ᠰᠢᠨ᠎ᠠ ᠵᠢᠨ ᠪᠠᠷᠠᠭ᠎ᠠ ᠪᠠᠨ ᠪᠡᠯᠡᠳᠭᠡᠨ ᠲᠠᠤᠯᠠᠢ ᠵᠢᠯ ᠵᠢᠡᠨ ᠬᠦᠷ ᠭᠦᠭᠵᠢᠶᠠᠨ ᠲᠠᠢ ᠤᠭᠳᠤᠨ᠎ᠠ
2023-01-26 10:56:11
ᠵᠣᠬᠢᠶᠠᠭ᠍ᠴᠢ᠄
​ ᠸᠠᠡᠭ ᠲᠠᠨ᠎ᠠ
ᠣᠩᠱᠢᠭ᠍ᠰᠠᠨ ᠣᠳᠠᠭ᠎ᠠ᠄
★★★☆☆

《ᠯᠠ ᠰᠠᠷ᠎ᠠ ᠎ᠶ᠋ᠢᠨ ᠰᠢᠨ᠎ᠡ ᠵᠢᠨ ᠨᠠᠢ᠍ᠮᠠᠨ ᠥᠩᠭᠡᠷᠡᠭᠰᠡᠭᠡᠷ ᠴᠠᠭᠠᠨ ᠰᠠᠷ᠎ᠠ ᠠᠢᠰᠤᠢ》 ᠭᠡᠳᠡᠭᠴᠢᠯᠠᠨ ᠯᠠ ᠰᠠᠷ᠎ᠠ᠎ᠶ᠋ᠢᠨ ᠰᠢᠨ᠎ᠡ ᠵᠢᠨ ᠨᠠᠢ᠍ᠮᠠᠨ ᠦᠡᠭᠭᠡᠷᠡᠮᠡᠭᠴᠡ ᠯᠢᠨᠰᠢ ᠱᠢᠶᠠᠨ᠎ᠤ ᠬᠥᠳᠡᠭᠡ ᠲᠣᠰᠭᠣᠨ ᠎ᠤ ᠴᠤᠭᠯᠠᠭ᠎ᠠ ᠮᠠᠢᠮᠠᠢ ᠤᠯᠠᠮ᠎ᠠᠴᠠ ᠤᠯᠠᠮ ᠬᠥᠷ ᠬᠥᠭ᠌ᠵᠢᠶᠡᠨ᠎ᠲᠡᠶ ᠪᠣᠯᠪᠠ᠃ ᠯᠢᠨᠰᠢ ᠱᠢᠶᠠᠨ᠎ᠤ ᠴᠠᠭᠠᠨ ᠰᠠᠷ᠎ᠠ᠎ᠶ᠋ᠢᠨ ᠵᠠᠩᠱᠢᠯ᠎ᠳᠤ  《ᠵᠢᠯ ᠴᠠᠭᠠᠨ ᠰᠠᠷ᠎ᠠ ᠳ᠋ᠤ ᠴᠤᠭᠯᠠᠭ᠎ᠠ ᠮᠠᠢᠮᠠᠢ ᠵᠢᠨ ᠵᠠᠬ᠎ᠠ ᠳ᠋ᠤ ᠤᠴᠢᠬᠤ》 ᠪᠣᠯ ᠠᠢᠯ ᠡᠷᠦᠬᠡ ᠪᠦᠷᠢ ᠵᠢᠨ ᠳᠤᠲᠠᠭ᠍ᠳᠠᠵᠤ ᠪᠣᠯᠤᠰᠢ ᠥᠬᠡᠶ ᠶᠠᠪᠤᠳᠠᠯ ᠪᠣᠯᠤᠨ᠎ᠠ᠃ ᠯᠢᠨᠰᠢ ᠱᠢᠶᠠᠨ᠎ᠤ ᠱᠠᠩ ᠭᠤᠸᠠᠨ ᠳ᠋ᠢ ᠲᠣᠰᠭᠣᠨ᠎ᠤ ᠴᠤᠭ᠍ᠯᠠᠭ᠎ᠠ ᠮᠠᠢᠮᠠᠢ᠎ᠶ᠋ᠢᠨ ᠵᠠᠬ᠎ᠠ ᠳ᠋ᠤ ᠲᠤᠮᠤ ᠤᠯᠠᠭᠠᠨ ᠳ᠋ᠧᠩᠯᠦ᠍ ᠥᠨᠳᠥᠷ ᠲᠤ᠌ ᠡᠯᠭᠦᠭ᠌ᠳᠡᠵᠦ᠍ ᠂ ᠨᠢᠳᠦ ᠳᠦᠭᠦᠷᠡᠩ ᠪᠠᠷᠠᠭ᠎ᠠ᠂ ᠶᠠᠭᠠᠷᠠᠯᠲᠠᠢ ᠮᠠᠢᠮᠠᠢ ᠬᠢᠬᠦ ᠲᠠᠷᠢᠶᠠᠴᠢᠳ᠎ᠢ ᠦᠵᠡᠪᠡᠯ ᠴᠠᠭᠠᠨ ᠰᠠᠷ᠎ᠠ ᠠᠢᠰᠤᠢ ᠭᠡᠳᠡᠭ᠎ᠢ ᠮᠡᠳᠡᠨ᠎ᠡ᠃


