《ᠤᠷᠢᠬᠠᠨ ᠬᠠᠪᠤᠷ᠎ᠢ ᠵᠤᠷᠢᠭᠰᠡᠨ ᠭᠠᠯᠲᠤ ᠲᠡᠷᠭᠡ 》 ᠠᠮᠤᠷ ᠲᠥᠪᠰᠢᠨ ᠠᠶᠠᠯᠠᠨ᠎ᠠ
2023-01-26 10:36:20
ᠵᠣᠬᠢᠶᠠᠭ᠍ᠴᠢ᠄
​ ᠴᠧᠨ ᠴᠦᠨ ᠶᠠᠨ ᠂ ᠲᠠᠩ ᠶᠠᠨ ᠳ᠋ᠦᠩ
ᠣᠩᠱᠢᠭ᠍ᠰᠠᠨ ᠣᠳᠠᠭ᠎ᠠ᠄
★★★☆☆

ᠱᠢᠨ᠎ᠡ᠎ᠶ᠋ᠢᠨ ᠨᠢᠭᠡᠨ᠎ᠦ 17 ᠴᠠᠭ 20 ᠮᠢᠨᠦ᠋ᠲ᠎ᠲᠦ ᠂ K691 ᠡᠭᠡᠯᠵᠢ᠎ᠶ᠋ᠢᠨ ᠭᠠᠯᠲᠤ ᠲᠡᠷᠭᠡ ᠬᠥᠬᠡᠬᠣᠲᠠ᠎ᠶ᠋ᠢᠨ ᠵᠡᠭᠦᠨ ᠦᠷᠳᠡᠬᠡ᠎ᠡᠴᠡ  ᠮᠣᠷᠳᠠᠵᠤ᠂ ᠶᠦᠨᠨᠠᠨ᠎ᠤ ᠺᠦᠨᠮᠢᠩ ᠵᠦᠭ ᠠᠶᠠᠯᠠᠬᠤ ᠪᠡᠷ ᠪᠠᠢᠯ᠎ᠠ ᠃ ᠬᠥᠬᠡᠬᠣᠲᠠ᠎ᠶ᠋ᠢᠨ ᠲᠡᠮᠦᠷ ᠵᠠᠮ᠎ᠤᠨ ᠳᠣᠲᠣᠭᠠᠳᠤ᠎ᠶ᠋ᠢ ᠬᠠᠮᠠᠭᠠᠯᠠᠬᠤ ᠭᠠᠵᠠᠷ᠎ᠤᠨ ᠠᠶᠠᠨ᠎ᠤ ᠴᠠᠭ᠍ᠳᠠᠭ᠎ᠠ᠎ᠶ᠋ᠢᠨ ᠰᠠᠯᠪᠤᠷᠢ ᠠᠩᠭᠢ᠎ᠶ᠋ᠢᠨ ᠠᠷᠠᠳ᠎ᠤᠨ ᠴᠠᠭ᠍ᠳᠠᠭ᠎ᠠ ᠯᠢᠦ ᠴᠤᠤ᠂ ᠭᠠᠯᠲᠤ ᠲᠡᠷᠭᠡᠨ᠎ᠦ ᠵᠣᠭ᠍ᠰᠣᠵᠤ ᠪᠠᠢᠭ᠎ᠠ 12 ᠳ᠋ᠤᠭᠠᠷ ᠦᠷᠲᠡᠭᠡᠨ᠎ᠤ ᠶᠠᠨᠳᠡᠷ ᠳᠡᠭᠡᠷ᠎ᠡ ᠡᠷᠲᠡ ᠭᠡᠭᠴᠢ ᠵᠣᠭ᠍ᠰᠣᠵᠤ᠂ ᠠᠶᠠᠨᠴᠢᠳ ᠬᠣᠢᠨ᠎ᠠ ᠬᠣᠢᠨ᠎ᠠ᠎ᠡᠴᠡ᠎ᠪᠠᠨ ᠲᠡᠷᠭᠡᠨ᠎ᠳᠦ ᠭᠠᠷᠬᠤ ᠦᠶ᠎ᠡ᠎ᠳᠦ᠂ ᠲᠡᠷᠡ ᠠᠵᠢᠯ᠎ᠤᠨ ᠡᠳᠦᠷ᠎ᠦᠨ ᠲᠡᠮᠳᠡᠭ᠌ᠯᠡᠯ᠎ᠢᠶᠡᠨ ᠭᠠᠷᠭᠠᠵᠤ᠂ ᠲᠣᠰ ᠡᠳᠦᠷ᠎ᠦᠨ ᠡᠭᠡᠯᠵᠢ ᠵᠢᠨ ᠬᠥᠮᠦᠨ᠎ᠦ ᠲᠣᠭ᠎ᠠ ᠪᠣᠯᠤᠨ ᠠᠩᠬᠠᠷᠬᠤ ᠴᠢᠬᠤᠯᠠᠲᠠᠶ ᠵᠦᠶ᠋ᠯᠡᠰ᠎ᠢ ᠨᠠᠷᠢᠨ ᠲᠡᠮᠳᠡᠭ᠌ᠯᠡᠬᠦ᠌᠎ᠶ᠋ᠢᠨ ᠬᠠᠮᠲᠤ ᠭᠠᠯᠲᠤ ᠲᠡᠷᠭᠡᠨ᠎ᠦ ᠳᠠᠷᠤᠭ᠎ᠠ᠎ᠲᠠᠶ ᠲᠥᠬᠥᠮ᠎ᠢᠶᠡᠷ ᠰᠠᠨᠠᠯ ᠵᠢᠡᠨ  ᠰᠤᠯᠢᠯᠴᠠᠪᠠ ᠃

《ᠮᠡᠳᠡᠭᠡ ᠵᠠᠩᠭᠢ ᠎ᠶ᠋ᠢ ᠤᠷᠢᠳᠴᠢᠯᠠᠨ ᠡᠵᠡᠮᠱᠢᠵᠦ᠍᠂ ᠭᠡᠨᠡᠳᠲᠡ᠎ᠶ᠋ᠢᠨ ᠪᠠᠢᠳᠠᠯ᠎ᠢ ᠠᠷᠭᠠᠴᠠᠭᠠᠬᠤ᠎ᠳᠤ ᠲᠥᠬᠥᠮ ᠪᠣᠯᠭᠠᠬᠤ ᠬᠡᠷᠡᠭ᠌ᠲᠡᠶ》᠃  ᠲᠡᠷᠭᠡ ᠬᠥᠳᠡᠯᠬᠦ᠌ ᠴᠠᠭ ᠣᠢᠷᠠᠳᠴᠤ᠌᠂ ᠰᠤᠷᠪᠤᠯᠵᠢᠯᠠᠭ᠍ᠴᠢ ᠯᠢᠦ ᠴᠤᠤ᠎ᠶ᠋ᠢ ᠳᠠᠭᠠᠵᠤ ᠬᠠᠮᠤᠭ ᠰᠡᠭᠦᠯᠴᠢ᠎ᠶ᠋ᠢᠨ ᠸᠠᠭᠣᠨ᠎ᠳᠤ ᠲᠦᠷᠭᠡᠨ ᠠᠯᠬᠤᠨ ᠣᠷᠣᠪᠠ᠃  《ᠮᠢᠨᠦ᠍ ᠳᠠᠳᠭᠠᠯ ᠪᠣᠯ ᠬᠣᠢᠨ᠎ᠠ᠎ᠡᠴᠡ ᠡᠮᠦᠨ᠎ᠡ ᠬᠦᠷᠲᠡᠯ᠎ᠡ ᠸᠠᠭᠣᠨ ᠪᠣᠯᠭᠠᠨ᠎ᠢ ᠪᠦᠷ ᠨᠢᠭᠡ ᠤᠳᠠᠭ᠎ᠠ ᠶᠠᠪᠤᠵᠤ᠂ ᠢᠩᠭᠢᠪᠡᠯ ᠰᠠᠶᠢ ᠳᠣᠲᠣᠷ᠎ᠠ᠎ᠪᠠᠨ ᠲᠣᠭ᠎ᠠ᠎ᠲᠠᠶ ᠪᠤᠯᠳᠠᠭ》 ᠭᠡᠵᠦ᠍ ᠯᠢᠦ ᠴᠤᠤ ᠬᠡᠯᠡᠪᠡ᠃

ᠬᠠᠲᠠᠭᠤ ᠰᠠᠭᠤᠳᠠᠯ᠎ᠤᠨ ᠸᠠᠭᠣᠨ᠎ᠳᠤ᠂ ᠨᠢᠭᠡᠨ ᠨᠠᠰᠤᠲᠠᠶ ᠠᠶᠠᠨᠴᠢᠨ ᠪᠤᠭᠤᠳᠠᠯ᠎ᠢᠶᠡᠨ ᠰᠠᠢᠬᠠᠨ ᠲᠠᠯᠪᠢᠭ᠎ᠠ ᠦᠭᠡᠢ ᠪᠠᠢᠬᠤ᠎ᠶ᠋ᠢ ᠦᠵᠡᠭᠡᠳ᠂ ᠲᠡᠷᠡ ᠲᠦᠷᠭᠡᠨ ᠭᠡᠭᠴᠢ ᠨᠠᠰᠤᠲᠠᠨ ᠤ᠋ ᠪᠣᠭᠣᠳᠠᠯ᠎ᠢ ᠪᠣᠭᠣᠳᠠᠯ᠎ᠤᠨ ᠲᠠᠯᠪᠢᠭᠤᠷ ᠳᠡᠭᠡᠷ᠎ᠡ ᠲᠠᠯᠪᠢᠵᠤ ᠥᠭ᠌ᠪᠡ᠃

《 ᠲᠡᠷᠭᠡ ᠮᠤᠷᠳᠠᠯ᠎ᠠ!》 17 ᠴᠠᠭ 50 ᠮᠢᠨᠦ᠋ᠲ᠎ᠲᠦ ᠂ K691 ᠡᠭᠡᠯᠵᠢ᠎ᠶ᠋ᠢᠨ ᠭᠠᠯᠲᠤ ᠲᠡᠷᠭᠡ ᠲᠣᠭ᠍ᠲᠠᠭ᠍ᠰᠠᠨ ᠴᠠᠭ᠎ᠲᠠᠭᠠᠨ ᠬᠥᠳᠡᠯᠵᠦ᠍᠂ ᠬᠠᠬᠢᠷ ᠬᠦᠢᠳᠡᠨ ᠤᠮᠠᠷᠠᠲᠤ ᠣᠷᠣᠨ᠎ᠡᠴᠡ ᠡᠮᠦᠨ᠎ᠡ ᠭᠠᠵᠠᠷ᠎ᠢ ᠵᠤᠷᠢᠯ᠎ᠠ᠃

《 ᠭᠡᠷ᠎ᠡᠴᠡ᠎ᠪᠡᠨ ᠭᠠᠷᠬᠤ ᠦᠶ᠎ᠡ ᠎ᠳᠤ ᠡᠪᠦᠯ᠎ᠦᠨ ᠬᠥᠪᠥᠩ ᠬᠤᠪᠴᠠᠰᠤ᠎ᠪᠠᠨ ᠡᠮᠦᠰᠴᠦ᠂ ᠺᠦᠨᠮᠢᠩ᠎ᠳᠦ ᠬᠦᠷᠪᠡᠯ ᠳᠠᠷᠤᠢ ᠵᠤᠨ᠎ᠤ ᠬᠤᠪᠴᠠᠰᠤ ᠰᠣᠯᠢᠨ᠎ᠠ》 ᠭᠡᠵᠦ᠍ ᠯᠢᠦ ᠴᠤᠤ ᠢᠨᠢᠶᠡᠮᠰᠦᠭ᠌ᠯᠡᠨ ᠰᠤᠷᠪᠤᠯᠵᠢᠯᠠᠭ᠍ᠴᠢ᠎ᠳᠤ᠄ 《ᠡᠨᠡ ᠪᠣᠯ ᠤᠷᠢᠬᠠᠨ ᠬᠠᠪᠤᠷ᠎ᠢ ᠵᠤᠷᠢᠭᠰᠠᠨ ᠭᠠᠯᠲᠤ ᠲᠡᠷᠭᠡ ᠮᠥᠨ》 ᠭᠡᠵᠡᠢ᠃

K691 ᠡᠭᠡᠯᠵᠢ᠎ᠶ᠋ᠢᠨ ᠭᠠᠯᠲᠤ ᠲᠡᠷᠭᠡᠨ᠎ᠦ ᠪᠦᠬᠦ᠌ ᠵᠠᠮ᠎ᠤᠨ ᠤᠷᠲᠤ ᠨᠢ 2800 ᠭᠠᠷᠤᠢ ᠺᠢᠯᠤᠮᠸᠲᠷ ᠪᠠᠢᠵᠤ ᠂ 25 ᠲᠡᠷᠭᠡᠨ ᠦᠷᠳᠡᠭᠡ᠎ᠳᠦ ᠵᠣᠭ᠍ᠰᠣᠵᠤ᠂ ᠵᠠᠮ ᠨᠢ ᠬᠤᠯᠠ᠂ ᠴᠠᠭ ᠨᠢ ᠤᠷᠳᠤ᠂ ᠠᠶᠠᠨᠴᠢᠳ᠎ᠤᠨ ᠬᠦᠮᠦᠨ᠎ᠤ ᠲᠤᠭ᠎ᠠ ᠤᠯᠠᠨ ᠪᠠᠢᠵᠤ᠂ ᠠᠶᠠᠨ᠎ᠤ ᠴᠠᠭᠳᠠᠭ᠎ᠠ ᠵᠢᠨ ᠰᠠᠯᠪᠤᠷᠢ ᠠᠩᠬᠢ᠎ᠶ᠋ᠢᠨ ᠬᠠᠮᠤᠭ᠎ᠤᠨ ᠵᠦᠳᠡᠷᠡᠯ᠎ᠲᠡᠶ ᠨᠢᠭᠡᠨ ᠠᠶᠠᠨ ᠪᠣᠯᠤᠨ᠎ᠠ᠃ ᠡᠨᠡ ᠵᠢᠯ 27 ᠨᠠᠰᠤᠲᠠᠶ ᠯᠢᠦ ᠴᠤᠤ K691 ᠡᠭᠡᠯᠵᠢ᠎ᠶ᠋ᠢᠨ ᠭᠠᠯᠲᠤ ᠲᠡᠷᠭᠡᠨ᠎ᠳᠦ ᠠᠵᠢᠯᠯᠠᠭᠠᠳ ᠨᠢᠭᠡᠨᠲᠡ 5 ᠵᠢᠯ ᠪᠣᠯᠵᠠᠶ᠃ ᠤᠳᠠᠭ᠎ᠠ ᠪᠦᠷᠢ ᠮᠢᠩᠭ᠎ᠠ ᠭᠠᠷᠤᠶ ᠨᠦᠬᠡᠨ ᠵᠠᠮ᠎ᠢᠶᠠᠷ ᠨᠠᠭᠠᠰᠢ ᠴᠠᠭᠠᠰᠢ ᠶᠠᠪᠤᠵᠤ᠂ ᠣᠷᠳᠣ ᠬᠤᠭᠤᠴᠠᠭ᠎ᠠ᠎ᠪᠠᠷ ᠲᠤᠤᠷ᠎ᠠ ᠲᠡᠯᠡᠶ᠎ᠶ᠋ᠢᠨ ᠲᠦᠪᠱᠢᠨ᠎ᠪᠦᠬᠦᠢ ᠭᠠᠵᠠᠷ ᠪᠤᠯᠤᠨ ᠦᠨᠳᠦᠷ ᠲᠡᠯᠡᠶ᠎ᠶ᠋ᠢᠨ ᠲᠦᠪᠱᠢᠨ᠎ᠪᠦᠬᠦᠢ ᠭᠠᠵᠠᠷ᠎ᠲᠤ ᠨᠠᠭᠠᠰᠢ ᠴᠠᠭᠠᠰᠢ ᠶᠠᠪᠤᠵᠤ᠂ ᠯᠢᠦ ᠴᠤᠤ᠎ᠶ᠋ᠢᠨ ᠴᠢᠬᠢᠨ ᠬᠡᠩᠭᠡᠷᠭᠡ᠎ᠶ᠋ᠢᠨ ᠬᠠᠯᠢᠰᠤ ᠨᠢ ᠦᠷᠭᠦᠯᠵᠢ ᠡᠪ ᠥᠬᠡᠶ ᠪᠠᠢᠵᠤ᠂ ᠬᠦᠨᠳᠦ ᠨᠣᠴᠢᠲᠠᠶ ᠦᠶ᠎ᠡ᠎ᠳᠦ ᠪᠠᠰᠠ ᠠᠮᠲᠠ᠎ᠶ᠋ᠢᠨ ᠰᠡᠷᠡᠯ ᠪᠠ ᠰᠣᠨᠣᠷ᠎ᠤᠨ ᠰᠡᠷᠡᠯ᠎ᠢ ᠨᠢ ᠨᠥᠯᠥᠭᠡᠯᠡᠳᠡᠭ᠃

