᠭᠤᠲᠤ ᠨᠠᠭᠤᠷ ᠮᠠᠯᠴᠢᠳ᠎ᠤᠨ ᠱᠢᠨ᠎ᠡ ᠲᠣᠰᠭᠣᠨ᠎ᠤ ᠮᠠᠯᠴᠢᠨ ᠮᠥᠩᠬᠡᠳᠠᠯᠠᠢ᠎ᠵᠢᠨ ᠬᠢᠨ ᠪᠠᠰᠠ ᠨᠢᠬᠡ ᠤᠳᠠᠭ᠎ᠠ ᠵᠢᠨ ᠡᠯᠪᠡᠭ ᠬᠤᠷᠢᠶᠠᠯᠳᠠ ᠵᠢᠨ ᠤᠯᠠᠷᠢᠯ᠎ᠢᠶᠡᠨ ᠤᠬᠳᠤᠯ᠎ᠠ᠃

ᠰᠠᠶᠢᠬᠠᠨ ᠥᠩᠭᠡᠷᠡᠭ᠌ᠰᠡᠨ ᠤᠯᠤᠰ᠎ᠤᠨ ᠪᠠᠶᠠᠷ ᠪᠣᠯᠤᠨ ᠨᠠᠢ᠍ᠮᠠᠨ ᠰᠠᠷ᠎ᠠ᠎ᠶ᠋ᠢᠨ ᠲᠡᠷᠭᠡᠯ ᠪᠠᠶᠠᠷ᠎ᠤᠨ ᠬᠤᠭᠤᠴᠠᠭᠠᠨ᠎ᠳᠤ ᠪᠦᠬᠦ᠌ ᠤᠯᠤᠰ᠎ᠤᠨ ᠡᠯ᠎ᠡ ᠭᠠᠵᠠᠷ᠎ᠡᠴᠡ ᠬᠦᠷᠦᠯᠴᠡᠨ ᠢᠷᠡᠭ᠌ᠰᠡᠨ ᠵᠢᠭᠤᠯᠴᠢᠯᠠᠭ᠍ᠰᠠᠳ ᠬᠦᠪᠴᠢ ᠵᠢᠨ ᠡᠯᠡᠰᠦ ᠪᠡᠷ ᠲᠤᠭᠤᠷᠢᠵᠤ᠂ ᠮᠥᠩᠬᠡᠳᠠᠯᠠᠢ ᠡᠳᠦᠷ ᠪᠦᠷᠢ 200 ᠭᠠᠷᠤᠢ ᠵᠢᠭᠤᠯᠴᠢᠯᠠᠭ᠍ᠰᠠᠳ᠎ᠢ ᠵᠤᠴᠢᠯᠠᠵᠤ᠂ ᠶᠠᠭᠠᠷᠠᠵᠤ ᠵᠦᠳᠡᠷᠡᠭᠰᠡᠨ ᠴᠤ᠌ ᠲᠡᠭᠦᠨ᠎ᠦ ᠣᠷᠣᠯᠭ᠎ᠠ ᠨᠢ ᠡᠳᠦᠷ᠎ᠡᠴᠡ ᠡᠳᠦᠷ ᠨᠡᠮᠡᠭ᠌ᠳᠡᠯ᠎ᠡ᠃ ᠲᠡᠷᠡ ᠪᠡᠷ ᠬᠥᠪᠴᠢ᠎ᠶ᠋ᠢᠨ ᠡᠯᠡᠰᠦ᠎ᠶ᠋ᠢᠨ ᠵᠠᠰᠠᠯᠲᠠ ᠡᠴᠡ ᠠᠰᠢᠭ ᠲᠤᠰᠠ᠎ᠬᠦᠷᠳᠡᠭᠰᠡᠨ᠎ᠢᠶᠡᠷ ᠪᠠᠷᠠᠬᠤ ᠦᠬᠡᠢ ᠲᠡᠬᠦᠨ᠎ᠢ ᠪᠠᠬᠳᠠᠭᠠᠬᠰᠠᠨ ᠡᠨᠳᠡᠬᠢ ᠮᠠᠯᠴᠢᠳ᠎ᠲᠤ ᠰᠠᠢ᠌ᠨ ᠰᠠᠢᠬᠠᠨ ᠠᠮᠢᠳᠤᠷᠠᠯ᠎ᠢ ᠡᠳ᠋ᠯᠡᠭᠦᠯᠪᠡ᠃

30 ᠵᠢᠯ᠎ᠦᠨ ᠡᠮᠦᠨᠡᠬᠢ ᠬᠥᠪᠴᠢ᠎ᠵᠢᠨ ᠡᠯᠡᠰᠦᠨ᠎ᠳᠦ ᠤᠰᠤ ᠴᠠᠬᠢᠯᠭᠠᠨ ᠳᠤᠲᠠᠭ᠍ᠳᠠᠵᠤ᠂ ᠵᠠᠮ ᠨᠡᠪᠲᠡᠷᠡᠬᠦ ᠦᠭᠡᠢ᠂ ᠡᠨᠳᠡ ᠠᠮᠢᠳᠤᠷᠠᠵᠤ ᠪᠠᠢᠭ᠍ᠰᠠᠨ ᠮᠠᠯᠴᠢᠨ ᠲᠠᠷᠢᠶᠠᠴᠢᠨ ᠰᠠᠯᠬᠢ ᠡᠯᠡᠰᠦᠨ᠎ᠦ ᠬᠤᠤᠷ᠎ᠢ ᠬᠠᠱᠢᠷᠠᠲᠠᠯ᠎ᠠ ᠠᠮᠰᠠᠪᠠ᠃ ᠬᠡᠳᠦᠨ ᠠᠷᠪᠠᠨ ᠵᠢᠯ᠎ᠦᠨ ᠵᠠᠰᠠᠯᠲᠠ᠎ᠪᠠᠷ ᠳᠠᠮᠵᠢᠨ ᠡᠳᠦᠭᠡ ᠡᠨᠳᠡᠬᠢ ᠡᠯᠡᠰᠦ ᠮᠠᠩᠬ᠎ᠠ ᠨᠢ ᠨᠣᠭᠣᠭᠠᠨ ᠪᠦᠷᠢᠳᠦ ᠪᠤᠯᠵᠤ᠂ ᠠᠭᠤᠳᠠᠮ ᠴᠦᠯ ᠨᠢ ᠳᠠᠷᠳᠠᠩ ᠵᠠᠮ ᠪᠤᠯᠵᠤ᠂ ᠡᠯᠡᠰᠦᠨ᠎ᠦ ᠠᠵᠤ ᠦᠢᠯᠡᠰ ᠥᠷᠨᠢᠩᠭᠦᠢ ᠬᠥᠭ᠌ᠵᠢᠪᠡ᠃

ᠥᠩᠭᠡᠷᠡᠭ᠌ᠰᠡᠨ᠎ᠢᠶᠡᠨ ᠡᠷᠭᠢᠴᠡᠭᠦᠯᠬᠦᠶ᠎ᠡ ᠬᠡᠳᠦᠢ ᠪᠡᠷᠬᠡ ᠬᠠᠳᠠᠭᠤᠵᠢᠯᠳᠠᠢ ᠪᠠᠢᠬᠰᠠᠨ᠎ᠢ ᠶᠠᠭᠤᠨ ᠦᠬᠦᠯᠡᠬᠦ ᠠᠵᠢ᠃ 2006 ᠣᠨ᠎ᠳᠤ ᠪᠡᠯᠴᠢᠬᠡᠷ᠎ᠤᠨ ᠲᠠᠭᠠᠭᠠᠴᠠ ᠡᠴᠡ ᠨᠢ ᠬᠡᠳᠦᠷᠠᠳᠠᠯ᠎ᠠ ᠮᠠᠯᠵᠢᠭ᠍ᠰᠠᠨ᠎ᠡᠴᠡ ᠪᠤᠯᠵᠤ ᠭᠠᠴᠠᠭᠠᠨ᠎ᠤ ᠠᠮᠢ ᠠᠬᠤᠢ ᠣᠷᠴᠢᠨ ᠲᠣᠭᠣᠷᠢᠨ ᠦᠷᠭᠦᠯᠵᠢᠯᠡᠨ ᠮᠠᠭᠤᠳᠠᠵᠤ᠂ ᠮᠥᠩᠬᠡᠳᠠᠯᠠᠢ ᠨᠤᠲᠤᠭ᠎ᠤᠨ ᠠᠬ᠎ᠠ ᠳᠡᠭᠦᠦ᠍᠎ᠨᠡᠷ᠎ᠲᠡᠶ᠎ᠪᠡᠨ ᠳᠠᠭᠤᠲᠤ ᠨᠠᠭᠤᠷ᠎ᠮᠠᠯᠴᠢᠳ᠎ᠤᠨ ᠱᠢᠨ᠎ᠡ ᠲᠣᠰᠭᠣᠨ᠎ᠳᠤ ᠨᠡᠭᠦᠵᠤ ᠤᠴᠢᠪᠠ᠃ ᠤᠤᠯ᠎ᠤᠨ ᠰᠠᠭᠤᠭ᠎ᠠ ᠭᠠᠵᠠᠷ᠎ᠲᠤ ᠪᠡᠯᠴᠢᠭᠡᠷᠯᠡᠭᠦᠯᠬᠦ᠌᠎ᠶ᠋ᠢ ᠴᠠᠭᠠᠵᠠᠯᠠᠬᠤ᠎ᠶ᠋ᠢ ᠬᠡᠷᠡᠭ᠌ᠵᠢᠭᠦᠯᠵᠦ᠍᠂ 4 ᠲᠦᠮᠡᠨ ᠮᠦ᠍ ᠪᠡᠯᠴᠢᠭᠡᠷ ᠪᠠ ᠡᠯᠡᠰᠦᠷᠬᠡᠭ ᠭᠠᠵᠠᠷ᠎ᠢ ᠰᠤᠯᠠᠯᠠᠨ ᠭᠠᠷᠭᠠᠵᠤ ᠠᠮᠢ ᠠᠬᠤᠢ᠎ᠶ᠋ᠢ ᠰᠡᠷᠭᠦᠭᠡᠪᠡ᠃ ᠳᠠᠭᠤᠲᠤ ᠨᠠᠭᠤᠷ ᠮᠠᠯᠴᠢᠳ᠎ᠤᠨ ᠱᠢᠨ᠎ᠡ ᠲᠣᠰᠭᠣᠨ᠎ᠳᠤ ᠨᠡᠭᠦᠵᠦ᠍ ᠣᠴᠢᠭ᠍ᠰᠠᠨ ᠮᠠᠯᠴᠢᠨ ᠲᠠᠷᠢᠶᠠᠴᠢᠳ᠎ᠤᠨ ᠣᠯᠠᠩᠬᠢ ᠨᠢ ᠭᠠᠵᠠᠷ ᠳᠠᠭᠠᠭᠠᠴᠢᠯᠠᠨ ᠮᠣᠳᠣ ᠲᠠᠷᠢᠵᠤ᠂ ᠡᠯᠡᠰᠦ᠎ᠶ᠋ᠢ ᠵᠠᠰᠠᠬᠤ᠎ᠳᠤ ᠣᠷᠣᠯᠴᠠᠵᠠᠢ᠃ ᠬᠠᠷᠢᠨ ᠰᠡᠴᠡᠨ ᠰᠡᠷᠭᠦᠯᠡᠩ ᠮᠥᠩᠬᠡᠳᠠᠯᠠᠢ ᠱᠢᠨ᠎ᠡ ᠠᠷᠠᠯᠵᠢᠶᠠᠨ᠎ᠤ ᠠᠵᠠ ᠲᠣᠬᠢᠶᠠᠯ᠎ᠢ ᠣᠯᠵᠤ ᠦᠵᠡᠵᠦ᠂ ᠭᠠᠴᠠᠭ᠎ᠠ᠎ᠳᠠᠭᠠᠨ ᠴᠤᠷ᠎ᠤᠨ ᠭᠠᠭ᠍ᠴᠠ ᠬᠣᠭᠣᠯᠠᠨ ᠭᠡᠷ ᠨᠡᠭᠡᠭᠡᠭᠰᠡᠨ ᠬᠦᠮᠦᠨ ᠪᠠᠢᠵᠤ᠂ ᠮᠥᠨ ᠴᠦ᠍ ᠭᠠᠴᠠᠭᠠᠨ᠎ᠤ ᠪᠠᠨ ᠠᠩᠬᠠᠳᠠᠭ᠍ᠴᠢ ᠲᠠᠷᠢᠶᠠᠴᠢᠨ ᠠᠢᠯ᠎ᠤᠨ ᠵᠢᠭᠤᠯᠴᠢᠯᠠᠯ᠎ᠤᠨ ᠭᠠᠵᠠᠷ᠎ᠢ ᠡᠷᠬᠢᠯᠡᠵᠡᠢ᠃ ᠲᠡᠭᠦᠨ᠎ᠡᠴᠡ ᠬᠣᠢᠰᠢ ᠮᠥᠩᠬᠡᠳᠠᠯᠠᠢ ᠮᠠᠯᠴᠢᠳ᠎ᠲᠠᠶ ᠵᠢᠭᠤᠯᠴᠢᠯᠠᠯ᠎ᠤᠨ ᠦᠢᠯᠡᠰ ᠪᠣᠯᠤᠨ ᠬᠡᠭᠡᠷᠡᠯᠡᠬᠦ ᠮᠠᠱᠢᠨ᠎ᠤ ᠬᠣᠯᠪᠣᠭ᠎ᠠ ᠪᠠᠢᠭᠤᠯᠵᠤ᠂ ᠵᠢᠭᠤᠯᠴᠢᠯᠠᠭᠰᠠᠳ᠎ᠤᠨ ᠲᠣᠭ᠎ᠠ ᠲᠠᠰᠤᠷᠠᠯᠲᠠ ᠦᠭᠡᠢ ᠨᠡᠮᠡᠭ᠌ᠳᠡᠭ᠌ᠰᠡᠨ᠎ᠦ ᠳᠡᠭᠡᠷ᠎ᠡ᠂ ᠲᠡᠷᠡ ᠪᠡᠷ ᠨᠣᠮᠣᠬᠠᠨ ᠱᠢᠳᠤᠷᠭᠤ ᠵᠠᠩ ᠲᠠᠢ᠂ ᠪᠠᠰᠠ ᠮᠣᠩᠭᠣᠯ ᠣᠨᠴᠠᠯᠢᠭ᠍ᠲᠤ ᠠᠮᠲᠠᠲᠤ ᠨᠣᠭᠣᠭ᠎ᠠ ᠬᠢᠵᠤ ᠴᠢᠳᠠᠳᠠᠭ᠎ᠵᠢᠡᠷ᠎ᠵᠢᠡᠨ ᠣᠳᠣ ᠵᠢᠯ᠎ᠳᠡᠭᠡᠨ 20 ᠭᠠᠷᠤᠢ ᠲᠦᠮᠡᠨ ᠲᠥᠭᠥᠷᠢᠭ᠎ᠦᠨ ᠴᠡᠪᠡᠷ ᠣᠷᠣᠯᠭ᠎ᠠ ᠣᠯᠵᠤ ᠪᠠᠢᠨ᠎ᠠ᠃ ᠡᠨᠡ ᠵᠢᠯ ᠲᠡᠷᠡ ᠪᠠᠰᠠ ᠲᠣᠰᠭᠣᠨ᠎ᠤ ᠪᠠᠨ ᠠᠷᠠᠳ ᠴᠣᠭ᠍ᠲᠤ᠂ ᠵᠢᠷᠤᠮᠲᠤ᠂ ᠰᠸᠷᠡᠩᠪᠠᠲᠤ᠂ ᠵᠢᠷᠠᠨᠪᠠᠲᠤ ᠵᠡᠷᠭᠡ 5 ᠡᠷᠦᠬᠡ ᠲᠡᠶ ᠪᠡᠯᠡ ᠨᠡᠢᠯᠡᠭᠦᠯᠦᠨ ᠡᠯᠡᠰᠦᠨ ᠴᠦᠯ᠎ᠢᠶᠡᠷ ᠬᠡᠭᠡᠷᠡᠯᠡᠨ ᠠᠶᠠᠯᠠᠬᠤ ᠳ᠋ᠤ᠌ ᠬᠡᠷᠡᠭᠯᠡᠬᠦ ᠮᠠᠱᠢᠨ ᠬᠤᠳᠠᠯᠳᠤᠨ ᠠᠪᠴᠤ᠌᠂ ᠡᠷᠦᠬᠡ ᠪᠦᠷᠢ 10 ᠲᠦᠮᠡᠨ ᠲᠥᠭᠥᠷᠢᠭ᠎ᠦᠨ ᠪᠡᠯᠡ ᠣᠷᠣᠭᠤᠯᠪᠠ᠃ ᠣᠢᠷ᠎ᠠ᠎ᠳᠤ ᠮᠥᠩᠬᠡᠳᠠᠯᠠᠢ ᠪᠡᠭᠡᠵᠢᠩ᠎ᠦᠨ ᠵᠦᠩ ᠹᠦ᠋ ᠵᠢᠭᠤᠯᠴᠢᠯᠠᠯ᠎ᠤᠨ ᠬᠤᠷᠢᠶ᠎ᠠ ᠵᠢᠨ᠎ᠬᠣᠯᠪᠣᠭᠠᠨ᠎ᠤ ᠬᠣᠭᠣᠯᠠ ᠤᠮᠳᠠ ᠪᠣᠯᠤᠨ ᠬᠡᠭᠡᠷᠡᠯᠡᠬᠦ᠌ ᠠᠶᠠᠯᠠᠯ᠎ᠤᠨ ᠡᠵᠡᠩᠨᠡᠯᠳᠡ᠎ᠳᠤ ᠣᠷᠣᠯᠴᠠᠵᠤ᠂ ᠨᠢᠭᠡ ᠰᠠᠷ᠎ᠠ᠎ᠶᠢᠨ ᠬᠤᠭᠤᠴᠠᠭᠠᠨ᠎ᠳᠤ 200 ᠭᠠᠷᠤᠶ ᠵᠢᠭᠤᠯᠴᠢᠯᠠᠭ᠍ᠰᠠᠳ᠎ᠢ ᠬᠦᠯᠢᠶᠡᠨ ᠠᠪᠴᠤ᠌᠂ 2 ᠲᠦᠮᠡ ᠭᠠᠷᠤᠶ ᠲᠥᠭᠥᠷᠢᠭ᠎ᠦᠨ ᠴᠡᠪᠡᠷ ᠠᠱᠢᠭ ᠤᠷᠤᠯᠭ᠎ᠠ ᠣᠯᠵᠠᠶ᠃

ᠳᠤᠮᠳᠠᠳᠤ ᠤᠯᠤᠰ᠎ᠤᠨ ᠡᠯᠡᠰᠦᠷᠬᠡᠭᠵᠢᠯ᠎ᠢ ᠰᠡᠷᠭᠡᠢᠯᠡᠨ ᠡᠯᠡᠰᠦ᠎ᠶ᠋ᠢ ᠵᠠᠰᠠᠭ᠍ᠰᠠᠨ ᠬᠠᠮᠤᠭ᠎ᠤᠨ ᠨᠡᠢᠲᠡᠯᠢᠭ ᠬᠠᠮᠤᠭ᠎ᠤᠨ ᠠᠮᠢᠳᠤᠯᠢᠭ ᠦᠢᠯᠡᠳᠦᠯᠭᠡ᠎ᠶ᠋ᠢᠨ ᠨᠢᠭᠡ ᠪᠣᠯᠤᠭ᠍ᠰᠠᠨ᠎ᠤ ᠬᠤᠪᠢ᠎ᠳᠤ ᠬᠥᠪᠴᠢ᠎ᠶ᠋ᠢᠨ ᠡᠯᠡᠰᠦ᠎ᠶ᠋ᠢ ᠵᠠᠰᠠᠭ᠍ᠰᠠᠨ ᠬᠡᠪ ᠵᠠᠭ᠍ᠪᠤᠷ᠂ ᠮᠡᠷᠭᠡᠵᠢᠯ ᠪᠣᠯᠤᠨ ᠦᠷ᠎ᠡ ᠪᠦᠲᠦᠭᠡᠯ ᠨᠢ ᠨᠢᠭᠡᠨᠲᠡ ᠳᠡᠯᠡᠬᠡᠢ᠎ᠳ᠋ᠡᠬᠢᠨ᠎ᠠ ᠲᠠᠨᠢᠬᠳᠠᠵᠤ᠂ ᠪᠦᠬᠦ᠌ ᠪᠥᠮᠪᠥᠷᠴᠡᠭ᠎ᠦᠨ 3600 ᠲᠦᠮᠡᠨ ᠲᠡᠭ᠌ᠰᠢ ᠳᠥᠷᠪᠡᠯᠵᠢᠨ ᠺᠢᠯᠤᠮᠸᠲᠷ᠎ᠤᠨ ᠴᠦᠯᠯᠡᠷᠭᠡᠭ᠌ᠵᠢᠭ᠌ᠰᠡᠨ ᠭᠠᠵᠠᠷ ᠱᠢᠷᠣᠢ᠎ᠶ᠋ᠢᠨ ᠵᠠᠰᠠᠯᠲᠠ ᠪᠣᠯᠤᠨ ᠲᠣᠭ᠎ᠠ ᠲᠣᠮᠰᠢ ᠦᠭᠡᠢ ᠴᠦᠯᠯᠡᠷᠭᠡᠭ᠌ᠵᠢᠯ᠎ᠤᠨ ᠰᠦᠷᠳᠡᠭᠦᠯᠦᠯ᠎ᠳᠦ ᠤᠴᠠᠷᠠᠭ᠍ᠰᠠᠨ ᠬᠥᠮᠦᠰ᠎ᠲᠦ 《ᠳᠤᠮᠳᠠᠳᠤ ᠤᠯᠤᠰ᠎ᠤᠨ ᠲᠥᠰᠦᠯ》᠎ᠢ᠋ ᠬᠠᠩᠭᠠᠵᠤ᠂ 《ᠳᠤᠮᠳᠠᠳᠤ ᠤᠯᠤᠰ᠎ᠤᠨ ᠤᠶᠤᠨ ᠤᠬᠠᠭᠠᠨ》᠎ᠢ᠋ ᠬᠠᠨᠳᠢᠪᠯᠠᠪᠠ᠃ ᠡᠨᠡ ᠵᠢᠯ ᠬᠥᠪᠴᠢ᠎ᠶ᠋ᠢᠨ ᠤᠯᠠᠨ ᠤᠯᠤᠰ᠎ᠤᠨ ᠡᠯᠡᠰᠦᠨ᠎ᠦ ᠶᠠᠷᠢᠶᠠᠨ᠎ᠤ ᠲᠠᠪᠴᠠᠩ ᠨᠢᠭᠡᠨᠲᠡ ᠶᠢᠰᠦᠳᠦᠭᠡᠷ ᠬᠤᠭᠤᠴᠠᠭ᠎ᠠ ᠪᠡᠨ ᠤᠬᠳᠤᠵᠤ᠂ 《ᠱᠢᠨᠵᠢᠯᠡᠬᠦ᠌ ᠤᠬᠠᠭᠠᠨ ᠲᠸᠭ᠌ᠨᠢ᠌ᠠ᠋ ᠮᠡᠷᠭᠡᠵᠢᠯ᠎ᠢᠶᠡᠷ ᠡᠯᠡᠰᠦ᠎ᠶ᠋ᠢ ᠵᠠᠰᠠᠵᠤ᠂ ᠡᠯᠡᠰᠦᠨ ᠴᠦᠯ᠎ᠢᠶᠡᠷ ᠬᠥᠮᠦᠨ ᠲᠥᠷᠥᠯᠬᠢᠲᠡᠨ᠎ᠳᠦ ᠪᠤᠶᠠᠨ ᠦᠢᠯᠡᠳᠦᠶ᠎ᠡ》 ᠭᠡᠬᠦ᠌ ᠭᠣᠣᠯ ᠰᠡᠳᠦᠪᠲᠦ ᠶᠠᠷᠢᠶᠠᠨ᠎ᠤ ᠲᠠᠪᠴᠠᠩ ᠨᠢ ᠡᠨᠳᠡ ᠠᠮᠢᠳᠤᠷᠠᠵᠤ ᠪᠠᠢᠭ᠎ᠠ ᠮᠥᠩᠬᠡᠳᠠᠯᠠᠢ ᠱᠢᠭ᠋ ᠮᠠᠯᠴᠢᠨ ᠲᠠᠷᠢᠶᠠᠴᠢᠨ᠎ᠤ ᠡᠯᠡᠰᠦᠷᠬᠡᠭ᠌ᠵᠢᠯ᠎ᠢ ᠰᠡᠷᠭᠡᠢᠯᠡᠨ ᠡᠯᠡᠰᠦ᠎ᠶ᠋ᠢ ᠵᠠᠰᠠᠬᠤ ᠡᠷᠡᠰ ᠪᠠᠲᠤ ᠢᠲᠡᠭᠡᠯ ᠵᠣᠷᠢᠭ᠎ᠢ ᠤᠯᠠᠮ ᠪᠠᠲᠤᠳᠭᠠᠪᠠ᠃

ᠬᠥᠪᠴᠢ᠎ᠶ᠋ᠢᠨ ᠤᠯᠠᠨ ᠤᠯᠤᠰ᠎ᠤᠨ ᠡᠯᠡᠰᠦᠨ᠎ᠦ ᠶᠠᠷᠢᠶᠠᠨ᠎ᠤ ᠲᠠᠪᠴᠠᠩ᠎ᠤᠨ ᠨᠥᠯᠥᠭᠡᠯᠡᠬᠦ᠌ ᠬᠦᠴᠦᠨ᠎ᠳᠦ ᠲᠦᠱᠢᠭ᠌ᠯᠡᠨ ᠲᠡᠬᠦᠨ᠎ᠢ ᠪᠠᠬᠳᠠᠭᠠᠬᠰᠠᠨ ᠮᠠᠯᠴᠢᠳ᠎ᠤᠨ ᠣᠷᠣᠯᠭ᠎ᠠ ᠴᠤ᠌ ᠲᠠᠰᠤᠷᠠᠯᠳᠠ ᠦᠬᠡᠢ ᠨᠡᠮᠡᠭ᠌ᠳᠡᠵᠦ᠍᠂ ᠵᠣᠯ ᠵᠢᠷᠭᠠᠯᠲᠤ ᠠᠮᠢᠳᠤᠷᠠᠯ᠎ᠢ ᠡᠳ᠋ᠯᠡᠬᠦ᠌ ᠪᠣᠯᠵᠠᠢ᠃ 《ᠡᠯᠡᠰᠦ ᠮᠠᠩᠬ᠎ᠠ᠎ᠶ᠋ᠢ ᠵᠠᠰᠠᠬᠤ ᠠᠵᠢᠯ ᠨᠢ ᠮᠠᠯᠴᠢᠨ ᠲᠠᠷᠢᠶᠠᠴᠢᠨ᠎ᠢ ᠰᠠᠢ᠌ᠨ ᠰᠠᠢᠬᠠᠨ ᠠᠮᠢᠳᠤᠷᠠᠯ᠎ᠲᠠᠶ ᠪᠣᠯᠭᠠᠭ᠍ᠰᠠᠨ᠎ᠢᠶᠠᠷ ᠪᠠᠷᠠᠬᠤ ᠦᠬᠡᠢ ᠡᠯᠡᠰᠦ ᠮᠠᠩᠬ᠎ᠠ ᠴᠤ᠌ ᠮᠠᠨ᠎ᠤ 〈ᠨᠤᠭᠤᠭᠠᠨ ᠪᠠᠩᠬᠢ〉 ᠪᠣᠯᠤᠭ᠍ᠰᠠᠨ ᠪᠠᠢᠨ᠎ᠠ》 ᠭᠡᠵᠦ᠍ ᠲᠡᠷᠡ ᠰᠤᠷᠪᠤᠯᠵᠢᠯᠠᠭ᠍ᠴᠢ᠎ᠳᠤ ᠭᠦᠨ ᠲᠥᠷᠥᠭ᠌ᠳᠡᠯ ᠲᠡᠶ ᠬᠡᠯᠡᠪᠡ᠃

ᠮᠥᠩᠬᠡᠳᠠᠯᠠᠢ ᠪᠣᠯᠤᠨ ᠮᠠᠰᠢ ᠤᠯᠠᠨ ᠮᠠᠯᠴᠢᠳ᠎ᠤᠨ ᠠᠮᠢᠳᠤᠷᠠᠯ ᠪᠦᠷ ᠰᠠᠢᠵᠢᠷᠠᠯ᠎ᠠ᠃ ᠭᠡᠪᠡᠴᠦ᠍ ᠲᠡᠭᠦᠨ᠎ᠳᠦ ᠪᠠᠰᠠ ᠨᠢᠭᠡ ᠱᠢᠨ᠎ᠡ ᠪᠤᠳᠤᠯ ᠪᠤᠢ᠂ ᠳᠠᠷᠤᠢ ᠡᠯᠡᠰᠦᠨ ᠴᠦᠯ᠎ᠦᠨ ᠠᠷᠠᠳ᠎ᠤᠨ ᠤᠯᠠᠮᠵᠢᠯᠠᠯᠲᠤ ᠰᠠᠭᠤᠴᠠ᠎ᠶᠢᠨ ᠪᠠᠭᠤᠳᠠᠯ᠎ᠢ ᠨᠡᠭᠡᠭᠡᠵᠦ᠍᠂ ᠵᠢᠭᠤᠯᠴᠢᠯᠠᠭᠰᠡᠳ᠎ᠢ ᠡᠨᠳᠡ ᠢᠷᠡᠭᠦᠯᠵᠦ᠍ ᠡᠯᠡᠰᠦᠨ ᠴᠦᠯ᠎ᠢ ᠪᠡᠶᠡᠴᠢᠯᠡᠨ ᠤᠢᠯᠠᠭᠠᠭᠤᠯᠵᠤ᠂ ᠡᠯᠡᠰᠦᠨ ᠴᠦᠯ᠎ᠦᠨ ᠠᠮᠲᠠᠲᠤ ᠢᠳᠡᠭᠡᠨ᠎ᠢ ᠠᠮᠳᠠᠯᠠᠭᠤᠯᠵᠤ᠂ ᠡᠯᠡᠰᠦᠨ ᠴᠦᠯ᠎ᠳᠤ ᠨᠠᠷᠠᠨ ᠮᠠᠨᠳᠤᠵᠦ ᠨᠠᠷᠨᠨ ᠱᠢᠩᠭᠡᠬᠦ᠌᠎ᠶ᠋ᠢ ᠦᠵᠡᠭᠦᠯᠵᠦ᠍᠂ ᠡᠯᠡᠰᠦᠨ ᠴᠦᠯ᠎ᠳ᠋ᠡᠬᠢ ᠠᠷᠠᠳ᠎ᠤᠨ ᠤᠯᠠᠮᠵᠢᠯᠠᠯᠲᠤ ᠰᠠᠭᠤᠴᠠ᠎ᠶᠢᠨ ᠪᠠᠭᠤᠳᠠᠯ᠎ᠳᠤ ᠬᠤᠨᠤᠭᠤᠯᠤᠨ᠎ᠠ᠃