QQ截图20230126105512.png


                     ᠴᠠᠭᠠᠨ ᠰᠠᠷ᠎ᠠ ᠡᠴᠡ ᠡᠮᠦᠨᠡᠭᠢ ᠴᠤᠬᠯᠠᠭ᠎ᠠ ᠮᠠᠢᠮᠠᠢ᠃

                             ᠰᠤᠷᠪᠤᠯᠵᠢᠯᠠᠬᠴᠢ  ᠸᠠᠩ ᠲᠠᠨ᠎ᠠ  ᠰᠡᠬᠦᠳᠡᠷᠯᠡᠪᠡ


ᠳᠡᠯᠭᠡᠭᠦᠷ᠎ᠦᠨ ᠡᠵᠡᠳ ᠰᠢᠨ᠎ᠠ ᠵᠢᠨ ᠪᠠᠷᠠᠭ᠎ᠠ ᠎ᠪᠠᠨ ᠲᠠᠯᠪᠢᠭᠤᠷ ᠲᠦᠬᠦᠷᠳᠠᠯ᠎ᠠ ᠦᠷᠦᠵᠦ᠍᠂ ᠲᠣᠰᠭᠣᠨ᠎ᠤ ᠠᠷᠠᠳ ᠡᠯ᠎ᠡ ᠬᠤᠳᠠᠯᠳᠤᠭ᠎ᠠ ᠵᠢᠨ ᠬᠣᠭᠣᠷᠣᠨᠳᠣ ᠰᠦᠯᠵᠢᠯᠳᠦᠨ᠂ ᠬᠣᠣᠰ ᠤᠶᠠᠩᠭ᠎ᠠ ᠰᠢᠨ᠎ᠠ᠎ᠶ᠋ᠢᠨ ᠪᠠᠷᠠᠭ᠎ᠠ ᠰᠣᠩᠭᠣᠵᠤ ᠂ ᠱᠢᠨ᠎ᠡ ᠬᠤᠪᠴᠠᠰᠤ ᠡᠮᠦᠰᠴᠤ ᠪᠠᠢᠨ᠎ᠡ᠃ ᠵᠢᠭᠠᠰᠤ ᠬᠤᠳᠠᠯᠳᠤᠳᠠᠭ ᠳᠡᠯᠭᠡᠭᠦᠷ ᠎ᠦᠨ ᠬᠠᠵᠠᠭᠤ ᠎ᠳᠤ ᠬᠥᠮᠦᠨ ᠬᠠᠮᠤᠭ᠎ᠤᠨ ᠣᠯᠠᠨ ᠬᠦᠷᠢᠶᠡᠯᠡᠵᠦ᠍᠂ ᠫᠧᠩᠰᠡᠨ᠎ᠳᠡᠬᠢ ᠮᠥᠷᠭᠥ᠌ ᠵᠢᠭᠠᠰᠤ ᠴᠤᠯᠭᠢᠨ ᠦᠰᠦᠷᠴᠦ ᠂ ᠵᠤᠴᠢᠳ ᠢ᠋ ᠤᠭᠳᠤᠨ᠎ᠠ᠃ 《ᠣᠳᠣ ᠠᠷᠠᠳ᠎ᠤᠨ ᠠᠮᠢᠳᠤᠷᠠᠯ ᠰᠠᠢᠵᠢᠷᠠᠵᠤ᠂ ᠵᠣᠭᠣᠰ᠎ᠲᠠᠢ ᠪᠤᠯᠵᠠᠢ᠃ ᠬᠠᠷᠠᠵᠤ ᠪᠠᠢᠲᠠᠯ᠎ᠠ ᠪᠢ ᠨᠢᠭᠡᠨᠲᠡ ᠭᠤᠴᠢ ᠳᠥᠴᠢᠨ ᠵᠢᠩ ᠵᠢᠭᠠᠰᠤ ᠬᠤᠳᠠᠯᠳᠤᠴᠢᠬᠠᠵᠠᠢ》  ᠬᠡᠵᠤ ᠬᠤᠳᠠᠯᠳᠤᠭ᠎ᠠ ᠵᠢᠨ ᠡᠵᠡᠨ ᠸᠠᠩ ᠳ᠋ᠦᠩ ᠱᠧᠩ ᠵᠢᠭᠠᠰᠤ ᠪᠠᠨ ᠱᠦᠬᠦᠵᠤ ᠪᠠᠶᠠᠷᠯᠠᠨ᠎ᠠ᠃

