ᠬᠥᠬᠡᠬᠣᠲᠠ ᠵᠢᠨ ᠵᠠᠰᠠᠭ ᠵᠠᠬᠢᠷᠭᠠᠨ ᠤ᠋ ᠬᠢᠨᠠᠨ ᠵᠥᠪᠰᠢᠶᠡᠷᠡᠬᠦ ᠪᠠ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡᠨ ᠤ᠋ ᠲᠣᠪᠴᠢᠶ᠎ᠠ ᠣᠢᠷ᠎ᠠ ᠳ᠋ᠤ ᠪᠤᠭᠤᠲᠤ ᠣᠷᠳᠣᠰ ᠤᠯᠠᠭᠠᠨᠴᠠᠪ ᠭᠤᠷᠪᠠᠨ ᠬᠣᠲᠠ ᠵᠢᠨ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡᠨ ᠤ᠋ ᠰᠠᠯᠠᠭ᠎ᠠ ᠮᠥᠴᠢᠷ ᠲᠠᠢ ᠬᠤᠯᠪᠤᠭᠠᠯᠠᠨ ᠳᠥᠷᠪᠡᠳᠦᠭᠡᠷ ᠪᠦᠯᠦᠭ ᠤ᠋ᠨ ᠬᠥᠬᠡᠬᠣᠲᠠ ᠪᠤᠭᠤᠲᠤ ᠣᠷᠳᠣᠰ ᠤᠯᠠᠭᠠᠨᠴᠠᠪ ᠤ᠋ᠨ《ᠲᠦᠷᠪᠡᠨ ᠬᠤᠳᠠ ᠳ᠋ᠤ ᠨᠡᠢᠳᠡᠮ ᠭᠦᠢᠴᠡᠳᠬᠡᠬᠦ》ᠵᠤᠢᠯᠡᠰ ᠢ᠋ ᠨᠡᠢᠳᠡᠯᠡᠬᠦ ᠶ᠋ᠢᠨ ᠬᠠᠮᠳᠤ《ᠣᠷᠣᠨ ᠪᠦᠰᠡ ᠰᠤᠨᠳᠠᠯᠠᠨ ᠭᠦᠢᠴᠡᠳᠬᠡᠬᠦ ᠲᠤᠰᠬᠠᠢ ᠲᠠᠪᠴᠠᠩ》ᠢ᠋ ᠬᠡᠷᠡᠭᠯᠡᠨ ᠸᠢᠳᠢᠤ᠋ ᠪᠠᠷ ᠵᠥᠪᠳᠡᠯᠴᠡᠬᠦ《ᠡᠭᠦᠯᠡᠨ ᠳᠠᠪᠴᠠᠩ》ᠢ᠋ ᠪᠠᠢᠭᠤᠯᠵᠤ ᠂ ᠬᠥᠬᠡᠬᠣᠲᠠ ᠪᠤᠭᠤᠲᠤ ᠣᠷᠳᠣᠰ ᠤᠯᠠᠭᠠᠨᠴᠠᠪ ᠳᠥᠷᠪᠡᠨ ᠬᠤᠳᠠ ᠶ᠋ᠢᠨ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡᠨ ᠤ᠋ ᠪᠠᠷᠢᠮᠵᠢᠶᠠᠵᠢᠭᠤᠯᠤᠯᠲᠠ ᠂ ᠵᠣᠬᠢᠴᠠᠭᠤᠯᠤᠯᠳᠠ ᠪᠠ ᠣᠶᠤᠨᠴᠢᠯᠠᠯᠲᠠ ᠵᠢᠨ ᠲᠦᠪᠰᠢᠨ ᠢ᠋ ᠲᠠᠰᠤᠷᠠᠯᠲᠠ ᠦᠭᠡᠢ ᠲᠠᠬᠡᠭᠰᠢᠯᠡᠬᠦᠯᠵᠤ ᠂ ᠰᠢᠨ᠎ᠡ ᠡᠭᠦᠳᠦᠯᠳᠡ ᠶ᠋ᠢᠨ ᠠᠰᠢᠭ ᠢ᠋ ᠨᠠᠩ ᠣᠯᠠᠨ ᠠᠵᠤ ᠠᠬᠤᠢᠯᠠᠯ ᠪᠤᠯᠤᠨ ᠦᠷᠬᠡᠨ ᠣᠯᠠᠨ ᠲᠦᠮᠡᠨ ᠳ᠋ᠤ ᠬᠦᠷᠲᠡᠭᠡᠪᠡ ᠃
《ᠬᠥᠬᠡᠬᠣᠲᠠ ᠪᠤᠭᠤᠲᠤ ᠣᠷᠳᠣᠰ ᠤᠯᠠᠭᠠᠨᠴᠠᠪ ᠤ᠋ᠨ〈ᠠᠷᠪᠠᠨ ᠳᠥᠷᠪᠡᠳᠦᠭᠡᠷ ᠲᠠᠪᠤᠨ ᠵᠢᠯ〉ᠳ᠋ᠡᠬᠢ ᠨᠢᠭᠡ ᠴᠣᠭᠴᠠᠵᠢᠭᠰᠠᠨ ᠬᠦᠭᠵᠢᠯᠳᠡ ᠵᠢᠨ ᠲᠥᠯᠦᠪᠵᠢᠭᠦᠯᠭᠡ》ᠶᠣᠰᠣᠭᠠᠷ ᠂ ᠬᠦᠬᠡᠬᠣᠲᠠ ᠵᠢᠨ ᠵᠠᠰᠠᠭ ᠵᠠᠬᠢᠷᠭᠠᠨ ᠤ᠋ ᠬᠢᠨᠠᠨ ᠵᠥᠪᠰᠢᠶᠡᠷᠡᠬᠦ ᠪᠠ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡᠨ ᠤ᠋ ᠲᠣᠪᠴᠢᠶ᠎ᠠ ᠡᠨᠡ ᠵᠢᠯ ᠤ᠋ᠨ 2 ᠰᠠᠷ᠎ᠠ ᠳ᠋ᠤ 《ᠳᠠᠪᠠᠭᠤᠯᠢᠭ᠋ ᠵᠢᠡᠨ ᠬᠠᠷᠢᠯᠴᠠᠨ ᠨᠥᠬᠥᠪᠦᠷᠢᠯᠡᠬᠦ ᠂ ᠬᠠᠮᠳᠤ ᠪᠡᠷ ᠰᠢᠨ᠎ᠡ ᠵᠢ ᠡᠭᠦᠳᠬᠦ ᠂ ᠬᠠᠮᠲᠤ ᠪᠠᠷ ᠪᠠᠢᠭᠤᠯᠵᠤ ᠬᠠᠮᠲᠤ ᠪᠠᠷ ᠡᠳ᠋ᠯᠡᠬᠦ》ᠬᠠᠮᠲᠤᠷᠠᠯᠴᠠᠭᠠᠨ ᠤ᠋ ᠵᠣᠷᠢᠭ᠋ ᠰᠠᠨᠠᠭ᠎ᠠ ᠵᠢ ᠪᠠᠷᠢᠮᠲᠠᠯᠠᠵᠤ ᠂ ᠱᠠᠨᠳᠦ᠋ᠩ ᠮᠤᠵᠢ ᠵᠢᠨ ᠴᠢᠩᠳᠣᠣ ᠬᠣᠲᠠ ᠵᠢᠨ ᠵᠠᠰᠠᠭ ᠵᠠᠬᠢᠷᠭᠠᠨ ᠤ᠋ ᠬᠢᠨᠠᠨ ᠵᠥᠪᠰᠢᠶᠡᠷᠡᠬᠦ ᠦᠢᠯᠡᠴᠢᠯᠡᠭᠡᠨ ᠤ᠋ ᠲᠣᠪᠴᠢᠶ᠎ᠠ ᠲᠠᠢ《ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡᠨ ᠤ᠋〈ᠣᠷᠣᠨ ᠪᠦᠰᠡ ᠰᠤᠨᠳᠠᠯᠠᠨ ᠨᠡᠢᠳᠡᠮ ᠭᠦᠢᠴᠡᠳᠬᠡᠬᠦ〉ᠬᠠᠮᠲᠤᠷᠠᠯᠴᠠᠭᠠᠨ ᠤ᠋ ᠬᠡᠯᠡᠯᠴᠡᠭᠡᠷ》 ᠲᠤ᠌ ᠭᠠᠷ ᠤ᠋ᠨ ᠥᠰᠥᠭ ᠵᠢᠷᠤᠵᠤ ᠂ ᠪᠥᠬᠥ ᠬᠣᠲᠠ ᠵᠢᠨ 9 ᠬᠣᠰᠢᠭᠤ ᠰᠢᠶᠠᠨ ᠲᠣᠭᠣᠷᠢᠭ᠋ ᠪᠤᠯᠤᠨ ᠪᠤᠭᠤᠲᠤ ᠬᠣᠲᠠ ᠂ ᠣᠷᠳᠣᠰ ᠬᠣᠲᠠ ᠂ ᠤᠯᠠᠭᠠᠨᠴᠠᠪ ᠬᠣᠲᠠ ᠵᠢ ᠲᠠᠢᠴᠢᠯᠠᠨ 23 ᠮᠤᠵᠢ ᠬᠣᠲᠠ ᠵᠢᠨ 413 ᠭᠠᠵᠠᠷ ᠣᠷᠣᠨ ᠶ᠋ᠢᠡᠷ ᠪᠦᠷᠢᠯᠳᠦᠭᠰᠡᠨ《ᠡᠭᠦᠯᠡᠨ ᠬᠣᠯᠪᠣᠭᠠᠯᠠᠯ》ᠢ᠋ ᠪᠠᠢᠭᠤᠯᠪᠠ ᠃ ᠤᠳᠤ ᠬᠥᠬᠡᠬᠣᠲᠠ ᠪᠤᠭᠤᠲᠤ ᠣᠷᠳᠣᠰ ᠤᠯᠠᠭᠠᠨᠴᠠᠪ ᠳᠥᠷᠪᠡᠨ ᠬᠤᠳᠠ《ᠣᠷᠣᠨ ᠪᠦᠰᠡ ᠰᠤᠨᠳᠠᠯᠠᠨ ᠨᠡᠢᠳᠡᠮ ᠭᠦᠢᠴᠡᠳᠬᠡᠬᠦ ᠲᠤᠰᠬᠠᠢ ᠲᠠᠪᠴᠠᠩ》ᠳ᠋ᠤ ᠲᠦᠰᠢᠭᠯᠡᠨ 1239 ᠵᠦᠢᠯ ᠤ᠋ᠨ ᠬᠡᠷᠡᠭ ᠶᠠᠪᠤᠳᠠᠯ ᠢ᠋《ᠳᠥᠷᠪᠡᠨ ᠬᠣᠲᠠ ᠳ᠋ᠤ ᠨᠡᠢᠳᠡᠮ ᠭᠦᠢᠴᠡᠳᠬᠡᠬᠦ》ᠵᠢ ᠪᠡᠶᠡᠯᠡᠭᠦᠯᠵᠦ ᠂ ᠡᠭᠦᠨ ᠳ᠋ᠤ ᠬᠥᠬᠡᠬᠣᠲᠠ 379 ᠵᠦᠢᠯ ᠂ ᠪᠤᠭᠤᠲᠤ ᠬᠣᠲᠠ 224 ᠵᠦᠢᠯ ᠂ ᠣᠷᠳᠣᠰ ᠬᠣᠲᠠ 327 ᠵᠦᠢᠯ ᠂ ᠤᠯᠠᠭᠠᠨᠴᠠᠪ ᠬᠣᠲᠠ 309 ᠵᠦᠢᠯ ᠤ᠋ᠨ ᠬᠡᠷᠡᠭ ᠶᠠᠪᠤᠳᠠᠯ ᠢ᠋ ᠬᠦᠢᠴᠡᠳᠬᠡᠪᠡ ᠃
ᠬᠣᠶᠠᠷ ᠵᠢᠯ ᠭᠠᠷᠤᠢ ᠵᠢᠨ ᠴᠢᠷᠮᠠᠢᠯᠭ᠎ᠠ ᠪᠠᠷ ᠳᠡᠮᠵᠢᠨ ᠂ ᠬᠥᠬᠡᠬᠣᠲᠠ ᠪᠤᠭᠤᠲᠤ ᠣᠷᠳᠣᠰ ᠤᠯᠠᠭᠠᠨᠴᠠᠪ ᠲᠦᠷᠪᠡᠨ ᠬᠤᠳᠠ ᠶ᠋ᠢᠨ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡᠨ ᠤ᠋《ᠳᠥᠷᠪᠡᠨ ᠬᠣᠲᠠ ᠳ᠋ᠤ ᠨᠡᠢᠳᠡᠮ ᠭᠦᠢᠴᠡᠳᠬᠡᠬᠦ》ᠠᠵᠢᠯ ᠨᠢ ᠵᠦᠪᠬᠡᠨ ᠭᠦᠢᠴᠡᠳᠬᠡᠵᠦ ᠳᠡᠶ᠋ᠢᠯᠬᠦ ᠪᠠᠢᠭᠰᠠᠨ ᠠ᠋ᠴᠠ ᠪᠡᠨ ᠭᠦᠢᠴᠡᠳᠬᠡᠬᠦ ᠳ᠋ᠤ ᠳᠦᠭᠦᠮ ᠬᠢᠯᠪᠠᠷ ᠮᠦᠷᠳᠡᠬᠡᠨ ᠲᠦᠷᠭᠡᠨ ᠭᠦᠢᠴᠡᠳᠬᠡᠵᠤ ᠲᠠᠢᠯᠬᠦ ᠳᠠᠢᠰᠢ ᠠᠯᠬᠤᠮ ᠠᠯᠬᠤᠮ ᠶ᠋ᠢᠡᠷ ᠳᠡᠰ ᠳᠠᠪᠰᠢᠵᠤ ᠂ ᠤᠯᠠᠨ ᠳᠦᠮᠡᠨ ᠤ᠋ ᠤᠴᠢᠷ ᠶᠠᠪᠤᠳᠠᠯ ᠭᠦᠢᠴᠡᠳᠬᠡᠬᠦ ᠴᠠᠭ ᠢ᠋ ᠪᠦᠲᠦᠮᠵᠢᠲᠡᠶ ᠪᠣᠭᠣᠨᠢᠰᠬᠠᠨ ᠂ ᠤᠴᠢᠷ ᠶᠠᠪᠤᠳᠠᠯ ᠭᠦᠢᠴᠡᠳᠬᠡᠬᠦ ᠥᠪᠡᠷ ᠤ᠋ᠨ ᠥᠷᠲᠡᠭ ᠢ᠋ ᠪᠠᠭᠤᠷᠠᠭᠤᠯᠬᠤ ᠵᠢᠨ ᠬᠠᠮᠳᠤ ᠦᠷ᠎ᠡ ᠪᠦᠲᠦᠮᠵᠢ ᠵᠢ ᠳᠡᠭᠡᠭᠰᠢᠯᠡᠭᠦᠯᠦᠭᠰᠡᠨ ᠪᠠᠢᠨ᠎ᠠ ᠃