ᠴᠠᠭᠠᠨ ᠰᠠᠷ᠎ᠠ ᠎ᠶ᠋ᠢᠨ ᠱᠢᠨ᠎ᠡ᠎ᠶ᠋ᠢᠨ ᠬᠣᠶᠠᠷ᠎ᠤᠨ ᠥᠷᠯᠥᠭᠡ᠎ᠶ᠋ᠢᠨ 3 ᠴᠠᠭ 8 ᠮᠢᠨᠦ᠋ᠲ᠎ᠲᠦ ᠭᠠᠯᠲᠤ ᠲᠡᠷᠭᠡ ᠶᠠᠨ ᠠᠨ ᠦᠷᠲᠡᠭᠡᠨ᠎ᠳᠤ ᠬᠦᠷᠴᠡᠶ᠃ ᠰᠦᠨᠢ ᠪᠡᠷ ᠵᠠᠮ ᠬᠥᠭᠡᠭᠡᠭ᠌ᠴᠢᠳ ᠶᠡᠷᠦ᠍ ᠨᠢ ᠡᠩ᠎ᠦᠨ ᠴᠠᠭ᠎ᠡᠴᠡ ᠪᠡᠨ ᠢᠯᠡᠭᠦᠦ ᠶᠠᠳᠠᠷᠠᠵᠤ ᠵᠦᠳᠡᠷᠡᠳᠡᠭ᠂ ᠡᠨᠡ ᠦᠶ᠎ᠡ᠎ᠳᠦ ᠣᠯᠠᠩᠬᠢ ᠠᠶᠠᠨᠴᠢᠳ ᠪᠦᠷ ᠤᠨᠲᠠᠴᠢᠬᠠᠳᠠᠭ᠃ ᠥᠩᠭᠡᠷᠡᠭ᠌ᠰᠡᠨ᠎ᠦ ᠲᠤᠷᠱᠢᠯᠭ᠎ᠠ᠎ᠡᠴᠡ ᠦᠵᠡᠪᠡᠯ ᠂ ᠰᠥᠨᠢ ᠪᠤᠯᠬᠤ ᠪᠡᠷ ᠠᠶᠠᠨᠴᠢᠳ᠎ᠤᠨ ᠰᠣᠨᠣᠷ ᠰᠡᠷᠡᠮᠵᠢ ᠪᠠᠭᠤᠷᠠᠵᠤ ᠂ ᠬᠡᠷᠡᠭ ᠭᠠᠷᠬᠤ ᠨᠣᠷᠮ᠎ᠠ ᠨᠢ ᠴᠦ᠍ ᠡᠳᠦᠷ᠎ᠡᠴᠡ ᠨᠠᠩ ᠥᠨᠳᠥᠷ ᠪᠠᠢᠳᠠᠭ᠃

《ᠴᠠᠭ᠍ᠳᠠᠭᠠᠨ᠎ᠤ ᠬᠤᠪᠴᠠᠰᠤ ᠡᠮᠦᠰᠦᠭ᠌ᠰᠡᠨ ᠬᠥᠮᠦᠨ ᠨᠠᠭᠠᠰᠢ ᠴᠠᠭᠠᠰᠢ ᠶᠠᠪᠤᠵᠤ ᠪᠠᠢᠬᠤ᠎ᠶ᠋ᠢ ᠦᠵᠡᠪᠡᠯ ᠬᠤᠯᠠᠭᠠᠢᠴᠢ ᠴᠤ᠌ ᠵᠢᠷᠦᠬᠡᠰᠢᠶᠡᠳᠡᠭ ᠪᠣᠯᠵᠠᠢ!》 ᠯᠢᠦ ᠴᠤᠤ ᠴᠠᠭ᠍ᠳᠠᠭᠠᠨ᠎ᠤ ᠵᠡᠪᠰᠡᠭ ᠲᠣᠨᠣᠭ᠍ᠯᠠᠯ᠎ᠢᠶᠠᠨ ᠰᠠᠢᠲᠤᠷ ᠡᠮᠦᠰᠴᠦ᠍᠂ ᠭᠠᠷ ᠳ᠋ᠧᠩ᠎ᠢᠶᠡᠨ ᠠᠳᠭᠤᠵᠤ ᠂ ᠸᠠᠭᠣᠨ ᠳᠠᠷᠠᠭᠠᠯᠠᠨ ᠲᠣᠭᠣᠷᠢᠨ ᠪᠠᠢᠴᠠᠭᠠᠵᠤ᠂ ᠬᠥᠮᠦᠨ ᠪᠤᠶᠤ ᠡᠳ᠋ ᠪᠣᠳᠠᠰ ᠭᠡᠰᠡᠨ ᠦᠭᠡᠢ ᠪᠦᠷ ᠨᠢᠳᠦ᠍᠎ᠪᠡᠷ᠎ᠢᠶᠡᠨ ᠨᠢᠭᠡ ᠤᠳᠠᠭ᠎ᠠ 《ᠱᠢᠷᠪᠢᠳᠡᠭ》 ᠃

ᠲᠣᠭᠣᠷᠢᠨ ᠪᠠᠢᠴᠠᠭᠠᠬᠤ ᠶᠠᠪᠤᠴᠠ᠎ᠳᠤ᠂ ᠠᠶᠠᠨᠴᠢᠳ᠎ᠤᠨ ᠵᠢᠵᠢᠭ ᠱᠢᠷᠡᠭᠡᠨ ᠬᠠᠪᠲᠠᠰᠤᠨ ᠳᠡᠭᠡᠷ᠎ᠡ ᠲᠠᠯᠪᠢᠭ᠍ᠰᠠᠨ ᠴᠣᠮᠣ᠎ᠶ᠋ᠢ ᠤᠯᠵᠤ ᠦᠵᠡᠪᠡᠯ᠂ ᠯᠢᠦ ᠴᠤᠤ ᠰᠡᠮᠡᠭᠡᠷ ᠴᠣᠮᠣ᠎ᠶ᠋ᠢᠨ ᠠᠮᠠᠰᠠᠷ᠎ᠢ ᠨᠢ ᠴᠢᠩᠭ᠎ᠠ ᠭᠡᠭᠴᠢ ᠮᠤᠰᠭᠢᠵᠦ᠍ ᠥᠭ᠌ᠬᠦᠨ᠎ᠡ ; ᠪᠤᠭᠤᠳᠠᠯ᠎ᠤᠨ ᠲᠠᠯᠪᠢᠭᠤᠷ ᠳᠡᠭᠡᠷᠡᠬᠢ ᠡᠷᠤᠢ ᠬᠤᠷᠤᠢ ᠦᠭᠡᠢ ᠪᠠᠢᠭ᠎ᠠ ᠪᠣᠭᠣᠳᠠᠯ᠎ᠢ ᠤᠯᠵᠤ ᠦᠵᠡᠪᠡᠯ᠂ ᠯᠢᠦ ᠴᠤᠤ ᠲᠡᠭᠰᠢᠬᠡᠨ ᠭᠡᠭᠴᠢ ᠲᠠᠯᠪᠢᠵᠦ ᠥᠭ᠌ᠬᠦᠨ᠎ᠡ ; ᠠᠶᠠᠨᠴᠢᠳ᠎ᠤᠨ ᠲᠤᠷ᠎ᠠ ᠪᠡᠷ᠎ᠢᠶᠡᠨ ᠬᠠᠶᠠᠭᠰᠠᠨ ᠱᠠᠬᠠᠶ᠎ᠵᠢ ᠤᠯᠵᠤ ᠦᠵᠡᠪᠡᠯ᠂ ᠯᠢᠦ ᠴᠤᠤ ᠲᠡᠭᠦᠨ᠎ᠢ ᠰᠠᠭᠤᠳᠠᠯ᠎ᠤᠨ ᠳᠤᠤᠷ᠎ᠠ ᠲᠠᠯᠪᠢᠨ᠎ᠠ ᠁

ᠥᠷᠯᠥᠭᠡ᠎ᠶ᠋ᠢᠨ 7 ᠴᠠᠭ᠎ᠲᠤ ᠭᠠᠯᠲᠤ ᠲᠡᠷᠭᠡ ᠰᠢ ᠠᠨ ᠥᠷᠲᠡᠭᠡᠨ᠎ᠳᠦ ᠵᠣᠭ᠍ᠰᠣᠵᠤ᠂ 26 ᠮᠢᠨᠦ᠋ᠲ ᠵᠣᠭ᠍ᠰᠣᠪᠠ᠃ ᠯᠢᠦ ᠴᠤᠤ ᠸᠠᠭᠣᠨ᠎ᠤ ᠡᠭᠦᠳᠡᠨ ᠳᠡᠭᠡᠷ᠎ᠡ ᠵᠣᠭ᠍ᠰᠣᠵᠤ᠂ ᠥᠷᠲᠡᠭᠡᠨ ᠶᠡᠨᠳᠡᠷ᠎ᠦᠨ ᠡᠷᠭᠢᠨ ᠲᠣᠭᠣᠷᠢᠨ᠎ᠤ ᠪᠠᠢᠳᠠᠯ᠎ᠢ ᠨᠠᠷᠢᠨ ᠠᠵᠢᠭ᠍ᠯᠠᠨ᠎ᠠ᠃ 7 ᠴᠠᠭ 24 ᠮᠢᠨᠦ᠋ᠲ᠎ᠲᠦ ᠨᠢᠭᠡᠨ ᠡᠮᠡᠭ᠌ᠲᠡᠶ ᠠᠶᠠᠨᠴᠢᠨ ᠬᠡᠦᠬᠡᠳ᠎ᠢᠶᠡᠨ ᠳᠠᠭᠠᠭᠤᠯᠤᠨ  ᠴᠠᠬᠢᠯᠭᠠᠨ ᠱᠠᠲᠤ᠎ᠪᠡᠷ ᠰᠡᠩᠳᠡ ᠮᠡᠩᠳᠡ ᠥᠷᠲᠡᠭᠡᠨ ᠶᠡᠨᠳᠡᠷ ᠵᠦᠭ ᠪᠠᠭᠤᠵᠤ ᠪᠠᠢᠪᠠ᠃ ᠯᠢᠦ ᠴᠤᠤ ᠲᠦᠷᠭᠡᠨ ᠠᠯᠬᠤᠨ ᠬᠦᠷᠴᠦ᠍᠂ ᠨᠢᠭᠡ ᠭᠠᠷ᠎ᠢᠶᠠᠷ᠎ᠢᠶᠠᠨ ᠬᠡᠦᠬᠡᠳ᠎ᠢ ᠲᠡᠪᠡᠷᠢᠨ᠂ ᠨᠢᠭᠡ ᠭᠠᠷ᠎ᠢᠶᠠᠷ᠎ᠢᠶᠠᠨ ᠪᠤᠭᠤᠳᠠᠯ᠎ᠢ ᠨᠢ ᠲᠤᠰᠴᠤ᠌᠂ ᠠᠶᠠᠨᠴᠢᠳ᠎ᠢ ᠳᠠᠭᠠᠭᠤᠯᠤᠨ ᠸᠠᠭᠣᠨ᠎ᠳᠤ ᠲᠦᠷᠭᠡᠨ ᠭᠡᠭᠴᠢ ᠣᠷᠣᠵᠤ ᠢᠷᠡᠨ᠂ ᠲᠡᠭᠦᠨ᠎ᠢ ᠬᠠᠪᠰᠤᠷᠤᠨ ᠰᠠᠭᠤᠳᠠᠯ᠎ᠢ ᠨᠢ ᠣᠯᠵᠤ ᠦᠭᠭᠦᠨ᠂ ᠪᠤᠭᠤᠳᠠᠯ᠎ᠢ ᠨᠢ ᠲᠤᠬᠢᠲᠠᠢ ᠰᠠᠢᠬᠠᠨ ᠲᠠᠯᠪᠢᠵᠦ ᠦᠭᠭᠦᠬᠦ᠎ᠳᠤ ᠡᠮᠡᠭ᠌ᠲᠡᠢ ᠠᠶᠠᠨᠴᠢᠳ ᠵᠣᠭ᠍ᠰᠣᠯ ᠦᠭᠡᠢ ᠲᠠᠯᠠᠷᠬᠠᠵᠤ ᠪᠠᠢᠯ᠎ᠠ᠃  《 ᠬᠠᠮᠢᠶ᠎ᠠ ᠦᠭᠡᠢ!  ᠵᠢᠭᠠᠬᠠᠨ ᠤᠴᠢᠷ ᠰᠢᠤ! 》 ᠭᠡᠵᠦ ᠯᠢᠦ ᠴᠤᠤ ᠭᠡᠵᠦ ᠬᠡᠯᠡᠨ᠎ᠡ᠃

《ᠪᠠᠷᠤᠭ ᠤᠳᠠᠭ᠎ᠠ ᠪᠦᠷᠢ᠎ᠶ᠋ᠢᠨ ᠠᠶᠠᠯᠠᠯ᠎ᠳᠤ  ᠪᠢ ᠪᠦᠷ ᠠᠶᠠᠨᠴᠢᠳ᠎ᠢ ᠬᠠᠪᠰᠤᠷᠤᠨ ᠭᠡᠭᠡᠭ᠌ᠰᠡᠨ ᠶᠠᠭᠤᠮ᠎ᠠ᠎ᠶ᠋ᠢ ᠨᠢ ᠡᠷᠢᠵᠦ᠍ ᠣᠯᠳᠠᠭ》᠃  ᠠᠵᠢᠯ᠎ᠤᠨ ᠴᠢᠯᠦᠭᠡᠨ᠎ᠳᠤ᠂ ᠯᠢᠦ ᠴᠤᠤ ᠤᠤᠯ᠎ᠤᠨ ᠭᠠᠷᠤᠭ᠍ᠰᠠᠨ ᠨᠢᠭᠡᠨ ᠬᠡᠷᠡᠭ᠎ᠦᠨ ᠵᠢᠱ᠌ᠢᠶ᠎ᠡ ᠪᠡᠨ ᠤᠴᠢᠷᠯᠠᠯ᠎ᠠ᠃ ᠨᠢᠳᠤᠨᠤᠨ᠎ᠤ 8 ᠰᠠᠷ᠎ᠠ᠎ᠶ᠋ᠢᠨ 18 ᠎ᠤ᠋ ᠡᠳᠦᠷ᠎ᠦᠨ ᠥᠷᠯᠥᠭᠡ᠎ᠶ᠋ᠢᠨ 5 ᠴᠠᠭ᠎ᠤᠨ ᠦᠶ᠎ᠡ᠎ᠪᠡᠷ᠂ ᠨᠢᠭᠡᠨ ᠠᠶᠠᠨᠴᠢᠨ ᠲᠡᠭᠦᠨ᠎ᠢ ᠡᠷᠢᠵᠦ᠍ ᠢᠷᠡᠭᠡᠳ᠂ ᠥᠪᠡᠷ᠎ᠦᠨ ᠪᠣᠭᠣᠳᠠᠯ᠎ᠢᠶᠠᠨ ᠭᠡᠭᠡᠴᠢᠬᠡᠵᠡᠢ᠂ ᠳᠣᠲᠣᠷ᠎ᠠ ᠨᠢ 200 ᠲᠦᠮᠡᠨ ᠲᠥᠭᠥᠷᠢᠭ᠎ᠦᠨ ᠦᠨ᠎ᠡ᠎ᠲᠡᠶ ᠡᠷᠲᠡᠨ᠎ᠦ ᠬᠤᠸᠠᠷ᠎ᠤᠨ ᠯᠣᠩᠬᠣ ᠰᠠᠪᠠᠯᠠᠵᠤ ᠪᠠᠢᠨ᠎ᠠ ᠭᠡᠪᠡ᠃ ᠯᠠᠪᠯᠠᠨ ᠠᠰᠠᠭᠤᠵᠤ ᠰᠤᠷᠪᠤᠯᠵᠢᠯᠠᠬᠤ᠎ᠪᠠᠷ ᠳᠠᠮᠵᠢᠭᠠᠳ᠂ ᠪᠣᠭᠣᠳᠠᠯ ᠨᠢ ᠵᠣᠷᠢᠭᠤᠳᠠ ᠬᠤᠯᠠᠭᠠᠢᠯᠠᠭ᠍ᠳᠠᠬᠤ ᠪᠣᠯᠤᠯᠴᠠᠭ᠎ᠠ ᠨᠡᠯᠢᠶᠡᠳ ᠪᠠᠭ᠎ᠠ ᠭᠡᠵᠦ ᠯᠢᠦ ᠴᠤᠤ ᠠᠩᠬ᠎ᠠ ᠠᠯᠬᠤᠮ ᠮᠠᠭᠠᠳᠯᠠᠵᠤ᠂ ᠶᠠᠭᠠᠷᠠᠵᠤ ᠰᠠᠨᠳᠤᠷᠤᠭ᠍ᠰᠠᠨ ᠡᠵᠡᠨ ᠨᠢ ᠬᠠᠷᠢᠨ ᠵᠠᠷᠢᠮ ᠬᠥᠮᠦᠨ ᠬᠤᠯᠠᠭᠠᠢᠯᠠᠵᠠᠶ ᠭᠡᠵᠦ᠍ ᠲᠠᠰᠤ ᠬᠡᠯᠡᠵᠦ᠍ ᠪᠠᠢᠪᠠ᠃  《 ᠪᠢ ᠤᠷᠢᠳ᠎ᠢᠶᠠᠷ ᠡᠨᠡ ᠠᠶᠠᠨᠴᠢᠳ᠎ᠤᠨ ᠤᠷᠮ᠎ᠠ ᠰᠡᠳᠭᠢᠯᠭᠡ᠎ᠶ᠋ᠢ ᠨᠢ ᠲᠠᠢᠳᠭᠤᠷᠠᠭᠤᠯᠵᠠᠢ᠂ ᠶᠠᠭᠤ ᠴᠤ᠌ ᠭᠡᠰᠡᠨ ᠡᠳ᠋ ᠪᠣᠳᠠᠰ ᠦᠨᠡᠲᠡᠶ ᠶᠤᠮ ᠴᠢᠨᠢ》᠃  ᠯᠢᠦ ᠴᠤᠤ᠂ ᠪᠠᠢᠴᠠᠭᠠᠯᠲᠠ᠎ᠶ᠋ᠢᠨ ᠳᠤᠮᠳᠠ᠂ ᠪᠤᠭᠤᠳᠠᠯ᠎ᠤᠨ ᠲᠠᠯᠪᠢᠭᠤᠷ ᠳᠡᠭᠡᠷᠡᠬᠢ ᠲᠠᠨᠢᠵᠤ ᠠᠪᠬᠤ ᠬᠥᠮᠦᠨ ᠥᠬᠡᠶ ᠨᠢᠭᠡᠨ ᠬᠠᠷ᠎ᠠ ᠥᠩᠭᠡ᠎ᠶ᠋ᠢᠨ ᠪᠣᠭᠣᠳᠠᠯ᠎ᠨᠢ ᠲᠡᠭᠦᠨ᠎ᠦ ᠠᠩᠬᠠᠷᠤᠯ᠎ᠢ ᠲᠠᠲᠠᠵᠤ᠂ ᠪᠣᠭ᠍ᠴᠣᠨ ᠳᠣᠲᠣᠷᠠᠬᠢ ᠡᠳ᠋ ᠪᠤᠳᠠᠰ᠎ᠢᠶᠡᠷ ᠨᠢ ᠳᠡᠮᠵᠢᠨ ᠡᠵᠡᠨ᠎ᠲᠡᠶ ᠨᠢ ᠬᠠᠷᠢᠯᠴᠠᠭ᠍ᠰᠠᠨ᠎ᠤ ᠳᠠᠷᠠᠭ᠎ᠠ᠂ ᠪᠣᠭ᠍ᠴᠣ ᠨᠢ ᠠᠳᠠᠯᠢᠪᠳᠤᠷ ᠤᠴᠢᠷ ᠡᠴᠡ ᠡᠨᠳᠡᠭᠦᠷᠡᠨ ᠠᠪᠠᠴᠢᠭᠰᠠᠨ᠎ᠢ ᠨᠤᠲᠠᠯᠠᠪᠠ᠃ ᠰᠡᠭᠦᠯᠡᠷ ᠨᠢ ᠡᠵᠡᠨ᠎ᠳᠦᠨᠢ ᠠᠮᠤᠷ ᠲᠦᠪᠰᠢᠨ᠎ᠢᠶᠡᠷ ᠪᠤᠴᠠᠭᠠᠪᠠ ᠭᠡᠵᠡᠢ᠃