ᠯᠦᠩ ᠳᠧᠦ ᠱᠠᠨ ᠲᠣᠰᠭᠣᠨ᠎ᠤ ᠠᠷᠠᠳ ᠸᠠᠩ ᠹᠸᠩ ᠶᠦᠨ ᠠᠯᠢ ᠡᠷᠲᠡ ᠴᠤᠭ᠍ᠯᠠᠭ᠎ᠠ ᠮᠠᠢᠮᠠᠶ ᠵᠢᠨ ᠵᠠᠬ᠎ᠠ᠎ᠳᠤ ᠢᠷᠡᠭᠡᠳ᠂ ᠡᠯ᠎ᠡ ᠲᠥᠷᠥᠯ᠎ᠦᠨ ᠰᠢᠨ᠎ᠠ᠎ᠶ᠋ᠢᠨ ᠪᠠᠷᠠᠭ᠎ᠠ᠎ᠶ᠋ᠢᠨ ᠳᠣᠲᠣᠷ᠎ᠠ ᠡᠴᠡ ᠪᠠᠶᠠᠷᠲᠠᠢ ᠪᠠᠷᠠᠭ᠎ᠠ ᠰᠤᠩᠭᠤᠨ᠎ᠠ᠃ 《ᠡᠨᠡ ᠵᠢᠯ᠎ᠦᠨ ᠣᠷᠣᠯᠭ᠎ᠠ ᠨᠡᠯᠢᠶᠡᠳ ᠰᠠᠢᠨ᠂ ᠬᠡᠸ᠋ᠬᠡᠳ᠎ᠦᠳ ᠴᠦ᠍ ᠬᠠᠷᠢᠵᠤ ᠢᠷᠡᠭᠡᠳ ᠱᠢᠨᠡᠯᠡᠨ᠎ᠡ᠂ ᠴᠤᠭ᠍ᠯᠠᠭ᠎ᠠ ᠮᠠᠢᠮᠠᠶ ᠡᠴᠡ ᠰᠢᠨ᠎ᠡ ᠵᠢᠨ ᠪᠠᠷᠠᠭ᠎ᠠ ᠰᠤᠩᠭᠤᠨ᠂ ᠲᠠᠸ᠋ᠯᠠᠶ ᠵᠢᠯ ᠵᠢᠡᠨ ᠤᠭ᠍ᠲᠤᠬᠤ᠎ᠪᠠᠷ ᠪᠡᠯᠡᠳᠭᠡᠵᠦ᠍ ᠪᠤᠢ》 ᠭᠡᠵᠤ ᠸᠠᠩ ᠹᠸᠩ ᠶᠦᠨ ᠳᠤᠭᠳᠤᠯᠤᠨ᠎ᠠ ᠬᠡᠯᠡᠨ᠎ᠠ᠃

ᠨᠡᠡᠭᠬᠢ ᠪᠤᠤᠪᠤ ᠵᠢᠡᠭᠨᠡᠬᠦ᠂ ᠳ᠋ᠧᠦᠹᠦ᠋ ᠬᠢᠬᠦ᠂ ᠰᠢᠨ᠎ᠠ ᠵᠢᠨ ᠪᠠᠷᠠᠭ᠎ᠠ ᠬᠤᠳᠠᠯᠳᠤᠨ ᠠᠪᠬᠤ᠂ ᠬᠣᠣᠰ ᠤᠶᠠᠩᠭ᠎ᠠ ᠨᠠᠭᠠᠬᠤ ᠂ ᠳ᠋ᠧᠩᠯᠦ᠍ ᠡᠯᠭᠦᠬᠦ᠌ ᠵᠡᠷᠭᠡ ᠬᠦᠷ ᠨᠠᠷᠭᠢᠶᠠᠨ᠎ᠲᠠᠶ ᠱᠢᠨ᠎ᠡ ᠵᠢᠯ᠎ᠦᠨ ᠶᠣᠰᠣᠯᠠᠯ᠎ᠤᠨ ᠲᠦᠷᠦᠭ᠌ᠳᠡᠯ᠎ᠢᠶᠡᠷ ᠪᠢᠯᠬᠠᠮ᠎ᠠ ᠠᠵᠢᠯᠯᠠᠭ᠎ᠠ ᠨᠢ ᠯᠢᠨᠰᠢ ᠵᠢᠨ ᠠᠷᠠᠳ ᠲᠦᠮᠡᠨ᠎ᠦ ᠵᠣᠯ ᠵᠢᠷᠭᠠᠯᠲᠤ ᠠᠮᠢᠳᠤᠷᠠᠯ᠎ᠤᠨ ᠲᠤᠬᠠᠢ ᠬᠦᠰᠡᠯ ᠡᠷᠡᠮᠡᠯᠵᠡᠯ᠎ᠢ ᠠᠴᠢᠶᠠᠯᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠨᠠᠷ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号