ᠠᠯᠳᠠᠨ ᠨᠠᠮᠤᠷ᠎ᠤᠨ ᠡᠯᠡᠰᠦᠨ ᠴᠦᠯ ᠵᠢᠷᠤᠭ ᠱᠢᠭ ᠬᠠᠷᠠᠭᠳᠠᠨ᠎ᠠ᠃ ᠡᠨᠡ ᠬᠦ᠌ ᠥᠪᠡᠷᠮᠢᠴᠡ ᠦᠵᠡᠮᠵᠢ᠎ᠶ᠋ᠢ ᠬᠠᠷᠠᠭᠠᠳ ᠲᠡᠷᠡ ᠢᠲᠡᠭᠡᠯ ᠲᠡᠭᠦᠯᠳᠡᠷ᠎ᠢᠶᠡᠷ᠄ 《ᠤᠯᠠᠨ ᠵᠢᠯ᠎ᠤᠨ ᠪᠠᠲᠤ ᠰᠠᠬᠢᠶ᠎ᠠ ᠪᠡᠷ ᠪᠢ ᠡᠯᠡᠰᠦᠨ ᠴᠦᠯ᠎ᠳ᠋ᠤ ᠥᠪᠡᠷ᠎ᠦᠨ ᠦᠷᠳᠡᠭ᠎ᠢᠶᠡᠨ ᠪᠡᠶᠡᠯᠡᠬᠦᠯᠵᠤ᠂ ᠡᠯᠡᠰᠦᠨ ᠴᠦᠯ᠎ᠳᠤ ᠬᠥᠮᠦᠨ᠎ᠦ ᠠᠮᠢᠳᠤᠷᠠᠯ᠎ᠤᠨ ᠬᠦᠰᠡᠯ ᠵᠡᠭᠦᠳᠦ᠍ ᠪᠠᠨ ᠲᠡᠷᠭᠡᠯᠱᠢᠭᠦᠯᠪᠡ᠃ ᠣᠳᠣ ᠡᠯᠡᠰᠦᠨ ᠴᠥᠯ᠎ᠡᠴᠡ ᠰᠠᠯᠵᠤ ᠭᠠᠳᠠᠷ ᠣᠷᠣᠨ᠎ᠳᠤ ᠬᠥᠯᠥᠰᠥᠨ ᠠᠵᠢᠯ ᠬᠢᠬᠦ᠌᠎ᠪᠡᠷ ᠶᠠᠪᠤᠭ᠍ᠰᠠᠨ ᠵᠠᠯᠠᠭᠤᠴᠤᠳ ᠬᠠᠷᠢᠵᠤ ᠢᠷᠡᠵᠤ ᠪᠠᠢᠨ᠎ᠠ᠂ ᠪᠡᠭᠡᠵᠢᠩ᠎ᠳᠤ ᠪᠠᠢᠭᠰᠠᠨ ᠵᠠᠯᠠᠭᠤᠴᠤᠳ ᠴᠤ᠌ ᠬᠠᠷᠢᠵᠤ ᠢᠷᠡᠭ᠌ᠰᠡᠨ᠂ ᠡᠯᠡᠰᠦᠨ ᠴᠥᠯ ᠪᠢᠳᠡᠨ᠎ᠦ ᠦᠶ᠋ᠯᠡᠰ ᠪᠣᠰᠭᠠᠬᠤ ᠲᠤᠮᠤ ᠲᠠᠪᠴᠠᠩ ᠪᠣᠯᠤᠭ᠍ᠰᠠᠨ ᠪᠠᠢᠨ᠎ᠠ! 》 ᠭᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号