ᠡᠨᠡ ᠵᠢᠯᠤᠨ ᠴᠠᠭᠠᠨ ᠰᠠᠷ᠎ᠠ ᠵᠢᠨ ᠠᠮᠠᠷᠠᠯᠳᠠ ᠵᠢᠨ ᠬᠤᠭᠤᠴᠠᠭᠠᠨ ᠳ᠋ᠤ᠂ ᠪᠤᠭᠤᠳᠤ ᠬᠤᠳᠠ ᠵᠢᠨ ᠨᠡᠢᠳᠡ ᠵᠢᠨ ᠮᠠᠰᠢᠨ ᠲᠡᠷᠭᠡᠨ ᠪ ᠪᠦᠯᠦᠭᠯᠡᠯ ᠨᠢ ᠦᠨ᠎ᠠ ᠲᠦᠯᠦᠪᠤᠷᠢ ᠦᠭᠡᠢ ᠪᠡᠷ ᠨᠡᠢᠳᠡ ᠵᠢᠨ ᠮᠠᠰᠢᠨ ᠲᠡᠷᠭᠡᠨ ᠳ᠋ᠤ ᠰᠠᠭᠤᠯᠭᠠᠬᠤ ᠠᠵᠢᠯᠯᠠᠭ᠎ᠠ ᠦᠷᠨᠢᠬᠦᠯᠦᠭᠰᠡᠨ ᠪᠠᠢᠨ᠎ᠠ᠃ ᠬᠡᠳᠤᠢᠪᠡᠷ ᠴᠠᠭᠠᠨ ᠰᠠᠷ᠎ᠠ ᠡᠴᠡ ᠡᠮᠦᠨ᠎ᠠ᠂ ᠬᠠᠮᠢᠶ᠎ᠠ ᠪᠦᠬᠦᠢ ᠮᠡᠳᠡᠭᠳᠡᠯᠢ ᠬᠠᠷᠠᠬᠰᠠᠨᠤ ᠲᠠᠷᠠᠭ᠎ᠠ᠂ ᠰᠤᠷᠪᠤᠯᠵᠢᠯᠠᠬᠴᠢ ᠲᠡᠮᠡᠢ ᠤᠪᠠᠢᠨ ᠳ᠋ᠠᠭᠠᠨ ᠠᠪᠤᠬᠰᠠᠨ ᠦᠭᠡᠢ ᠪᠤᠯᠪᠠᠴᠤ᠂ ᠴᠠᠭᠠᠨ ᠰᠠᠷ᠎ᠠ ᠵᠢᠨ ᠬᠤᠭᠤᠴᠠᠭᠠᠨᠤ ᠨᠢᠭᠡ ᠤᠳᠠᠭᠠᠨᠤ ᠪᠡᠶᠡᠴᠢᠯᠡᠨ ᠤᠢᠯᠠᠭᠠᠯᠳᠠ ᠪᠡᠷ ᠲᠠᠮᠵᠢᠭᠠᠳ᠂ ᠲᠡᠭᠦᠨᠤ ᠢᠳᠡᠪᠬᠢ ᠴᠢᠨᠠᠷᠢ ᠤᠯᠵᠦ ᠮᠡᠳᠡᠭᠰᠡᠨ ᠪᠠᠢᠨ᠎ᠠ᠃
1 ᠰᠠᠷ᠎ᠠ ᠵᠢᠨ 27ᠤ ᠡᠳᠦᠷ (ᠴᠠᠭᠠᠨ ᠰᠠᠷ᠎ᠠ ᠵᠢᠨ ᠰᠢᠨ᠎ᠠ ᠵᠢᠨ ᠵᠢᠷᠭᠤᠭᠠᠨ)ᠤᠨ ᠦᠳᠡ ᠵᠢᠨ ᠡᠮᠦᠨ᠎ᠠ᠂ ᠰᠤᠷᠪᠤᠯᠵᠢᠯᠠᠬᠴᠢ ᠰᠡᠭᠦᠳᠡᠷ ᠲᠠᠳᠠᠬᠤ ᠭᠠᠵᠠᠷ ᠤᠴᠢᠬᠤ ᠱᠠᠭᠠᠷᠳᠠᠯᠭ᠎ᠠ ᠲᠠᠢ ᠪᠤᠯᠵᠦ᠂ ᠲᠤᠰᠬᠠᠢᠯᠠᠨ ᠨᠡᠢᠳᠡ ᠵᠢᠨ ᠮᠠᠰᠢᠨ ᠲᠡᠷᠭᠡ ᠵᠢ ᠰᠤᠩᠭᠤᠵᠦ ᠠᠶᠠᠯᠠᠬᠰᠠᠨ ᠪᠢᠯᠡ᠃ ᠡᠮᠦᠨ᠎ᠡ ᠬᠤᠶᠠᠷ ᠡᠳᠦᠷ᠂ ᠰᠤᠷᠪᠤᠯᠵᠢᠯᠠᠬᠴᠢ ᠵᠢᠷᠬᠢᠶ᠎ᠡ ᠵᠢᠨ ᠨᠠᠢᠵᠢ ᠵᠢᠨ ᠲᠤᠭᠤᠷᠢᠭ ᠡᠴᠡ ᠲᠦᠷᠢᠶᠡᠰᠦᠨ ᠮᠠᠰᠢᠨ ᠵᠢᠯᠤᠭᠤᠳᠳᠠᠭ ᠨᠡᠢᠵᠢ ᠵᠢᠨ ᠵᠢᠡᠨ 《 ᠨᠡᠢᠳᠡ ᠵᠢᠨ ᠮᠠᠰᠢᠨ ᠲᠡᠷᠭᠡ ᠨᠡᠳᠡ ᠵᠢ ᠲᠤᠰᠬᠤ ᠪᠡᠷ ᠢᠷᠡᠯ᠎ᠠ᠃ ᠦᠨ᠎ᠠ ᠲᠦᠯᠦᠪᠦᠷᠢ ᠦᠭᠡᠢ ᠨᠡᠢᠳᠡ ᠵᠢᠨ ᠮᠠᠰᠢᠨ ᠲᠡᠷᠭᠡ ᠪᠠᠢᠬᠤ ᠤᠴᠢᠷ ᠡᠴᠡ ᠪᠢ ᠦᠨᠦᠳᠤᠷ ᠮᠠᠰᠢᠨ ᠪᠠᠷᠢᠬᠰᠠᠨ ᠦᠭᠡᠢ》 ᠭᠡᠰᠠᠨ ᠴᠠᠬᠢᠮ ᠮᠡᠳᠡᠭᠡ ᠵᠢ ᠬᠠᠷᠠᠭᠠᠳ ᠰᠤᠨᠢᠭᠤᠴᠢ ᠰᠡᠳᠬᠢᠯᠬᠡ ᠲᠦᠷᠦᠭᠰᠡᠨ ᠶᠤᠮ᠃
ᠨᠢᠭᠡ ᠬᠤᠶᠠᠷ ᠲᠦᠭᠦᠷᠢᠭᠤᠨ ᠰᠦᠢᠳᠬᠡᠯ ᠡᠴᠡ ᠬᠡᠯᠳᠤᠷᠢᠭᠦᠯᠦᠭᠰᠡᠨ ᠨᠡᠢᠳᠡ ᠵᠢᠨ ᠮᠠᠰᠢᠨ ᠲᠡᠷᠭᠡ ᠨᠢ ᠶᠠᠭᠠᠬᠢᠭᠠᠳ ᠡᠳᠦᠷ ᠲᠤ᠌ ᠬᠤᠶᠠᠷ ᠭᠤᠷᠪᠠᠨ ᠵᠠᠭᠤᠨ ᠲᠦᠭᠦᠷᠢᠭᠢ ᠰᠠᠨᠠᠭ᠎ᠠ ᠠᠮᠤᠷ ᠤᠯᠳᠠᠭ ᠲᠦᠷᠢᠶᠡᠰᠦᠨ ᠮᠠᠰᠢᠨᠤ ᠵᠢᠯᠤᠭᠤᠴᠢ ᠵᠢᠨ ᠰᠡᠳᠬᠢᠯᠢ ᠬᠦᠳᠡᠯᠭᠡᠴᠢᠬᠡᠪᠡ?ᠡᠨᠡ ᠬᠦ᠌ ᠠᠰᠠᠭᠤᠯᠳᠠ ᠵᠢᠨ ᠬᠠᠷᠢᠭᠤᠯᠳᠠ ᠵᠢ ᠪᠤᠳᠤᠬᠰᠠᠭᠠᠷ ᠪᠢ ᠰᠢᠨ᠎ᠠ ᠵᠢᠨ ᠵᠢᠷᠭᠤᠭᠠᠨ ᠳ᠋ᠤ 《 ᠳ᠋ᠦᠩ ᠹᠧᠩ ᠪᠧᠨ ᠲᠢᠶᠠᠨ 》 ᠵᠤᠬᠰᠤᠭᠠᠯ ᠡᠴᠡ ᠪᠤᠭᠤᠲᠤ ᠬᠤᠳᠠ ᠵᠢᠨ 31 ᠳ᠋ᠤᠭᠡᠷ ᠵᠠᠮᠤᠨ ᠨᠡᠢᠳᠡ ᠵᠢᠨ ᠮᠠᠰᠢᠨ ᠲᠡᠷᠭᠡᠨ ᠳ᠋ᠤ ᠭᠠᠷᠤᠯ᠎ᠠ᠃ ᠭᠠᠷᠤᠭᠠᠤᠨ ᠦᠵᠡᠬᠦᠯᠡᠷ᠂ ᠡᠯᠧᠺᠲ᠋ᠷᠤᠨ ᠮᠦᠩᠬᠦ ᠲᠦᠯᠦᠬᠦ ᠰᠢᠰᠲ᠋ᠧᠮ ᠨᠢ ᠬᠠᠭᠠᠯᠳᠠ ᠳᠠᠢ ᠪᠠᠢᠵᠦ᠂ ᠠᠶᠠᠨᠴᠢᠳ ᠶᠠᠮᠠᠷᠴᠦ ᠮᠦᠩᠬᠦ ᠵᠤᠭᠤᠰ ᠲᠦᠯᠦᠬᠦ ᠦᠭᠡᠢ ᠲᠡᠷᠭᠡᠨ ᠳ᠋ᠤ ᠭᠠᠷᠴᠦ ᠰᠠᠭᠤᠵᠦ ᠪᠠᠢᠪᠠ᠃ ᠲᠡᠷᠭᠡᠨᠤ ᠡᠮᠦᠨ᠎ᠠ ᠴᠤᠩᠬᠤᠨ ᠤ ᠲᠡᠭᠡᠷ᠎ᠠ ᠲᠠᠯ᠎ᠠ ᠵᠢᠨ ᠡᠯᠧᠺᠲᠷᠤᠨ ᠲᠡᠯᠭᠡᠴᠡ ᠲᠡᠭᠡᠷ᠎ᠠ 《ᠨᠡᠢᠳᠡ ᠵᠢᠨ ᠮᠠᠰᠢᠨ ᠲᠡᠷᠭᠡ ᠲᠠᠨᠢ ᠪᠠᠶᠠᠷᠯᠠᠨ ᠤᠬᠳᠤᠵᠦ ᠪᠠᠢᠨ᠎ᠠ》 ᠬᠡᠰᠡᠨ ᠤᠯᠠᠭᠠᠨ ᠦᠰᠦᠭ ᠪᠠᠢᠨ ᠪᠠᠢᠨ ᠢᠯᠡᠷᠡᠵᠦ ᠂ ᠵᠢᠯᠤᠭᠤᠴᠢ ᠴᠤ᠌ ᠠᠶᠠᠨᠴᠢᠳᠤᠨ ᠮᠦᠩᠬᠦ ᠲᠦᠯᠦᠵᠦ ᠪᠠᠢᠬᠤ ᠡᠰᠡᠭᠦ ᠵᠢ ᠠᠩᠬᠠᠷᠬᠤ ᠴᠢᠬᠤᠯᠠ ᠦᠭᠡᠢ ᠪᠤᠯᠵᠦ ᠨᠢᠭᠡ ᠰᠡᠳᠬᠢᠯ ᠵᠢᠡᠷ ᠮᠠᠰᠢᠨ ᠵᠢᠡᠨ ᠵᠢᠯᠤᠭᠤᠳᠴᠦ ᠪᠠᠢᠯ᠎ᠠ᠃ ᠬᠠᠷᠢᠨ ᠵᠠᠷᠢᠮ ᠠᠶᠠᠨᠴᠢᠨ ᠡᠩᠤᠨ ᠴᠠᠭᠤᠨ ᠠᠳᠠᠯᠢ ᠭᠠᠷ ᠤᠳᠠᠰᠤ ᠡᠰᠡᠭᠦᠯ᠎ᠠ ᠨᠡᠢᠳᠡ ᠵᠢᠨ ᠮᠠᠰᠢᠨ ᠲᠠᠷᠭᠡᠨᠤ ᠺᠠᠷᠲ ᠵᠢᠡᠨ ᠭᠠᠷᠭᠠᠵᠦ ᠮᠦᠩᠬᠦ ᠲᠦᠯᠦᠬᠦ ᠬᠡᠵᠦ ᠤᠷᠤᠯᠳᠤᠬᠤ ᠳ᠋ᠤ 《ᠲᠦᠯᠥᠪᠦᠷᠢ ᠠᠪᠬᠤ ᠦᠭᠡᠢ 》 ᠬᠡᠵᠦ ᠵᠢᠯᠤᠭᠤᠴᠢ ᠰᠠᠨᠠᠭᠤᠯᠵᠦ ᠪᠠᠢᠯ᠎ᠠ᠃
31 ᠳ᠋ᠤᠭᠡᠷ ᠵᠠᠮᠤᠨ ᠨᠡᠢᠳᠡ ᠵᠢᠨ ᠮᠠᠰᠢᠨ ᠲᠡᠷᠭᠡ 《 ᠰᠢ ᠬᠤᠸᠠ ᠱᠢ ᠵᠢᠢ ᠬᠤᠸᠠ ᠶᠤᠸᠠᠨ》 ᠵᠤᠬᠰᠤᠭᠠᠯ ᠬᠦᠷᠬᠦ ᠳ᠋ᠤ ᠰᠤᠷᠪᠤᠯᠵᠢᠯᠠᠬᠴᠢ ᠵᠤᠷᠢᠬᠰᠠᠨ ᠭᠠᠵᠠᠷ ᠲᠠᠭᠠᠨ ᠬᠦᠷᠴᠦ ᠮᠠᠰᠢᠨ ᠡᠴᠡ ᠪᠠᠭᠤᠯ᠎ᠠ᠃ ᠪᠤᠳᠤᠬᠤ ᠳ᠋ᠤ ᠴᠠᠭᠠᠨ ᠰᠠᠷ᠎ᠠ ᠵᠢᠨ ᠵᠢᠷᠭᠤᠭ᠎ᠠ ᠲᠤᠯᠤᠭᠠᠨ ᠬᠤᠨᠤᠭᠤᠨ ᠠᠮᠠᠷᠠᠯᠳᠠ ᠵᠢᠨ ᠬᠤᠭᠤᠴᠠᠭᠠᠨ ᠳ᠋ᠤ ᠪᠤᠭᠤᠲᠤ ᠬᠤᠳᠠ ᠵᠢᠨ ᠨᠠᠯᠢᠶᠠᠳ ᠲᠤᠭᠠᠨᠤ ᠬᠦᠮᠦᠰ ᠦᠨ᠎ᠠ ᠲᠦᠯᠦᠪᠤᠷᠢ ᠦᠭᠡᠢ ᠨᠡᠢᠳᠡ ᠵᠢᠨ ᠮᠠᠰᠢᠨ ᠲᠡᠷᠭᠡᠨᠤ ᠦᠢᠯᠡᠴᠢᠯᠡᠭᠡ ᠵᠢ ᠬᠦᠷᠳᠡᠭᠰᠡᠨ ᠪᠠᠢᠨ᠎ᠠ᠃ ᠬᠡᠳᠤᠢᠪᠡᠷ ᠲᠡᠷᠡ ᠨᠢ ᠰᠠᠭᠤᠬᠰᠠᠨ ᠬᠦᠮᠦᠰ ᠲᠤ᠌ ᠨᠢᠭᠡ ᠤᠳᠠᠭ᠎ᠠ ᠲᠡᠭᠡᠷ᠎ᠠ ᠨᠢᠭᠡ ᠬᠤᠶᠠᠷᠬᠠᠨ ᠲᠦᠭᠦᠷᠢᠭᠤᠨ ᠵᠠᠷᠤᠳᠠᠯᠢ ᠠᠷᠪᠢᠯᠠᠵᠦ ᠦᠭᠭᠦᠭᠰᠡᠨ ᠪᠤᠯᠪᠠᠴᠤ᠂ ᠡᠳᠡᠭᠡᠷ ᠠᠶᠠᠨᠴᠢᠳᠤᠨ ᠰᠡᠳᠬᠢᠯ ᠳ᠋ᠤ ᠴᠠᠭᠠᠨ ᠰᠠᠷ᠎ᠠ ᠵᠢᠨ ᠪᠠᠶᠠᠷᠳᠤ ᠲᠦᠷᠦᠭᠳᠡᠯᠤᠨ ᠨᠢᠭᠡ ᠬᠡᠰᠡᠭ ᠪᠤᠯᠵᠦ ᠦᠯᠡᠳᠡᠭᠰᠡᠨ ᠨᠢ ᠯᠠᠪᠳᠠᠢ᠃ ᠮᠦᠨ ᠴᠤ᠌ ᠬᠢᠵᠢᠭ ᠡᠴᠡ ᠪᠤᠯᠵᠦ᠂ ᠨᠡᠢᠳᠡ ᠵᠢᠨ ᠮᠠᠰᠢᠨ ᠲᠡᠷᠭᠡᠨ ᠳ᠋ᠤ ᠰᠠᠭᠤᠬᠤ ᠬᠦᠮᠦᠰ ᠬᠡᠰᠡᠭ ᠬᠤᠭᠤᠴᠠᠭ᠎ᠠ ᠴᠦᠭᠡᠷᠡᠭᠰᠡᠨ ᠪᠠᠢᠳᠠᠯ ᠲᠤᠤᠷ᠎ᠠ᠂ ᠡᠨᠡ ᠬᠦ᠌ ᠠᠷᠭ᠎ᠠ ᠪᠠᠷᠢᠯ ᠨᠢ ᠨᠡᠢᠳᠡ ᠵᠢᠨ ᠮᠠᠰᠢᠨ ᠲᠡᠷᠭᠡᠨᠤ ᠠᠵᠤ ᠠᠬᠤᠢᠯᠠᠯᠤᠨ ᠠᠶᠠᠨᠴᠢᠨ ᠲᠠᠳᠠᠬᠤ ᠨᠢᠭᠡ ᠪᠦᠳᠦᠮᠵᠢᠳᠠᠢ ᠠᠷᠭ᠎ᠠ ᠪᠠᠷᠢᠯ ᠪᠤᠯᠤᠬᠰᠠᠨ ᠪᠤᠯᠪᠠᠤ ᠬᠡᠵᠦ ᠰᠤᠷᠪᠤᠯᠵᠢᠯᠠᠬᠴᠢ ᠪᠤᠳᠤᠨ᠎ᠠ᠃ ᠶᠠᠭᠤ ᠴᠤ᠌ ᠬᠡᠰᠡᠨ ᠦᠴᠦᠭᠡᠨ ᠶᠠᠭᠤᠮᠠᠨ ᠳ᠋ᠤ ᠦᠯᠡᠮᠵᠢ ᠰᠠᠨᠠᠭ᠎ᠠ ᠠᠭᠤᠯᠤᠬᠳᠠᠨᠠ ᠬᠡᠭᠴᠢ ᠪᠡᠷ᠂ ᠪᠤᠭᠤᠲᠤ ᠬᠤᠳᠠ ᠵᠢᠨ ᠨᠡᠢᠳᠡ ᠵᠢᠨ ᠮᠠᠰᠢᠨ ᠲᠡᠷᠭᠡᠨᠤ ᠴᠠᠭᠠᠨ ᠰᠠᠷ᠎ᠠ ᠵᠢᠨ ᠬᠤᠭᠤᠴᠠᠭᠠᠨ ᠳ᠋ᠡᠬᠢ ᠦᠨ᠎ᠠ ᠲᠦᠯᠦᠪᠦᠷᠢ ᠦᠭᠡᠢ ᠲᠡᠷᠭᠡᠨ ᠳ᠋ᠤ ᠰᠠᠭᠤᠯᠭᠠᠬᠤ ᠠᠵᠢᠯᠯᠠᠭ᠎ᠠ ᠨᠢ ᠪᠠᠶᠠᠷᠳᠤ ᠴᠠᠭᠠᠨ ᠰᠠᠷ᠎ᠠ ᠳ᠋ᠤ ᠬᠦᠮᠦᠰᠤᠨ ᠰᠡᠳᠬᠢᠯᠢ ᠲᠤᠯᠠᠭᠠᠴᠠᠭᠤᠯᠤᠬᠰᠠᠨ ᠰᠠᠢᠬᠠᠨ ᠠᠵᠢᠯᠯᠠᠭ᠎ᠠ ᠪᠤᠯᠤᠬᠰᠠᠨ ᠪᠠᠢᠨ᠎ᠠ᠃