ᠬᠦᠬᠡᠬᠤᠳᠠ ᠲᠤᠭ᠎ᠠ ᠪᠠᠷᠢᠮᠳᠠ ᠶ᠋ᠢᠨ ᠡᠬᠢ ᠪᠠᠶᠠᠯᠢᠭ ᠢ᠋ ᠡᠮᠬᠢᠳᠬᠡᠨ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡ ᠶ᠋ᠢ《ᠨᠢᠭᠡ ᠰᠦᠯᠵᠢᠶ᠎ᠠ ᠪᠡᠷ ᠨᠡᠢᠳᠡᠮ ᠭᠦᠢᠴᠡᠳᠭᠡᠬᠦ》ᠶ᠋ᠢ ᠲᠦᠷᠭᠡᠳᠭᠡᠨ ᠠᠬᠢᠭᠤᠯᠵᠤ᠂ ᠤᠳᠤ ᠬᠤᠳᠠ ᠶ᠋ᠢᠨ ᠱᠠᠳᠤᠨ ᠤ᠋ 466 ᠵᠦᠢᠯ ᠤ᠋ᠨ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡ ᠵᠢ ᠴᠦᠮ《ᠨᠢᠭᠡ ᠰᠦᠯᠵᠢᠶ᠎ᠠ ᠪᠡᠷ ᠨᠡᠢᠳᠡᠮ ᠭᠦᠢᠴᠡᠳᠭᠡᠵᠤ》 ᠪᠤᠢ ᠃ ᠡᠭᠦᠨ ᠳ᠋ᠤ 349 ᠵᠦᠢᠯ ᠢ᠋《ᠪᠦᠬᠦ ᠶᠠᠪᠤᠴᠠ ᠪᠡᠷ ᠰᠦᠯᠵᠢᠶ᠎ᠠ ᠪᠡᠷ ᠭᠦᠢᠴᠡᠳᠭᠡᠬᠦ》 ᠶ᠋ᠢ ᠪᠡᠶᠡᠯᠡᠭᠦᠯᠪᠠ ᠃
2021 ᠤᠨ ᠳ᠋ᠤ᠂ ᠬᠦᠬᠡᠬᠤᠳᠠ ᠵᠢᠨ ᠬᠢᠨ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡᠨ ᠤ᠋ ᠡᠷᠡᠮᠡᠯᠵᠡᠯ ᠳᠡᠪᠰᠢᠭᠦᠯᠬᠦ᠂ ᠬᠦᠯᠢᠶᠡᠨ ᠠᠪᠴᠤ ᠭᠦᠢᠴᠡᠳᠭᠡᠬᠦ᠂ ᠬᠢᠨᠠᠨ ᠵᠦᠪᠰᠢᠶᠡᠷᠡᠬᠦ᠂ ᠭᠡᠷᠡᠴᠢ ᠦᠨᠡᠮᠯᠡᠯ ᠭᠠᠷᠭᠠᠬᠤ᠂ ᠳᠠᠩᠰᠠᠯᠠᠬᠤ ᠪᠦᠬᠦ ᠶᠠᠪᠤᠴᠠ ᠶ᠋ᠢ ᠡᠯᠧᠺᠲᠷᠤᠨᠴᠢᠯᠠᠬᠤ ᠪᠡᠷ ᠬᠠᠷᠠᠯᠳᠠ ᠪᠤᠯᠭᠠᠨ᠂ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡᠨ ᠤ᠋ ᠲᠦᠷᠦᠯ ᠵᠦᠢᠯ ᠢ᠋《ᠨᠢᠭᠡ ᠰᠦᠯᠵᠢᠶ᠎ᠠ ᠪᠡᠷ ᠨᠡᠢᠳᠡᠮ ᠭᠦᠢᠴᠡᠳᠭᠡᠬᠦ》 ᠶ᠋ᠢ ᠵᠠᠰᠠᠯᠳᠠ ᠶ᠋ᠢᠨ ᠰᠢᠰᠲ᠋ᠧᠮ ᠢ᠋ ᠲᠡᠭᠦᠯᠳᠡᠷᠵᠢᠭᠦᠯᠬᠦ ᠂ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡᠨ ᠤ᠋ ᠠᠷᠠᠳ ᠲᠦ᠍ ᠳᠦᠭᠦᠮ ᠦᠵᠡᠭᠦᠯᠬᠦ ᠲᠦᠪᠰᠢᠨ ᠢ᠋ ᠳᠡᠭᠡᠭᠰᠢᠯᠡᠭᠦᠯᠬᠦ᠂ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠢ᠋ ᠰᠢᠯᠢᠳᠡᠭᠵᠢᠭᠦᠯᠬᠦ ᠴᠢᠬᠤᠯᠠ ᠠᠷᠭ᠎ᠠ ᠪᠠᠷᠢᠯ ᠪᠤᠯᠭᠠᠵᠤ᠂《ᠨᠢᠭᠡ ᠰᠦᠯᠵᠢᠶ᠎ᠠ ᠪᠡᠷ ᠨᠡᠢᠳᠡᠮ ᠭᠦᠢᠴᠡᠳᠭᠡᠬᠦ》ᠭᠤᠷᠪᠠᠨ ᠵᠢᠯ ᠤ᠋ᠨ ᠠᠵᠢᠯᠯᠠᠭᠠᠨ ᠤ᠋ ᠲᠦᠯᠦᠪᠯᠡᠭᠡ ᠪᠠᠨ ᠡᠬᠢᠯᠡᠭᠦᠯᠪᠠ ᠃ ᠤᠢᠯᠠᠭᠠᠭᠰᠠᠨ ᠵᠢᠡᠷ ᠂ ᠬᠦᠬᠡᠬᠤᠳᠠ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡ ᠳ᠋ᠡᠬᠡᠨ《ᠰᠢᠰᠲᠧᠮ ᠬᠠᠷᠢᠯᠴᠠᠨ ᠨᠡᠪᠳᠡᠷᠡᠬᠦ᠂ ᠬᠡᠷᠡᠭᠯᠡᠭᠴᠢ ᠬᠠᠷᠢᠯᠴᠠᠨ ᠨᠡᠪᠳᠡᠷᠡᠬᠦ ᠂ ᠲᠤᠭ᠎ᠠ ᠪᠠᠷᠢᠮᠳᠠ ᠬᠠᠷᠢᠯᠴᠠᠨ ᠨᠡᠪᠳᠡᠷᠡᠬᠦ᠂ ᠲᠤᠬᠠᠢᠯᠠᠭᠰᠠᠨ ᠠᠵᠢᠯ ᠬᠠᠷᠢᠯᠴᠠᠨ ᠨᠡᠪᠳᠡᠷᠡᠬᠦ᠂ ᠭᠡᠷᠡᠴᠢ ᠦᠨᠡᠮᠯᠡᠯ ᠨᠡᠪᠳᠡᠷᠡᠬᠦ》ᠶ᠋ᠢ ᠦᠷᠭᠦᠯᠵᠢᠯᠡᠨ ᠠᠬᠢᠭᠤᠯᠵᠤ ᠂ ᠭᠤᠷᠪᠠᠨ ᠵᠢᠯ ᠤ᠋ᠨ ᠲᠤᠳᠤᠷ᠎ᠠ ᠬᠤᠳᠠ ᠶ᠋ᠢᠨ ᠱᠠᠳᠤᠨ ᠤ᠋ 90% ᠡᠴᠡ ᠳᠡᠭᠡᠭᠰᠢᠬᠢ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡ ᠶ᠋ᠢ ᠴᠦᠮ ᠨᠢᠭᠡ ᠴᠤᠭᠴᠠᠵᠢᠭᠤᠯᠤᠭᠰᠠᠨ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡᠨ ᠤ᠋ ᠳᠠᠪᠴᠠᠩ ᠳ᠋ᠤ ᠤᠷᠤᠭᠤᠯᠬᠤ ᠪᠡᠷ ᠲᠦᠯᠦᠪᠯᠡᠵᠤ ᠪᠤᠢ ᠃ ᠵᠢᠯ ᠭᠠᠷᠤᠢ ᠵᠢᠨ ᠴᠢᠷᠮᠠᠢᠯᠭ᠎ᠠ ᠪᠡᠷ ᠲᠠᠮᠵᠢᠨ ᠳᠤᠤᠷᠠᠬᠢ ᠲᠠᠪᠤᠨ ᠲᠠᠯ᠎ᠠ ᠪᠡᠷ ᠪᠤᠳᠠᠳᠤ ᠠᠬᠢᠯᠳᠠ ᠲᠠᠢ ᠪᠤᠯᠵᠠᠢ ᠃
ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡᠨ ᠤ᠋ ᠳᠠᠪᠴᠠᠩ ᠤ᠋ᠨ ᠦᠢᠯᠡᠳᠦᠯ ᠴᠢᠳᠠᠮᠵᠢ ᠶ᠋ᠢ ᠴᠢᠩᠭᠠᠳᠬᠠᠨ ᠰᠠᠢᠵᠢᠷᠠᠭᠤᠯᠪᠠ᠃ ᠤᠳᠤᠬᠠᠨ ᠪᠤᠯᠳᠠᠯ᠎ᠠ ᠬᠤᠳᠠ ᠶ᠋ᠢᠨ ᠱᠠᠳᠤᠨ ᠤ᠋ 35 ᠰᠠᠯᠠᠭ᠎ᠠ ᠮᠦᠴᠢᠷ ᠂ ᠬᠤᠰᠢᠭᠤ ᠰᠢᠶᠠᠨ ᠤ᠋ ᠱᠠᠳᠤᠨ ᠤ᠋ 278 ᠰᠠᠯᠠᠭ᠎ᠠ ᠮᠦᠴᠢᠷ ᠨᠢ ᠦᠢᠯᠡᠴᠢᠯᠡᠭᠡᠨ ᠤ᠋ ᠳᠠᠪᠴᠠᠩ ᠳ᠋ᠤ 11525 ᠵᠦᠢᠯ ᠤ᠋ᠨ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡ ᠶ᠋ᠢ ᠨᠡᠪᠳᠡᠷᠡᠭᠦᠯᠵᠤ᠂ ᠦᠨᠳᠦᠷ ᠳᠠᠪᠳᠠᠮᠵᠢᠳᠦ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡᠨ ᠤ᠋ ᠲᠦᠷᠦᠯ ᠵᠦᠢᠯ ᠡᠴᠡ ᠳᠠᠪᠴᠠᠩ ᠳ᠋ᠤ ᠭᠠᠷᠭᠠᠪᠠᠯ ᠵᠤᠬᠢᠬᠤ ᠶ᠋ᠢ ᠨᠢ ᠪᠦᠬᠦᠨ ᠢ᠋ ᠲᠠᠪᠴᠠᠩ ᠳ᠋ᠤ ᠭᠠᠷᠭᠠᠪᠠ ᠃
ᠬᠠᠮᠵᠢᠯᠴᠠᠨ ᠭᠦᠢᠴᠡᠳᠭᠡᠬᠦ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡᠨ ᠤ᠋ ᠰᠢᠰᠲᠧᠮ ᠢ᠋ ᠪᠠᠢᠭᠤᠯᠪᠡ ᠃ ᠦᠪᠡᠷᠳᠡᠭᠡᠨ ᠵᠠᠰᠠᠬᠤ ᠤᠷᠤᠨ ᠤ᠋ ᠰᠢᠭᠤᠳ ᠬᠠᠷᠢᠶ᠎ᠠ 40 ᠦᠢᠯᠡᠴᠢᠯᠡᠭᠡᠨ ᠤ᠋ ᠰᠢᠰᠲ᠋ᠧᠮ ᠂ ᠬᠤᠳᠠ ᠶ᠋ᠢᠨ ᠦᠪᠡᠰᠦᠪᠡᠨ ᠪᠠᠢᠭᠤᠯᠤᠭᠰᠠᠨ 6 ᠦᠢᠯᠡᠴᠢᠯᠡᠭᠡᠨ ᠤ᠋ ᠳᠠᠪᠴᠠᠩ ᠬᠢᠭᠡᠳ ᠨᠢᠭᠡ ᠴᠤᠭᠴᠠᠵᠢᠭᠤᠯᠤᠭᠰᠠᠨ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡᠨ ᠤ᠋ ᠳᠠᠪᠴᠠᠩ ᠤ᠋ᠨ ᠲᠤᠭ᠎ᠠ ᠪᠠᠷᠢᠮᠳᠠ ᠶ᠋ᠢᠨ ᠡᠬᠢ ᠪᠠᠶᠠᠯᠢᠭ ᠢ᠋ ᠬᠠᠷᠢᠯᠴᠠᠨ ᠬᠤᠯᠪᠤᠨ ᠨᠡᠪᠳᠡᠷᠡᠭᠦᠯᠵᠦ᠂ ᠪᠤᠳᠠᠳᠠᠢ ᠲᠤᠬᠠᠢᠯᠠᠭᠰᠠᠨ ᠠᠵᠢᠯ ᠢ᠋ ᠬᠠᠮᠵᠢᠯᠴᠠᠨ ᠭᠦᠢᠴᠡᠳᠭᠡᠬᠦ ᠶ᠋ᠢ ᠪᠡᠶᠡᠯᠡᠭᠦᠯᠦᠨ᠂ ᠠᠵᠤ ᠠᠬᠤᠢᠯᠠᠯ ᠪᠠ ᠤᠯᠠᠨ ᠲᠦᠮᠡᠨ ᠤᠴᠢᠷ ᠶᠠᠪᠤᠳᠠᠯ ᠭᠦᠢᠴᠡᠳᠭᠡᠬᠦᠳᠡᠭᠡᠨ ᠤᠯᠠᠨ ᠰᠢᠰᠲᠧᠮ ᠳ᠋ᠤ ᠳᠠᠬᠢᠨ ᠳᠠᠪᠳᠠᠨ ᠭᠠᠷᠬᠤ ᠠᠰᠠᠭᠤᠳᠠᠯ ᠢ᠋ ᠪᠦᠲᠦᠮᠵᠢᠳᠠᠢ ᠰᠢᠢᠳᠪᠤᠷᠢᠯᠡᠪᠡ᠃ 2021 ᠤᠨ ᠡᠴᠡ ᠨᠠᠭᠠᠰᠢ 《ᠨᠢᠭᠡ ᠰᠦᠯᠵᠢᠶ᠎ᠠ ᠪᠡᠷ ᠨᠡᠢᠳᠡᠮ ᠭᠦᠢᠴᠡᠳᠭᠡᠬᠦ》 ᠪᠡᠷ ᠳᠠᠮᠵᠢᠨ ᠪᠡᠶᠡᠯᠡᠭᠦᠯᠦᠭᠰᠡᠨ ᠲᠤᠬᠠᠢᠯᠠᠭᠰᠠᠨ ᠠᠵᠢᠯ 2.7 ᠲᠦᠮᠡᠨ ᠬᠤᠪᠢ ᠳ᠋ᠤ ᠬᠦᠷᠴᠠᠢ ᠃
ᠦᠢᠯᠡᠴᠢᠯᠡᠭᠡ ᠪᠡᠨ ᠪᠠᠷᠢᠮᠵᠢᠶᠠᠵᠢᠭᠤᠯᠵᠤ ᠨᠡᠩ ᠵᠢᠷᠦᠮᠵᠢᠭᠤᠨ ᠪᠤᠯᠭᠠᠪᠠ ᠃ ᠬᠤᠳᠠ ᠶ᠋ᠢᠨ ᠬᠠᠷᠢᠶ᠎ᠠ 9 ᠬᠤᠰᠢᠭᠤ ᠰᠢᠶᠠᠨ ᠲᠤᠭᠤᠷᠢᠭ ᠵᠢᠴᠢ ᠠᠵᠤ ᠠᠬᠤᠢ ᠮᠡᠷᠭᠡᠵᠢᠯ ᠤ᠋ᠨ ᠨᠡᠭᠡᠭᠡᠯᠳᠡ ᠶ᠋ᠢᠨ ᠲᠤᠭᠤᠷᠢᠭ ᠤ᠋ᠨ ᠰᠦᠯᠵᠢᠶᠠᠨ ᠳᠡᠭᠡᠷᠡᠬᠢ ᠪᠠ ᠲᠤᠬᠠᠢ ᠶ᠋ᠢᠨ ᠭᠠᠵᠠᠷ ᠤ᠋ᠨ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡᠨ ᠤ᠋ ᠲᠦᠷᠦᠯ ᠵᠦᠢᠯ ᠤ᠋ᠨ ᠨᠤᠮᠧᠷ ᠳ᠋ᠤᠭᠠᠷ ᠂ ᠨᠡᠷᠡᠢᠳᠦᠯ ᠂ ᠲᠦᠷᠦᠯ ᠵᠦᠢᠯ ᠂ ᠪᠠᠷᠢᠮᠳᠠ ᠵᠡᠷᠭᠡ ᠶ᠋ᠢ ᠳᠦᠷᠢᠮᠵᠢᠭᠦᠯᠦᠨ ᠵᠢᠷᠦᠮᠵᠢᠭᠤᠯᠵᠤ ᠨᠢᠭᠡᠳᠦᠯᠳᠠᠢ ᠪᠤᠯᠭᠠᠪᠠ᠃ ᠡᠭᠦᠨ ᠤ᠋ ᠬᠠᠮᠳᠤ ᠳᠦᠷᠢᠮᠵᠢᠭᠦᠯᠦᠨ ᠵᠢᠷᠦᠮᠵᠢᠭᠤᠯᠤᠭᠰᠠᠨ ᠦᠷ᠎ᠠ ᠪᠦᠲᠦᠭᠡᠯ ᠵᠢᠡᠨ ᠬᠦᠬᠡᠬᠤᠳᠠ ᠪᠤᠭᠤᠳᠤ ᠤᠷᠳᠤᠰ ᠦᠬᠠᠢ ᠵᠡᠷᠭᠡ ᠳᠦᠷᠪᠡᠨ ᠬᠤᠳᠠ ᠳ᠋ᠤ ᠦᠷᠭᠡᠳᠭᠡᠵᠤ ᠂ ᠳᠦᠷᠪᠡᠨ ᠬᠤᠳᠠ ᠶ᠋ᠢᠨ 51 ᠵᠦᠢᠯ ᠤ᠋ᠨ ᠬᠠᠮᠵᠢᠯᠴᠠᠨ ᠭᠦᠢᠴᠡᠳᠭᠡᠬᠦ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡ ᠶ᠋ᠢ ᠬᠠᠷᠢᠯᠴᠠᠨ ᠮᠡᠳᠡᠷᠡᠬᠦ ᠪᠤᠯᠭᠠᠭᠰᠠᠨ ᠪᠠᠢᠨ᠎ᠠ ᠃
ᠲᠤᠭ᠎ᠠ ᠪᠠᠷᠢᠮᠳᠠ ᠶ᠋ᠢᠨ ᠡᠬᠢ ᠪᠠᠶᠠᠯᠢᠭ ᠤ᠋ᠨ ᠬᠤᠯᠪᠤᠯᠳᠤᠨ ᠨᠡᠪᠳᠡᠷᠡᠯᠴᠡᠬᠦ ᠶ᠋ᠢ ᠠᠬᠢᠭᠤᠯᠪᠠ᠃ ᠳᠤᠮᠳᠠᠬᠢ ᠭᠤᠭᠴᠤᠭ᠎ᠠ ᠶ᠋ᠢ ᠪᠠᠭᠠᠰᠬᠠᠬᠤ᠂ ᠪᠢᠴᠢᠭ ᠮᠠᠲ᠋ᠧᠷᠢᠶᠠᠯ ᠢ᠋ ᠳᠦᠭᠦᠮᠴᠢᠯᠡᠬᠦ᠂ ᠴᠠᠭ ᠢ᠋ ᠪᠤᠭᠤᠨᠢᠰᠬᠠᠬᠤ ᠪᠡᠷ ᠬᠠᠷᠠᠯᠳᠠ ᠪᠤᠯᠭᠠᠨ᠂ ᠦᠪᠡᠷᠳᠡᠭᠡᠨ ᠵᠠᠰᠠᠬᠤ ᠤᠷᠤᠨ ᠪᠠ ᠬᠤᠳᠠ ᠶ᠋ᠢᠨ ᠬᠤᠶᠠᠷ ᠱᠠᠳᠤᠨ ᠤ᠋ ᠳᠠᠪᠴᠠᠩ ᠶ᠋ᠢᠡᠷ ᠳᠡᠮᠵᠢᠨ 115 ᠲᠦᠷᠦᠯ ᠤ᠋ᠨ ᠭᠡᠷᠡᠴᠢ ᠦᠨᠡᠮᠯᠡᠯ ᠤ᠋ᠨ ᠲᠦᠷᠦᠯ ᠵᠦᠢᠯ ᠤ᠋ᠨ ᠭᠠᠷᠴᠠᠭ ᠭᠠᠷᠭᠠᠵᠤ ᠂ 129 ᠲᠦᠮᠡᠨ ᠵᠤᠷᠪᠤᠰ ᠭᠡᠷᠡᠴᠢ ᠦᠨᠡᠮᠯᠡᠯ ᠤ᠋ᠨ ᠲᠤᠭ᠎ᠠ ᠪᠠᠷᠢᠮᠳᠠ ᠶ᠋ᠢ ᠴᠤᠭᠯᠠᠭᠤᠯᠤᠨ᠂ 152 ᠲᠦᠮᠡᠨ ᠬᠤᠪᠢ ᠡᠯᠧᠺᠲ᠋ᠷᠤᠨ ᠭᠡᠷᠡᠴᠢ ᠦᠨᠡᠮᠯᠡᠯ ᠲᠠᠷᠬᠠᠭᠠᠪᠠ ᠃ ᠬᠦᠬᠡᠬᠤᠳᠠ ᠶ᠋ᠢᠨ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡᠨ ᠤ᠋ ᠡᠭᠦᠯᠡᠨ ᠳᠠᠪᠴᠠᠩ ᠪᠤᠯᠤᠨ ᠦᠪᠡᠷᠳᠡᠭᠡᠨ ᠵᠠᠰᠠᠬᠤ ᠤᠷᠤᠨ ᠤ᠋ ᠲᠤᠭ᠎ᠠ ᠪᠠᠷᠢᠮᠳᠠ ᠶ᠋ᠢ ᠬᠠᠮᠳᠤ ᠪᠡᠷ ᠡᠳ᠋ᠯᠡᠨ ᠰᠤᠯᠢᠯᠴᠠᠬᠤ ᠳᠠᠪᠴᠠᠩ ᠢ᠋ ᠬᠤᠯᠪᠤᠨ ᠨᠡᠪᠳᠡᠷᠡᠭᠦᠯᠵᠦ ᠂ ᠭᠡᠷᠡᠴᠢ ᠦᠨᠡᠮᠯᠡᠯ ᠤ᠋ᠨ ᠲᠤᠭ᠎ᠠ ᠪᠠᠷᠢᠮᠳᠠ ᠶ᠋ᠢ ᠬᠠᠮᠳᠤ ᠪᠡᠷ ᠡᠳ᠋ᠯᠡᠬᠦ ᠶ᠋ᠢ ᠪᠡᠶᠡᠯᠡᠭᠦᠯᠵᠠᠢ ᠃
ᠠᠷᠠᠳ ᠤᠯᠠᠨ ᠪᠠ ᠠᠵᠤ ᠠᠬᠤᠢᠯᠠᠯ ᠤᠴᠢᠷ ᠶᠠᠪᠤᠳᠠᠯ ᠭᠦᠢᠴᠡᠳᠭᠡᠬᠦ ᠳ᠋ᠡᠬᠡᠨ《ᠨᠢᠭᠡ ᠤᠳᠠᠭ᠎ᠠ ᠴᠦ᠍ ᠭᠦᠶᠦᠬᠦ ᠴᠢᠬᠤᠯᠠ ᠦᠭᠡᠢ》ᠪᠠᠢᠬᠤ ᠶ᠋ᠢ ᠪᠡᠶᠡᠯᠡᠭᠦᠯᠪᠠ ᠃《ᠰᠦᠯᠵᠢᠶᠠᠨ ᠳᠡᠭᠡᠷ᠎ᠠ ᠴᠠᠭ ᠲᠤᠬᠠᠢ ᠳ᠋ᠤᠨᠢ ᠭᠦᠢᠴᠡᠳᠭᠡᠬᠦ》ᠪᠠ《ᠬᠤᠳᠠ ᠶ᠋ᠢᠨ ᠲᠤᠳᠤᠷ᠎ᠠ ᠦᠨ᠎ᠠ ᠲᠦᠯᠦᠪᠤᠷᠢ ᠦᠭᠡᠢ ᠪᠡᠷ ᠢᠯᠡᠭᠡᠬᠦ》ᠶ᠋ᠢ ᠤᠷᠭᠠᠨᠢᠭ ᠵᠢᠡᠷ ᠤᠶᠠᠯᠳᠤᠭᠤᠯᠵᠤ ᠂ ᠪᠦᠬᠦ ᠬᠤᠳᠠ ᠶ᠋ᠢᠨ 118 ᠰᠢᠤᠳᠠᠨ ᠤ᠋ ᠭᠠᠵᠠᠷ ᠲᠦ᠍ ᠬᠢᠨᠠᠨ ᠵᠦᠪᠰᠢᠶᠡᠷᠡᠭᠰᠡᠨ ᠪᠢᠴᠢᠭ ᠮᠠᠲ᠋ᠧᠷᠢᠶᠠᠯ ᠢ᠋ ᠬᠤᠷᠢᠶᠠᠨ ᠠᠪᠴᠤ ᠢᠯᠡᠭᠡᠬᠦ ᠲᠤᠰᠬᠠᠢ ᠲᠤᠭᠤᠷᠢᠭ ᠭᠠᠷᠭᠠᠵᠤ᠂ ᠤᠳᠤᠬᠠᠨ ᠪᠤᠯᠳᠠᠯ᠎ᠠ 4875 ᠬᠤᠪᠢ ᠬᠢᠨᠡᠨ ᠵᠦᠪᠰᠢᠶᠡᠷᠡᠭᠰᠡᠨ ᠭᠡᠷᠡᠴᠢ ᠦᠨᠡᠮᠯᠡᠯ ᠪᠠ ᠵᠠᠰᠠᠭ ᠤ᠋ᠨ ᠤᠷᠳᠤᠨ ᠤ᠋ ᠪᠢᠴᠢᠭ ᠮᠠᠲ᠋ᠧᠷᠢᠶᠠᠯ ᠢ᠋ ᠢᠯᠡᠭᠡᠭᠰᠡᠨ ᠪᠠᠢᠨ᠎ᠠ ᠃