《 ᠤᠷᠢ ᠵᠠᠯᠠᠭᠤ᠎ᠵᠢᠨ ᠬᠦᠴᠤ ᠴᠢᠳᠠᠯ᠎ᠵᠢᠡᠨ ᠭᠠᠷᠭᠠᠵᠤ ᠠᠭᠤᠳᠠᠮ ᠰᠠᠷᠠᠭᠤᠯ ᠠᠭᠤᠯᠠ ᠲᠠᠯ᠎ᠠ᠎ᠪᠠᠨ ᠨᠤᠭᠤᠭᠠᠷᠠᠭᠤᠯᠤᠨ᠎ᠠ 》
2023-10-11 11:02:05
ᠵᠣᠬᠢᠶᠠᠭ᠍ᠴᠢ᠄
ᠭᠣᠣ ᠮᠢᠨ ᠨᠠ ᠵᠠᠩ ᠵᠢᠶᠠ
ᠣᠩᠱᠢᠭ᠍ᠰᠠᠨ ᠣᠳᠠᠭ᠎ᠠ᠄
★★★☆☆

ᠨᠠᠮᠤᠷ ᠤ᠋ᠨ ᠠᠭᠤᠷ ᠤᠯᠠᠮ ᠥᠳᠭᠡᠷᠡᠨ᠂ ᠬᠢᠩᠭᠠᠨ ᠠᠢᠮᠠᠭ ᠤ᠋ᠨ  ᠲᠦᠴᠢᠦᠸᠠᠨ ᠱᠢᠶᠠᠨ ᠤ᠋ ᠳ᠋ᠦᠩᠹᠧᠩ ᠣᠶ ᠱᠢᠭᠤᠶ ᠢ᠋ᠢᠨ  ᠲᠠᠯᠠᠪᠠᠶ ᠢ᠋ᠢᠨ ᠬᠦᠶ᠋ᠯᠡᠰᠦᠨ ᠮᠣᠳᠣᠳ 《ᠠᠯᠲᠠᠨ ᠰᠢᠷᠭᠠᠯ》 ᠦᠡᠭᠭᠡ  ᠪᠡᠷ ᠰᠤᠯᠢᠭᠳᠠᠵᠤ᠂ ᠱᠢᠷᠠᠯᠠᠭ᠍ᠰᠠᠨ ᠨᠠᠪᠴᠢᠰ᠎ᠨᠢ ᠨᠠᠷᠠᠨ ᠤ᠋ ᠬᠡᠷᠡᠯ ᠳ᠋ᠤ ᠬᠢᠯᠲᠠᠭᠠᠨᠠᠵᠤ ᠬᠠᠷᠠᠭ᠍ᠳᠠᠨ᠎ᠠ᠃ ᠡᠨᠡ ᠬᠦ᠌ ᠦᠷᠭᠦᠯᠵᠢᠯᠡᠭ᠌ᠰᠡᠨ ᠣᠢᠲᠤ ᠭᠠᠵᠠᠷ ᠨᠢ ᠲᠦᠴᠢᠦᠸᠠᠨ ᠱᠢᠶᠠᠨ ᠤ᠋ ᠠᠳᠠᠷ ᠭᠠᠵᠠᠷ ᠤ᠋ᠨ ᠨᠣᠭᠣᠭᠠᠨ ᠪᠦᠷᠢᠳᠦ ᠪᠤᠯᠤᠭᠰᠠᠨ ᠭᠠᠢᠬᠠᠮᠱᠢᠭ ᠢ᠋ ᠭᠡᠷᠡᠴᠢᠯᠡᠵᠦ᠍᠂ ᠨᠡᠩ ᠴᠤ᠌ ᠪᠦᠬᠦ᠌ ᠤᠯᠤᠰ ᠤ᠋ᠨ ᠡᠯᠡᠰᠦ᠎ᠶ᠋ᠢ ᠵᠠᠰᠠᠵᠤ ᠡᠯᠡᠰᠤᠷᠬᠡᠭᠵᠢᠯ ᠢ᠋ ᠰᠡᠷᠭᠡᠢᠯᠡᠭᠰᠡᠨ ᠲᠡᠷᠢᠭᠦᠨ ᠤ᠋ ᠬᠤᠪᠢ ᠬᠥᠮᠦᠨ᠂ ᠲᠦᠴᠢᠦᠸᠠᠨ ᠱᠢᠶᠠᠨ ᠤ᠋ ᠤᠢ ᠱᠢᠭᠤᠢ ᠪᠠ ᠨᠤᠲᠤᠭ ᠪᠡᠯᠴᠢᠭᠡᠷ᠎ᠦᠨ ᠲᠤᠪᠴᠢᠶ᠎ᠠ ᠢ᠋ᠢᠨ ᠣᠢᠵᠢᠭᠤᠯᠤᠯᠲᠠ ᠢ᠋ᠢᠨ  ᠲᠠᠰᠤᠭ ᠤ᠋ᠨ  ᠳᠠᠷᠤᠭ᠎ᠠ ᠭᠸᠤ ᠬᠤᠢ ᠶᠠᠨ ᠤ᠋ 20 ᠭᠠᠷᠤᠢ ᠵᠢᠯ᠎ᠦᠨ ᠪᠠᠷᠢᠮᠲᠠᠯᠠᠯ ᠪᠠ ᠬᠦᠰᠡᠯ ᠮᠦᠷᠦᠭᠡᠳᠤᠯ ᠢ᠋ ᠠᠴᠢᠶᠠᠯᠠᠵᠤ ᠪᠠᠢᠭ᠎ᠠ ᠪᠢᠯᠡ᠃

2000 ᠣᠨ ᠳ᠋ᠤ ᠵᠠᠯᠠᠨ ᠠᠢᠯ ᠤ᠋ᠨ  ᠤᠢ ᠱᠢᠭᠤᠢ ᠢ᠋ᠢᠨ  ᠰᠤᠷᠭᠠᠭᠤᠯᠢ᠎ᠠᠴᠠ ᠲᠡᠭᠦᠰᠦᠭ᠌ᠰᠡᠨ ᠭᠸᠦ ᠬᠤᠢ ᠶᠠᠨ ᠬᠡᠭᠦᠳᠡᠭ ᠳᠦᠭᠦᠷᠡᠡᠭ ᠬᠦᠰᠡᠯ ᠮᠦᠷᠦᠭᠡᠳᠤᠯ ᠢ᠋ ᠡᠪᠦᠷᠯᠡᠨ ᠲᠦᠴᠢᠦᠸᠠᠨ ᠱᠢᠶᠠᠨ ᠳ᠋ᠤ ᠬᠦᠷᠴᠦ᠍᠂ ᠲᠦᠴᠢᠦᠸᠠᠨ ᠱᠢᠶᠠᠨ ᠤ᠋ ᠤᠢ ᠱᠢᠭᠤᠢ ᠢ᠋ᠢᠨ  ᠠᠵᠢᠯᠯᠠᠬᠤ ᠦᠷᠳᠡᠭᠡ ᠳ᠋ᠤ ᠠᠵᠢᠯᠯᠠᠪᠠ᠃ ᠣᠢ ᠱᠢᠭᠤᠶ ᠢ᠋ᠢᠨ  ᠥᠷᠲᠡᠭᠡ ᠭᠡᠵᠤ᠂ ᠦᠨᠡᠨ᠎ᠳᠡᠭᠡᠨ ᠨᠢᠭᠡ ᠯᠡ ᠲᠠᠰᠤᠯᠭ᠎ᠠ ᠪᠣᠭᠣᠨᠢᠬᠠᠨ ᠱᠢᠷᠣᠶ ᠢ᠋ᠢᠨ ᠪᠠᠢᠰᠢᠡᠭ ᠪᠠᠢᠭᠰᠠᠨ ᠶᠤᠮ᠃ ᠲᠤᠬᠠᠢ ᠢ᠋ᠢᠨ ᠦᠶ᠎ᠡ ᠳ᠋ᠤ ᠲᠦᠴᠢᠦᠸᠠᠨ ᠱᠢᠶᠠᠨ ᠤ᠋ ᠬᠥᠷᠥᠰᠥ᠍ ᠱᠢᠷᠣᠢ ᠢ᠋ᠢᠨ ᠡᠯᠡᠰᠦᠷᠬᠡᠭ᠌ᠵᠢᠯ ᠵᠢᠴᠢ ᠨᠢᠭᠤᠭ᠍ᠳᠠᠮᠠᠯ ᠡᠯᠡᠰᠦᠷᠬᠡᠭ᠌ᠵᠢᠯ᠎ᠦᠨ ᠲᠠᠯᠠᠪᠠᠢ ᠪᠦᠬᠦ᠌ ᠱᠢᠶᠠᠨ ᠤ᠋ ᠶᠡᠷᠦᠩᠬᠡᠢ ᠭᠠᠵᠠᠷ ᠱᠢᠷᠣᠢ ᠢ᠋ᠢᠨ  ᠲᠠᠯᠠᠪᠠᠢ ᠢ᠋ᠢᠨ  50 % ᠡᠴᠡ ᠳᠡᠭᠡᠭ᠌ᠰᠢ᠎ᠶ᠋ᠢ ᠡᠵᠡᠯᠡᠵᠦ᠍ ᠪᠠᠢᠪᠠ᠃ ᠣᠢ ᠱᠢᠭᠤᠶ ᠢ᠋ᠢᠨ  ᠥᠷᠲᠡᠭᠡᠨ ᠤ᠋ ᠡᠭᠦᠳᠡᠨ ᠳ᠋ᠤ ᠵᠣᠭ᠍ᠰᠣᠵᠤ ᠠᠯᠤᠰ ᠢ᠋ ᠪᠠᠷᠠᠯᠠᠬᠤ ᠳ᠋ᠤ ᠬᠤᠪᠠᠬᠠᠢ ᠠᠭᠤᠯᠠ ᠯᠡ ᠬᠠᠷᠠᠭᠳᠠᠵᠤ ᠪᠠᠢᠯ᠎ᠠ᠃ ᠡᠨᠡ ᠦᠶ᠎ᠡ ᠳ᠋ᠤ 22 ᠨᠠᠰᠤᠲᠠᠶ ᠭᠸᠤ ᠬᠤᠢ ᠶᠠᠨ ᠂ ᠮᠣᠳᠣ ᠳᠠᠷᠢᠬᠤ᠎ᠠᠴᠠ ᠨᠠᠩ ᠴᠢᠬᠤᠯᠠ ᠨᠢ ᠡᠯᠡᠰᠦ ᠢ᠋ᠢ ᠵᠠᠰᠠᠬᠤ ᠶᠠᠪᠤᠳᠠᠯ ᠪᠣᠯᠤᠨ᠎ᠠ ᠭᠡᠳᠡᠭ ᠢ᠋ ᠰᠡᠷᠡᠵᠦ᠍ ᠮᠡᠳᠡᠭᠡᠳ ᠤᠷᠢ  ᠵᠠᠯᠠᠭᠤ᠎ᠵᠢᠨ ᠬᠦᠴᠤᠨ ᠴᠢᠳᠠᠯ᠎ᠵᠢᠡᠨ ᠰᠢᠪᠬᠠᠵᠤ ᠦᠷᠭᠡᠨ ᠠᠭᠤᠳᠠᠮ ᠠᠭᠤᠯᠠ ᠲᠠᠯ᠎ᠠ᠎ᠪᠠᠨ ᠨᠤᠭᠤᠭᠠᠷᠠᠭᠤᠯᠤᠨ᠎ᠠ   ᠭᠡᠵᠦ᠍  ᠵᠣᠷᠢᠭ ᠱᠢᠭᠤᠳᠴᠠᠶ᠃

ᠭᠧᠦ ᠬᠤᠢ ᠶᠠᠨ ᠤ᠋ ᠠᠯᠪᠠᠨ ᠭᠡᠷ᠎ᠲᠦ ᠣᠷᠣᠬᠤ ᠳ᠋ᠤ ᠱᠢᠷᠡᠭᠡᠨ ᠳᠡᠭᠡᠷ᠎ᠡ ᠨᠢ ᠬᠣᠶᠠᠷ ᠵᠤᠵᠠᠭᠠᠨ ᠲᠤᠰᠭᠠᠢ ᠮᠡᠷᠭᠡᠵᠢᠯ᠎ᠦᠨ ᠨᠣᠮ ᠲᠠᠯᠪᠢᠭᠠᠰᠤᠲᠠᠢ ᠪᠠᠢᠯ᠎ᠠ᠃ ᠡᠨᠡ ᠪᠣᠯ ᠲᠡᠭᠦᠨ ᠤ᠋ ᠠᠵᠢᠯ ᠤ᠋ᠨ ᠴᠢᠯᠥᠭᠡ᠎ᠪᠡᠷ᠎ᠢᠶᠡᠨ ᠰᠤᠷᠤᠯᠴᠠᠵᠤ ᠡᠮᠬᠢᠳᠭᠡᠭ᠌ᠰᠡᠨ《ᠡᠯᠡᠰᠦ᠎ᠶ᠋ᠢ ᠵᠠᠰᠠᠵᠤ ᠣᠢᠵᠢᠭᠤᠯᠤᠭ᠍ᠰᠠᠨ ᠨᠢᠭᠤᠴᠠ ᠲᠡᠪᠳᠡᠷ》 ᠪᠣᠯᠤᠨ᠎ᠠ᠃ ᠨᠣᠮ ᠤ᠋ᠨ  ᠥᠨᠴᠥᠭ  ᠨᠢ ᠠᠯᠢ ᠡᠷᠲᠡ ᠡᠯᠡᠭᠳᠡᠵᠤ᠂ ᠨᠣᠮ ᠳᠡᠭᠡᠷ᠎ᠡ ᠳᠦᠭᠦᠷᠲᠡᠯ᠎ᠠ ᠵᠡᠭᠦᠯᠲᠡ ᠬᠠᠳᠠᠵᠠᠢ᠃ ᠭᠧᠦ ᠬᠤᠢ ᠶᠠᠨ ᠠᠵᠢᠯ ᠤ᠋ᠨ  ᠳᠤᠮᠳᠠ ᠪᠡᠨ ᠲᠤᠷᠱᠢᠯᠭ᠎ᠠ ᠪᠡᠨ ᠳ᠋ᠦᠩᠨᠡᠬᠦ᠌ ᠪᠠ ᠰᠤᠳᠤᠯᠤᠨ ᠰᠦᠪᠡᠭ᠌ᠴᠢᠯᠡᠬᠦ᠌᠎ᠳᠡᠭᠡᠨ ᠴᠢᠳᠠᠮᠠᠭᠠᠶ ᠪᠠᠢᠵᠤ᠂ ᠱᠢᠨᠵᠢᠯᠡᠬᠦ᠌ ᠤᠬᠠᠭᠠᠨᠴᠢ ᠵᠦᠶ ᠵᠣᠬᠢᠰᠲᠠᠶ ᠡᠯᠡᠰᠦ᠎ᠶ᠋ᠢ ᠵᠠᠰᠠᠵᠤ ᠡᠯᠡᠰᠦᠷᠬᠡᠭᠵᠢᠯ ᠢ᠋ ᠰᠡᠷᠭᠡᠢᠯᠡᠬᠦ᠂ ᠠᠮᠢ ᠠᠬᠤᠶ᠎ᠶ᠋ᠢ ᠰᠠᠢᠵᠢᠷᠠᠭᠤᠯᠬᠤ ᠠᠷᠭ᠎ᠠ᠎ᠶ᠋ᠢ ᠰᠦᠪᠡᠭ᠌ᠴᠢᠯᠡᠵᠦ᠍ ᠂ ᠪᠦᠲᠦᠮᠵᠢᠲᠡᠶ ᠵᠠᠰᠠᠬᠤ ᠠᠷᠭ᠎ᠠ ᠵᠠᠮ ᠢ᠋ ᠡᠷᠢᠵᠦ᠍ ᠤᠯᠬᠤ ᠢ᠋ᠢᠨ  ᠲᠥᠯᠥᠭᠡ ᠣᠢᠵᠢᠭᠤᠯᠤᠯᠲᠠ ᠢ᠋ᠢᠨ ᠡᠷᠦᠬᠡ᠎ᠡᠴᠡ ᠰᠤᠷᠤᠯᠴᠠᠭᠰᠠᠨ ᠪᠥᠭᠡᠳ ᠭᠠᠳᠠᠨ᠎ᠠ ᠣᠷᠣᠨ ᠤ᠋ ᠠᠵᠢᠯ ᠨᠢᠭᠡᠲᠡᠨ᠎ᠡᠴᠡ ᠲᠡᠷᠢᠭᠦᠨ ᠤ᠋ ᠨᠡᠢᠲᠡᠯᠢᠭ ᠠᠷᠭ᠎ᠠ ᠬᠢᠳᠡᠯ ᠢ᠋ ᠰᠤᠷᠤᠯᠴᠠᠭ᠍ᠰᠠᠨ ᠪᠠᠢᠨ᠎ᠠ᠃ ᠨᠢᠭᠡ ᠵᠢᠯ ᠤ᠋ᠨ ᠬᠠᠭᠠᠰ ᠵᠢᠯ ᠭᠠᠷᠤᠶ ᠳ᠋ᠤᠨᠢ ᠲᠡᠷᠡ ᠪᠦᠬᠦ᠌ ᠱᠢᠶᠠᠨ ᠤ᠋ 9 ᠱᠢᠶᠠᠩ ᠪᠠᠯᠭᠠᠰᠤᠨ ᠤ᠋ ᠣᠢᠵᠢᠭᠤᠯᠤᠯᠲᠠ ᠢ᠋ᠢᠨ  ᠭᠠᠵᠠᠷ᠎ᠢ᠋ᠢᠡᠷ ᠶᠠᠪᠤᠭᠰᠠᠨ ᠪᠢᠯᠡ᠃

ᠬᠠᠪᠤᠷ ᠤ᠋ᠨ ᠤᠯᠠᠷᠢᠯ ᠪᠣᠯ ᠣᠶ ᠱᠢᠭᠤᠶ ᠢ᠋ᠢᠨ ᠠᠵᠢᠯᠲᠠᠳ᠎ᠦᠨ ᠬᠠᠮᠤᠭ ᠤ᠋ᠨ ᠶᠠᠭᠠᠷᠠᠯᠲᠠᠶ ᠤᠯᠠᠷᠢᠯ ᠪᠣᠯᠤᠨ᠎ᠠ ᠃ ᠭᠸᠤ ᠬᠤᠢ ᠶᠠᠨ ᠡᠳᠦᠷ ᠨᠢ ᠬᠥᠳᠡᠭᠡ ᠪᠠᠭᠤᠵᠤ ᠲᠤᠬᠠᠢ ᠢ᠋ᠢᠨ ᠭᠠᠵᠠᠷ ᠲᠤ᠌ ᠪᠣᠳᠠᠲᠠᠶ ᠪᠠᠢᠴᠠᠭᠠᠯᠲᠠ ᠬᠢᠵᠦ᠍᠂  ᠤᠢᠵᠢᠭᠤᠯᠬᠤ ᠮᠣᠳᠣᠨ ᠤ᠋ ᠲᠥᠷᠥᠯ ᠢ᠋ ᠵᠦᠶ ᠵᠣᠬᠢᠰᠲᠠᠶ ᠲᠥᠯᠥᠪᠵᠢᠭᠦᠯᠵᠦ᠍᠂ ᠠᠳᠠᠯᠢ ᠪᠤᠰᠤ ᠨᠥᠬᠥᠴᠡᠯ᠂ ᠠᠳᠠᠯᠢ ᠪᠤᠰᠤ ᠭᠠᠵᠠᠷ ᠣᠷᠣᠨ ᠳ᠋ᠤ ᠶᠠᠮᠠᠷ ᠮᠣᠳᠣ ᠳᠠᠷᠢᠵᠤ ᠣᠢᠵᠢᠭᠤᠯᠬᠤ ᠲᠤᠬᠠᠶ ᠲᠤᠬᠢᠷᠠᠮᠵᠢᠲᠠᠢ ᠰᠠᠨᠠᠭᠤᠯᠭ᠎ᠠ ᠳᠤᠷᠠᠳᠴᠤ᠌᠂ ᠣᠷᠣᠶ ᠬᠠᠷᠢᠵᠤ ᠢᠷᠡᠮᠡᠭᠴᠡ ᠬᠡᠷᠡᠭ᠌ᠵᠢᠭᠦᠯᠦᠬᠦᠰᠢᠳᠠᠢ ᠠᠵᠢᠯ ᠤ᠋ᠨ ᠲᠥᠯᠥᠪᠯᠡᠭᠡ᠎ᠪᠠᠨ ᠨᠠᠢᠷᠠᠭᠤᠯᠤᠨ ᠪᠢᠴᠢᠳᠡᠭ᠃

《ᠵᠢᠱ᠌ᠢᠶᠡᠯᠡᠪᠡᠯ ᠪᠢᠳᠡ 〈ᠱᠢᠷᠭᠤᠯᠵᠢ ᠢ᠋ᠢᠨ  ᠣᠶ 〉 ᠶ᠋ᠢᠨ ᠨᠡᠢᠲᠡ ᠢ᠋ᠢᠨ  ᠠᠰᠠᠷᠠᠮᠵᠢ ᠢ᠋ᠢᠨ ᠣᠢᠵᠢᠭᠤᠯᠤᠯᠲᠠ ᠢ᠋ᠢᠨ ᠲᠥᠷᠥᠯ ᠵᠦᠶ᠋ᠯ᠎ᠦᠨ ᠳᠣᠲᠣᠷ᠎ᠠ᠎ᠠᠴᠠ ᠰᠣᠩᠭᠣᠭ᠍ᠰᠠᠨ ᠮᠣᠳᠣᠨ ᠤ᠋ ᠲᠥᠷᠥᠯ ᠵᠦᠶ᠋ᠯ᠎ᠨᠢ ᠳᠠᠷᠤᠶ ᠬᠦᠶ᠋ᠯᠡᠰᠦᠨ ᠮᠣᠳᠣ ᠪᠣᠯᠤᠨ᠎ᠠ ᠂ ᠡᠲᠡᠭᠡᠷ ᠮᠣᠳᠣᠨ ᠤ᠋ ᠦᠨᠳᠦᠰᠦ ᠢ᠋ᠢᠨ  ᠱᠢᠰᠲ᠋ᠧᠮ᠎ᠨᠢ ᠨᠡᠯᠢᠶᠡᠳ ᠬᠥᠭ᠌ᠵᠢᠵᠦ᠍ ᠂ ᠡᠯᠡᠰᠦ᠎ᠶ᠋ᠢ ᠲᠣᠭ᠍ᠲᠠᠪᠤᠷᠢᠵᠢᠭᠤᠯᠬᠤ ᠴᠢᠳᠠᠪᠤᠷᠢ ᠪᠡᠷ ᠴᠢᠩᠭ᠎ᠠ ᠪᠠᠢᠳᠠᠭ》 ᠃ 2021 ᠣᠨ ᠤ᠋ 4 ᠰᠠᠷ᠎ᠠ ᠢ᠋ᠢᠨ ᠡᠬᠢ᠎ᠪᠡᠷ᠂ ᠲᠦᠴᠢᠦᠸᠠᠨ ᠱᠢᠶᠠᠨ ᠤ᠋ ᠠᠩᠬᠠᠳᠠᠭ᠍ᠴᠢ 《ᠱᠢᠷᠭᠤᠯᠵᠢ ᠢ᠋ᠢᠨ  ᠣᠶ》  ᠢ᠋ᠢᠨ  ᠲᠥᠷᠥᠯ ᠵᠦᠶ᠋ᠯ ᠵᠢᠴᠢ ᠲᠦᠴᠢᠦᠸᠠᠨ ᠱᠢᠶᠠᠨ ᠤ᠋ 100 ᠲᠦᠮᠡᠨ ᠬᠦᠶ᠋ᠯᠡᠰᠦ ᠢ᠋ᠢᠨ ᠨᠡᠢᠲᠡ ᠢ᠋ᠢᠨ  ᠠᠰᠠᠷᠠᠮᠵᠢ ᠢ᠋ᠢᠨ  ᠣᠢᠵᠢᠭᠤᠯᠤᠯᠲᠠ ᠢ᠋ᠢᠨ  ᠲᠥᠷᠥᠯ ᠵᠦᠶ᠋ᠯ ᠳ᠋ᠦᠩᠹᠸᠩ ᠣᠶ ᠱᠢᠭᠤᠶ ᠢ᠋ᠢᠨ  ᠲᠠᠯᠠᠪᠠᠶ ᠳ᠋ᠤ ᠨᠤᠲᠤᠭ᠍ᠰᠢᠪᠠ᠃ 3 ᠵᠢᠯ᠎ᠦᠨ ᠨᠠᠷᠢᠨ ᠨᠢᠮᠪᠠᠶ ᠬᠠᠮᠢᠶᠠᠷᠤᠯᠲᠠ ᠬᠠᠮᠠᠭᠠᠯᠠᠯᠲᠠ ᠪᠡᠷ ᠳᠡᠮᠵᠢᠨ ᠣᠲᠣ ᠡᠨᠡ ᠬᠡᠰᠡᠭ ᠬᠦᠶ᠋ᠯᠡᠰᠦᠨ ᠣᠶ ᠨᠢ ᠤᠰᠤᠨ ᠤ᠋ ᠡᠬᠢ ᠰᠤᠷᠪᠤᠯᠵᠢ᠎ᠶ᠋ᠢ ᠬᠠᠳᠠᠭᠠᠯᠠᠵᠤ᠂ ᠰᠠᠯᠬᠢ ᠡᠯᠡᠰᠦ᠎ᠶ᠋ᠢ ᠬᠠᠯᠬᠠᠯᠠᠭ᠍ᠰᠠᠨ ᠢ᠋ᠢᠡᠷ ᠪᠠᠷᠠᠬᠤ ᠥᠬᠡᠶ ᠪᠠᠰᠠ ᠬᠦᠶ᠋ᠯᠡᠰᠦᠨ ᠮᠣᠳᠣᠨ ᠳᠡᠭᠡᠷ᠎ᠡ ᠬᠠᠪᠲᠠᠭᠠᠶ ᠬᠦᠶ᠋ᠯᠡᠰᠦ ᠰᠠᠭᠤᠵᠤ᠂ ᠣᠶ ᠢ᠋ᠢᠨ ᠬᠤᠷᠮᠤᠢ ᠳ᠋ᠤ ᠪᠠᠰᠠ ᠡᠮ᠎ᠦᠨ ᠮᠠᠲ᠋ᠧᠷᠢᠶᠠᠯ ᠬᠠᠪᠰᠤᠷᠭᠠᠨ ᠳᠠᠷᠢᠭᠰᠠᠨ ᠢ᠋ᠢᠡᠷ ᠣᠢᠵᠢᠭᠤᠯᠤᠭ᠍ᠰᠠᠨ᠎ᠠᠴᠠ ᠪᠣᠯᠤᠭ᠍ᠰᠠᠨ ᠠᠵᠤ ᠠᠬᠤᠶ ᠢ᠋ᠢᠨ  ᠦᠷ᠎ᠡ ᠠᠱᠢᠭ ᠢ᠋ ᠤᠯᠠᠮ ᠨᠢᠭᠡ ᠠᠯᠬᠤᠮ ᠢᠯᠡᠷᠡᠭᠦᠯᠦᠭ᠌ᠰᠡᠨ ᠪᠠᠢᠨ᠎ᠠ᠃

ᠲᠦᠴᠢᠦᠸᠠᠨ ᠱᠢᠶᠠᠨ ᠤ᠋ ᠪᠦᠲᠦᠨ ᠪᠤᠯᠠᠭ ᠪᠠᠯᠭᠠᠰᠤᠨ ᠤ᠋ ᠪᠠᠷᠠᠭᠤᠨ ᠲᠠᠯ᠎ᠠ ᠳ᠋ᠤ ᠪᠠᠢᠭ᠎ᠠ ᠡᠮᠲᠤ ᠵᠢᠨ ᠠᠭᠤᠯᠠ ᠥᠩᠭᠡᠷᠡᠭ᠌ᠰᠡᠨ ᠳ᠋ᠤ ᠬᠦᠨᠳᠦ ᠨᠣᠴᠢᠲᠠᠢ ᠴᠦᠯᠯᠡᠷᠬᠡᠭᠵᠢᠵᠡᠢ᠃ ᠬᠠᠪᠤᠷ ᠨᠠᠮᠤᠷ ᠤ᠋ᠨ ᠤᠯᠠᠷᠢᠯ ᠳ᠋ᠤ ᠳᠣᠭ᠍ᠰᠢᠨ ᠰᠠᠯᠬᠢ ᠱᠢᠷ᠎ᠠ ᠡᠯᠡᠰᠦ᠎ᠶ᠋ᠢ ᠬᠡᠢᠰᠬᠡᠨ ᠱᠢᠶᠠᠨ ᠬᠤᠲᠠ᠎ᠢ᠋ᠢ ᠳᠠᠭᠠᠷᠢᠨ᠎ᠠ᠃ 13 ᠵᠢᠯ᠎ᠦᠨ ᠡᠮᠦᠨ᠎ᠡ ᠠᠮᠢ ᠠᠬᠤᠶ᠎ᠶ᠋ᠢ ᠬᠠᠮᠠᠭᠠᠯᠠᠵᠤ ᠰᠠᠯᠬᠢ᠎ᠶ᠋ᠢ ᠰᠡᠷᠭᠡᠢᠯᠡᠨ ᠡᠯᠡᠰᠦ᠎ᠶ᠋ᠢ ᠵᠠᠰᠠᠬᠤ ᠢ᠋ᠢᠨ  ᠲᠥᠯᠥᠭᠡ᠂ ᠭᠸᠤ ᠬᠤᠢ ᠶᠠᠨ ᠱᠢᠩ ᠴᠢᠤᠸᠠᠨ ᠣᠶ ᠱᠢᠭᠤᠶ ᠢ᠋ᠢᠨ  ᠲᠠᠯᠠᠪᠠᠶ ᠢ᠋ᠢᠨ  ᠬᠢᠵᠠᠭᠠᠷᠲᠤ  ᠺᠣᠮᠫᠠᠨᠢ ᠢ᠋ᠢᠨ  120 ᠭᠠᠷᠤᠶ ᠠᠵᠢᠯᠲᠠᠨ ᠠᠵᠢᠯᠴᠢᠨ ᠢ᠋ ᠳᠠᠭᠠᠭᠤᠯᠤᠨ ᠱ᠌ᠢ ᡁᠢ ᠱᠠᠨ ᠳ᠋ᠤ ᠢᠳᠡᠪᠬᠢᠳᠠᠢ ᠠᠵᠢᠯᠯᠠᠪᠠ᠃

《2010 ᠣᠨ᠎ᠠᠴᠠ ᠡᠬᠢᠯᠡᠨ ᠪᠢᠳᠡ 10 ᠵᠢᠯ᠎ᠦᠨ ᠬᠤᠭᠤᠴᠠᠭ᠎ᠠ ᠢ᠋ᠢ ᠬᠡᠷᠡᠭ᠌ᠰᠡᠵᠦ᠍᠂ 1000 ᠭᠠᠷᠤᠶ ᠮᠥ᠍ ᠮᠣᠳᠣ ᠳᠠᠷᠢᠵᠤ᠂ ᠲᠥᠷᠥᠯ ᠵᠦᠶ᠋ᠯ᠎ᠦᠨ ᠶᠡᠷᠦᠩᠬᠡᠶ ᠪᠠᠯᠠ ᠣᠷᠣᠭᠤᠯᠤᠯᠲᠠ 7000 ᠲᠦᠮᠡᠨ ᠲᠥᠭᠥᠷᠢᠭ᠎ᠲᠦ ᠬᠦᠷᠴᠦ᠍᠂ ᠣᠲᠣ ᠪᠣᠯᠬᠤ ᠳ᠋ᠤ ᠨᠢᠭᠡᠨᠲᠡ ᠤᠢᠵᠢᠭᠰᠠᠨ ᠦᠷ᠎ᠠ ᠳ᠋ᠦᠡᠭ ᠳ᠋ᠤ ᠬᠦᠷᠴᠡᠢ》 ᠭᠡᠵᠤ ᠱᠢᠩ ᠴᠢᠤᠸᠠᠨ ᠣᠶ ᠱᠢᠭᠤᠶ ᠢ᠋ᠢᠨ  ᠲᠠᠯᠠᠪᠠᠶ ᠢ᠋ᠢᠨ  ᠬᠢᠵᠠᠭᠠᠷᠲᠤ  ᠺᠣᠮᠫᠠᠨᠢ ᠢ᠋ᠢᠨ  ᠮᠡᠷᠭᠡᠵᠢᠯᠲᠡᠨ ᠰᠦᠨ ᠪᠠᠶ ᠵᠥᠩ ᠨᠢᠳᠦᠨ ᠡᠮᠦᠨᠡᠬᠢ ᠤᠢ᠎ᠶ᠋ᠢ ᠵᠢᠭᠠᠵᠤ ᠣᠮᠣᠭ᠍ᠰᠢᠯᠲᠠᠶ ᠬᠡᠯᠡᠨ᠎ᠠ᠃ ᠲᠡᠷᠡ᠂ ᠭᠸᠤ ᠬᠣᠶ ᠶᠠᠨ ᠠᠵᠢᠯᠲᠠᠨ ᠠᠵᠢᠯᠴᠢᠨ ᠢ᠋ ᠵᠢᠯᠣᠭᠣᠳᠤᠨ ᠴᠢᠯᠠᠭᠤᠨ ᠠᠭᠤᠯᠠᠨ ᠳᠡᠭᠡᠷ᠎ᠡ ᠣᠢᠵᠢᠭᠤᠯᠤᠯᠲᠠ ᠢ᠋ᠢᠨ  ᠲᠦᠪᠱᠢᠨ ᠤ᠋ ᠭᠤᠤ ᠢ᠋ᠢ 21 ᠲᠦᠮᠡᠨ ᠤᠷᠲᠤ ᠳᠦᠷᠪᠡᠯᠵᠢᠨ ᠮᠧᠲ᠋ᠷ ᠮᠠᠯᠲᠠᠭ᠍ᠰᠠᠨ ᠪᠥᠭᠡᠳ〈ᠬᠥᠷᠥᠰᠥ ᠰᠢᠷᠤᠢ᠎ᠶ᠋ᠢ ᠱᠢᠯᠵᠢᠭᠦᠯᠦᠨ ᠲᠡᠵᠢᠭᠡᠬᠦ᠌ ᠂ ᠪᠦᠷᠬᠦᠪᠴᠢ᠎ᠶ᠋ᠢ ᠪᠦᠲᠡᠭᠡᠨ ᠳᠤᠯᠠᠭᠠᠨ ᠢ᠋ ᠬᠠᠮᠠᠭᠠᠯᠠᠬᠤ᠂ ᠳᠤᠰᠤᠯᠭᠠᠨ ᠤᠰᠤᠯᠠᠵᠤ ᠤᠰᠤ ᠬᠠᠩᠭᠠᠬᠤ᠂ ᠮᠣᠳᠣ᠎ᠶ᠋ᠢ ᠲᠤᠯᠭᠠᠭᠤᠷᠢᠯᠠᠨ ᠪᠡᠬᠢᠵᠢᠭᠦᠯᠬᠦ᠌〉 ᠱᠢᠨᠵᠢᠯᠡᠬᠦ᠌ ᠤᠬᠠᠭᠠᠨᠴᠢ ᠲᠥᠰᠦᠯ ᠢ᠋ ᠬᠡᠷᠡᠭᠵᠢᠭᠦᠯᠵᠤ᠂ ᠲᠤᠬᠠᠶ ᠢ᠋ᠢᠨ  ᠵᠢᠯ᠎ᠦᠨ ᠡᠳᠡᠭᠡᠷᠡᠯᠲᠡ ᠢ᠋ᠢᠨ  ᠨᠣᠷᠮ᠎ᠠ 90% ᠢ᠋ᠢ ᠳᠠᠪᠠᠭᠰᠠᠨ ᠭᠠᠢᠬᠠᠮᠱᠢᠭ ᠢ᠋ ᠡᠭᠦᠳᠴᠡᠶ ᠭᠡᠨ᠎ᠠ᠃

ᠣᠢᠷ᠎ᠠ ᠢ᠋ᠢᠨ  ᠵᠢᠯ᠎ᠳ᠋ᠤ᠂ ᠤᠯᠤᠰ ᠤ᠋ᠨ  ᠭᠤᠤᠯᠳᠠᠯᠭ᠎ᠠ ᠲᠠᠢ ᠣᠢᠵᠢᠭᠤᠯᠤᠯᠲᠠ ᠢ᠋ᠢᠨ  ᠲᠥᠷᠥᠯ ᠵᠦᠶ᠋ᠯ᠎ᠦᠨ ᠨᠡᠮᠡᠭ᠌ᠳᠡᠬᠦ᠌᠎ᠶ᠋ᠢ ᠳᠠᠭᠠᠯᠳᠤᠨ ᠳ᠋ᠦᠩᠨᠡᠬᠦ᠌᠎ᠳᠡᠭᠡᠨ ᠴᠢᠳᠠᠮᠠᠭᠠᠶ ᠭᠸᠦ ᠬᠤᠢ ᠶᠠᠨ ᠥᠩᠭᠡᠷᠡᠭ᠌ᠰᠡᠨ ᠤ᠋ ᠠᠮᠵᠢᠯᠲᠠ᠎ᠢ᠋ᠢᠨ ᠲᠤᠷᠱᠢᠯᠭ᠎ᠠ ᠪᠡᠨ ᠦᠷᠭᠦᠯᠵᠢᠯᠡᠨ ᠠᠭᠤᠳᠠᠯᠵᠤ᠂ ᠬᠦᠷᠦᠯᠴᠡᠬᠦ᠌ ᠦᠭᠡᠶ ᠲᠠᠯ᠎ᠠ ᠪᠡᠨ ᠡᠷᠢᠪᠠ᠃ ᠣᠳᠣᠬᠠᠨ᠎ᠤ᠋ ᠲᠦᠴᠢᠦᠸᠠᠨ ᠱᠢᠶᠠᠨ ᠤ᠋ ᠣᠢᠵᠢᠭᠤᠯᠬᠤ ᠳ᠋ᠤ ᠬᠦᠴᠢᠷ᠂ ᠡᠬᠢ ᠪᠠᠶᠠᠯᠢᠭ ᠪᠠᠭ᠎ᠠ᠂ ᠥᠪᠡᠷ᠎ᠦᠨ ᠥᠷᠲᠡᠭ ᠥᠨᠳᠥᠷ ᠵᠡᠷᠭᠡ ᠠᠳᠠᠯᠢ ᠪᠤᠰᠤ ᠬᠦᠴᠢᠷᠳᠡᠯ ᠢ᠋ ᠦᠨᠳᠦᠰᠦᠯᠡᠨ ᠲᠡᠷᠡ ᠱᠢᠶᠠᠩ ᠪᠠᠯᠭᠠᠰᠤᠨ ᠤ᠋ ᠣᠶ ᠱᠢᠭᠤᠶ ᠢ᠋ᠢᠨ  ᠥᠷᠲᠡᠭᠡᠨ ᠤ᠋ ᠳᠠᠷᠤᠭ᠎ᠠ᠂ ᠣᠢᠵᠢᠭᠤᠯᠤᠯᠲᠠ ᠢ᠋ᠢᠨ  ᠡᠷᠦᠬᠡ᠎ᠲᠡᠶ ᠶᠠᠷᠢᠯᠴᠠᠵᠤ᠂ ᠪᠥᠬᠥ᠌ ᠱᠢᠶᠠᠨ ᠤ᠋ ᠭᠠᠵᠠᠷ ᠱᠢᠷᠣᠶ ᠢ᠋ᠢᠨ  ᠡᠬᠢ ᠪᠠᠶᠠᠯᠢᠭ ᠪᠠ ᠣᠶ ᠮᠣᠳᠣᠨ ᠤ᠋ ᠡᠬᠢ ᠪᠠᠶᠠᠯᠢᠭ ᠵᠡᠷᠭᠡ ᠪᠣᠳᠠᠲᠤ ᠪᠠᠢᠳᠠᠯ ᠲᠠᠢ ᠤᠶᠠᠯᠳᠤᠭᠤᠯᠤᠨ᠂ ᠣᠢᠵᠢᠭᠤᠯᠵᠤ ᠨᠣᠭᠣᠭᠠᠷᠠᠭᠤᠯᠬᠤ ᠲᠥᠯᠥᠪᠵᠢᠭᠦᠯᠭᠡ᠎ᠶ᠋ᠢ ᠨᠠᠷᠢᠨ ᠨᠢᠮᠪᠠᠢ᠂ ᠱᠢᠨᠵᠢᠯᠡᠬᠦ᠌ ᠤᠬᠠᠭᠠᠨᠴᠢ ᠪᠡᠷ ᠨᠠᠢᠷᠠᠭᠤᠯᠤᠨ ᠵᠣᠬᠢᠶᠠᠵᠤ᠂ ᠤᠯᠤᠰ ᠤ᠋ᠨ ᠣᠶ ᠱᠢᠭᠤᠶ ᠢ᠋ᠢᠨ ᠭᠤᠤᠯᠳᠠᠯᠭ᠎ᠠ ᠲᠠᠢ ᠢᠨᠵᠧᠨᠧᠷᠢᠩ᠎ᠦᠨ ᠪᠥᠲᠥᠭᠡᠨ ᠪᠠᠢᠭᠤᠯᠤᠯᠲᠠ ᠪᠠ ᠪᠥᠬᠥ᠌ ᠱᠢᠶᠠᠨ ᠤ᠋ ᠠᠮᠢ ᠠᠬᠤᠢ 《〈ᠠᠷᠪᠠᠨ ᠭᠤᠷᠪᠠᠳᠤᠭᠠᠷ ᠲᠠᠪᠤᠨ ᠵᠢᠯ〉 ᠡᠴᠡ ᠨᠠᠭᠠᠰᠢ᠂ ᠮᠠᠨ ᠤ᠋ ᠱᠢᠶᠠᠨ ᠬᠥᠮᠦᠨ ᠤ᠋ ᠬᠦᠴᠦ᠍᠎ᠪᠡᠷ ᠣᠢᠵᠢᠭᠤᠯᠬᠤ ᠪᠠ ᠠᠭᠤᠯᠠ᠎ᠶ᠋ᠢ ᠪᠢᠲᠡᠭᠦᠮᠵᠢᠯᠡᠨ ᠣᠢᠵᠢᠭᠤᠯᠵᠤ᠂ 〈ᠤᠮᠠᠷᠠᠲᠤ ᠢ᠋ᠢᠨ  ᠭᠤᠷᠪᠠᠨ ᠣᠷᠣᠨ〉 ᠤ᠋ ᠲᠠᠪᠤᠳᠤᠭᠠᠷ ᠬᠤᠭᠤᠴᠠᠭᠠᠨ ᠤ᠋ ᠢᠨᠵᠧᠨᠧᠷᠢᠩ ᠢ᠋ ᠨᠡᠢ᠌ᠳᠡ 18 ᠲᠦᠮᠡᠨ ᠮᠦ᠍ ᠪᠡᠶᠡᠯᠡᠭᠦᠯᠵᠦ᠍᠂ ᠬᠡᠭᠡᠷ᠎ᠡ ᠢ᠋ᠢᠨ  ᠬᠦᠢᠯᠡᠰᠦ᠂ ᠬᠠᠷᠭᠠᠨ᠎ᠠ᠂ ᠬᠡᠭᠡᠷ᠎ᠡ ᠢ᠋ᠢᠨ  ᠲᠠᠤᠯᠠᠢ ᠢ᠋ᠢᠨ  ᠪᠥᠭᠡᠷ᠎ᠡ᠂ ᠵᠢᠭᠠᠷᠲᠤ ᠨᠠᠷᠠᠰᠤ ᠵᠡᠷᠭᠡ᠎ᠶ᠋ᠢ ᠰᠣᠩᠭᠣᠵᠤ ᠡᠯᠡᠰᠦ᠎ᠶ᠋ᠢ ᠵᠠᠰᠠᠬᠤ ᠮᠣᠳᠣᠨ ᠤ᠋ ᠲᠦᠷᠦᠯ ᠪᠣᠯᠭᠠᠵᠤ᠂ ᠪᠦᠬᠦ᠌ ᠱᠢᠶᠠᠨ ᠤ᠋ ᠤᠢ ᠱᠢᠭᠤᠢ ᠢ᠋ᠢᠨ  ᠪᠦᠷᠬᠦᠴᠡ ᠢ᠋ᠢᠨ  ᠨᠤᠷᠮ᠎ᠠ 2015 ᠣᠨ᠎ᠠᠴᠠ 2023 ᠣᠨ ᠪᠣᠯᠲᠠᠯ᠎ᠠ ᠵᠠᠭᠤᠨ ᠤ᠋ ᠬᠠᠷᠢᠴᠠᠯ ᠢ᠋ᠢᠡᠷ  1.78 ᠬᠤᠪᠢ ᠳᠡᠭᠡᠭ᠌ᠰᠢᠯᠡᠵᠦ᠍᠂ ᠬᠣᠷᠴᠢᠨ ᠤ᠋ ᠡᠯᠡᠰᠦᠷᠬᠡᠭ ᠭᠠᠵᠠᠷ ᠤ᠋ᠨ  ᠤᠮᠠᠷᠠᠰᠢ ᠦᠷᠭᠡᠵᠢᠬᠦ ᠶ᠋ᠢ ᠪᠦᠲᠦᠮᠵᠢᠲᠡᠢ ᠬᠣᠷᠢᠭ᠍ᠯᠠᠪᠠ 》 ᠭᠡᠵᠤ ᠭᠸᠦ ᠬᠤᠢ ᠶᠠᠨ ᠲᠦᠴᠢᠦᠸᠠᠨ ᠱᠢᠶᠠᠨ ᠤ᠋ ᠠᠮᠢ ᠠᠬᠤᠶ ᠢ᠋ᠢᠨ  ᠪᠥᠲᠥᠭᠡᠨ ᠪᠠᠢᠭᠤᠯᠤᠯᠲᠠ ᠢ᠋ᠢᠨ  ᠠᠮᠵᠢᠯᠲᠠ ᠪᠦᠲᠦᠮᠵᠢ ᠢ᠋ᠢᠨ  ᠲᠤᠬᠠᠶ ᠶᠠᠷᠢᠵᠤ ᠭᠠᠷᠤᠯ᠎ᠠ᠃ ᠲᠦᠴᠢᠦᠸᠠᠨ ᠱᠢᠶᠠᠨ ᠤᠷᠢᠳ ᠬᠣᠵᠢᠳ《ᠪᠥᠬᠥ᠌ ᠤᠯᠤᠰ ᠤ᠋ᠨ  ᠨᠣᠭᠣᠭᠠᠷᠠᠭᠤᠯᠤᠯᠲᠠ ᠢ᠋ᠢᠨ  ᠲᠡᠷᠢᠭᠦᠨ ᠤ᠋ ᠬᠠᠮᠲᠤ ᠨᠡᠢᠲᠡ》 ᠂ 《ᠪᠥᠬᠥ᠌ ᠤᠯᠤᠰ ᠤ᠋ᠨ  ᠠᠮᠢ ᠠᠬᠤᠶ ᠢ᠋ᠢᠨ  ᠪᠥᠲᠥᠭᠡᠨ ᠪᠠᠢᠭᠤᠯᠤᠯᠲᠠ ᠢ᠋ᠢᠨ  ᠲᠣᠪᠣᠢᠮ᠎ᠠ ᠬᠤᠪᠢ  ᠨᠡᠮᠡᠷᠢ ᠦᠵᠡᠭᠦᠯᠦᠭ᠌ᠰᠡᠨ ᠲᠡᠷᠢᠭᠦᠨ ᠤ᠋ ᠬᠠᠮᠲᠤ ᠨᠡᠢᠲᠡ》 ᠵᠡᠷᠭᠡ ᠢᠷᠠᠭᠤ ᠠᠯᠳᠠᠷ᠎ᠢ᠋ ᠭᠥᠷᠳᠡᠪᠡ᠃ ᠡᠨᠡ ᠬᠦ᠌  ᠠᠮᠢ ᠠᠬᠤᠶ ᠢ᠋ᠢᠨ  ᠬᠠᠷᠢᠭᠤᠯᠲᠠ ᠢ᠋ᠢᠨ  ᠬᠠᠭᠤᠳᠠᠰᠤᠨ᠎ᠳᠡᠭᠡᠷ᠎ᠠ ᠭᠸᠤ ᠬᠤᠢ ᠶᠠᠨ ᠤ᠋ ᠬᠥᠯᠥᠰᠥ᠍ ᠱᠢᠩᠭᠡᠵᠦ᠍ ᠪᠠᠢᠯ᠎ᠠ᠃ 2010 ᠣᠨ᠎ᠠᠴᠠ ᠤᠳᠤ ᠪᠣᠯᠲᠠᠯ᠎ᠠ ᠭᠸᠤ ᠬᠤᠢ ᠶᠠᠨ ᠬᠠᠮᠲᠤ ᠠᠵᠢᠯᠯᠠᠭ᠍ᠰᠠᠳ ᠲᠠᠢ ᠪᠡᠨ ᠲᠦᠴᠢᠦᠸᠠᠨ ᠱᠢᠶᠠᠨ ᠤ᠋ ᠲᠠᠷᠢᠶᠠᠯᠠᠬᠤ ᠪᠡᠨ ᠵᠣᠭ᠍ᠰᠣᠭᠠᠵᠤ ᠮᠣᠳᠣ ᠲᠠᠷᠢᠬᠤ ᠢᠨᠵᠧᠨᠧᠷᠢᠩ᠂ 《ᠤᠮᠠᠷᠠᠲᠤ ᠢ᠋ᠢᠨ  ᠭᠤᠷᠪᠠᠨ ᠣᠷᠣᠨ》 ᠤ᠋ ᠬᠠᠯᠬᠠᠪᠴᠢ ᠤᠢ ᠢ᠋ᠢᠨ  ᠢᠨᠵᠧᠨᠧᠷᠢᠩ ᠵᠡᠷᠭᠡ ᠤᠯᠤᠰ ᠤ᠋ᠨ  ᠭᠣᠣᠯᠳᠠᠯᠭ᠎ᠠ ᠲᠠᠢ ᠤᠢ ᠱᠢᠭᠤᠢ ᠢ᠋ᠢᠨ  ᠲᠦᠷᠦᠯ ᠵᠦᠢᠯ ᠢ᠋ ᠨᠡᠢᠲᠡ 40 ᠭᠠᠷᠤᠢ ᠲᠦᠮᠡᠨ ᠮᠦ᠍ ᠱᠢᠯᠭᠠᠨ ᠠᠪᠴᠤ᠌᠂ ᠡᠨᠡ ᠬᠦ᠌ ᠭᠠᠵᠠᠷ ᠱᠢᠷᠣᠢ ᠢ᠋ᠢᠨ  ᠡᠳᠦᠷ ᠢᠷᠡᠬᠦᠶ᠎ᠡ ᠱᠢᠨᠡᠳᠦᠨ ᠬᠤᠪᠢᠷᠠᠬᠤ᠎ᠶ᠋ᠢ ᠭᠡᠷᠡᠴᠢᠯᠡᠭ᠌ᠰᠡᠨ ᠶᠤᠮ᠃

 ᠭᠸᠦ ᠬᠤᠢ ᠶᠠᠨ 20 ᠭᠠᠷᠤᠢ ᠵᠢᠯ᠎ᠦᠨ ᠡᠯᠡᠰᠦ ᠵᠠᠰᠠᠵᠤ ᠨᠤᠭᠤᠭᠠᠷᠠᠭᠤᠯᠤᠭᠰᠠᠨ  ᠵᠠᠮ ᠵᠢᠠᠨ ᠡᠷᠭᠢᠴᠡᠭᠦᠯᠬᠦ ᠎ᠳ᠋ᠡᠬᠡᠨ᠄ 《ᠵᠢᠯ ᠳᠠᠷᠠᠭᠠᠯᠠᠨ ᠨᠡᠮᠡᠭ᠌ᠳᠡᠵᠦ᠍ ᠪᠠᠢᠭ᠎ᠠ ᠨᠣᠮᠢᠨ ᠨᠣᠭᠣᠭᠠᠨ ᠦᠩᠭᠡ ᠪᠣᠯ ᠨᠢᠭᠡᠨ ᠬᠤᠪᠢ ᠬᠠᠷᠢᠭᠤᠴᠠᠯᠭ᠎ᠠ ᠮᠦᠷᠲᠡᠭᠡᠨ ᠨᠢᠭᠡᠨ ᠬᠤᠪᠢ ᠬᠦᠰᠡᠯ ᠡᠷᠡᠮᠡᠯᠵᠡᠯ ᠮᠥᠨ᠂ ᠪᠢ ᠡᠬᠡ ᠤᠯᠤᠰ ᠤ᠋ᠨ ᠤᠮᠠᠷᠠᠲᠤ ᠢ᠋ᠢᠨ ᠠᠮᠢ ᠠᠬᠤᠢ ᠢ᠋ᠢᠨ ᠠᠮᠤᠷ ᠲᠦᠪᠱᠢᠨ ᠤ᠋ ᠬᠠᠯᠬᠠᠪᠴᠢ᠎ᠶ᠋ᠢ ᠪᠠᠲᠤ ᠴᠣᠭ᠍ᠴᠠᠯᠠᠬᠤ ᠳ᠋ᠤ ᠦᠪᠡᠷ ᠤ᠋ᠨ ᠤᠶᠤᠨ ᠤᠬᠠᠭᠠᠨ ᠬᠦᠴᠦᠨ ᠴᠢᠳᠠᠯ᠎ᠢᠶᠠᠨ ᠡᠷᠬᠦᠨ᠎ᠡ》 ᠭᠡᠵᠤ ᠤᠮᠤᠭ ᠵᠤᠷᠢᠭ ᠪᠠᠳᠠᠷᠠᠨᠭᠭᠤᠢ ᠬᠡᠯᠡᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号