10 ᠴᠠᠭ 52 ᠮᠢᠨᠦ᠋ᠲ᠎ᠲᠦ ᠂ ᠭᠠᠯᠲᠤ ᠲᠡᠷᠭᠡ ᠠᠨ ᠺᠠᠩ ᠥᠷᠲᠡᠭᠡᠨ᠎ᠳᠦ ᠬᠦᠷᠴᠦ᠍ ᠂ ᠠᠶᠠᠨᠴᠢᠳ ᠲᠡᠷᠭᠡᠨ ᠡᠴᠡ ᠪᠠᠭᠤᠵᠤ ᠲᠡᠷᠭᠡᠨ᠎ᠳᠤ ᠭᠠᠷᠴᠤ ᠳᠠᠭᠤᠰᠤᠭ᠍ᠰᠠᠨ᠎ᠤ ᠳᠠᠷᠠᠭ᠎ᠠ᠂ ᠯᠢᠦ ᠴᠤᠤ ᠪᠠᠰᠠ ᠪᠤᠰᠤᠳ ᠠᠵᠢᠯᠲᠡᠳ ᠲᠠᠢ ᠬᠠᠮᠲᠤ ᠭᠠᠯ ᠰᠡᠷᠭᠡᠢᠯᠡᠵᠦ ᠭᠠᠯ ᠤᠨᠲᠠᠷᠠᠭᠠᠬᠤ ᠪᠠᠢᠴᠠᠭᠠᠯᠲᠠ ᠬᠢᠭᠡᠳ ᠶᠠᠭᠠᠷᠠᠨ᠎ᠠ᠃

22 ᠴᠠᠭ 27 ᠮᠢᠨᠦ᠋ᠲ᠎ᠲᠦ ᠭᠠᠯᠲᠤ ᠲᠡᠷᠭᠡ ᠭᠦᠢᠶᠠᠩ ᠥᠷᠲᠡᠭᠡᠨ᠎ᠳᠦ ᠬᠦᠷᠪᠡ᠂ ᠡᠨᠡ ᠪᠣᠯ K691 ᠡᠭᠡᠯᠵᠢ᠎ᠶ᠋ᠢᠨ ᠭᠠᠯᠲᠤ ᠲᠡᠷᠭᠡᠨ᠎ᠦ ᠦᠩᠭᠡᠷᠡᠬᠦ ᠬᠠᠮᠤᠭ᠎ᠤᠨ ᠶᠡᠬᠡ ᠲᠡᠷᠭᠡᠨ ᠥᠷᠲᠡᠭᠡᠨ᠎ᠦ ᠨᠢᠭᠡ ᠪᠣᠯᠤᠨ᠎ᠠ᠃  《ᠡᠨᠡ ᠥᠷᠲᠡᠭᠡᠨ᠎ᠡᠴᠡ ᠭᠠᠷᠴᠤ ᠪᠠᠭᠤᠬᠤ ᠬᠦᠮᠦᠨ ᠤᠯᠠᠨ᠂ ᠢᠯᠡᠭᠦᠬᠡᠨ ᠲᠤᠭᠤᠷᠢᠨ ᠪᠠᠢᠴᠠᠭᠠᠵᠤ ᠢᠯᠡᠭᠦᠬᠡᠨ ᠰᠠᠨᠠᠭᠤᠯᠤᠶ᠎ᠠ》 ᠭᠡᠵᠦ ᠯᠢᠦ ᠴᠤᠤ ᠬᠡᠯᠡᠨ᠎ᠡ᠃

ᠱᠢᠨ᠎ᠡ᠎ᠶ᠋ᠢᠨ ᠭᠤᠷᠪᠠᠨ᠎ᠤ 8 ᠴᠠᠭ 39 ᠮᠢᠨᠦ᠋ᠲ᠎ᠲᠦ ᠭᠠᠯᠲᠤ ᠲᠡᠷᠭᠡ ᠺᠦᠨᠮᠢᠩ᠎ᠳᠦ ᠬᠦᠷᠦᠨ᠎ᠡ ᠭᠡᠵᠦ ᠯᠢᠦ ᠴᠤᠤ ᠨᠡᠪᠲᠡᠷᠡᠭᠦᠯᠦᠨ᠎ᠡ᠃ 《ᠠᠶᠠᠨ ᠵᠠᠮ᠎ᠳᠠᠭᠠᠨ ᠠᠮᠤᠷ ᠲᠦᠪᠱᠢᠨ ᠪᠠᠢᠬᠤ ᠨᠢ ᠪᠢᠳᠡᠨ᠎ᠳᠦ ᠠᠪᠴᠤ᠌ ᠬᠡᠯᠡᠪᠡᠯ ᠵᠥᠩᠨᠡᠯ ᠲᠡᠳᠦᠢ ᠪᠢᠰᠢ᠂ ᠨᠡᠩ ᠴᠤ᠌ ᠬᠠᠷᠢᠭᠤᠴᠠᠯᠭ᠎ᠠ ᠪᠣᠯᠤᠨ᠎ᠠ!》 ᠭᠡᠵᠦ᠍ ᠯᠢᠦ ᠴᠤᠤ ᠬᠡᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠨᠠᠷ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号