ᠠᠷᠠᠳ ᠣᠯᠠᠨ᠎ᠳᠤ ᠠᠱᠢᠭ ᠬᠦᠷᠲᠡᠭᠡᠵᠦ᠍ ᠠᠷᠠᠳ᠎ᠤᠨ ᠠᠮᠢᠳᠤᠷᠠᠯ᠎ᠢ ᠰᠠᠢᠵᠢᠷᠠᠭᠤᠯᠬᠤ᠎ᠳᠤ ᠪᠠᠲᠤᠯᠠᠭ᠎ᠠ ᠬᠠᠩᠭᠠᠨ᠎ᠠ
2020-09-03 08:59:38
ᠵᠣᠬᠢᠶᠠᠭ᠍ᠴᠢ᠄
ᠪᠣᠤ ᠥᠷᠭᠡᠨ
ᠣᠩᠱᠢᠭ᠍ᠰᠠᠨ ᠣᠳᠠᠭ᠎ᠠ᠄
★★★☆☆

-- ᠮᠠᠨ᠎ᠤ ᠣᠷᠣᠨ᠎ᠤ ᠣᠯᠠᠨ ᠨᠡᠢᠲᠡ᠎ᠶ᠋ᠢᠨ ᠦᠢᠯᠡᠴᠢᠯᠡᠭᠡᠨ᠎ᠤ ᠲᠦᠪᠱᠢᠨ᠎ᠢ ᠬᠦᠴᠦᠯᠡᠨ ᠳᠡᠭᠡᠭ᠌ᠰᠢᠯᠡᠭᠦᠯᠵᠦ᠍ ᠪᠠᠢᠬᠤ ᠲᠣᠬᠠᠢ ᠬᠦᠤᠷᠨᠢᠯ ᠱᠢᠭᠦᠮᠵᠢ

ᠴᠢᠨᠠᠷ ᠰᠠᠢᠳᠠᠢ ᠤᠯᠠᠨ ᠨᠡᠢᠳᠡ᠎ᠶ᠋ᠢᠨ ᠦᠢᠯᠡᠴᠢᠯᠡᠭᠡ ᠪᠤᠯ ᠠᠷᠠᠳ ᠲᠦᠮᠡᠨ᠎ᠤ ᠰᠠᠢᠨ ᠰᠠᠢᠬᠠᠨ ᠠᠮᠢᠳᠤᠷᠠᠯ᠎ᠤᠨ ᠬᠦᠰᠡᠯ ᠡᠷᠡᠮᠡᠯᠵᠡᠯ᠎ᠢ ᠬᠠᠩᠭᠠᠬᠤ ᠵᠠᠢᠯᠠᠰᠢ ᠦᠬᠡᠢ ᠱᠠᠭᠠᠷᠳᠠᠯᠭ᠎ᠠ ᠮᠦᠨ᠃ ᠮᠠᠨ᠎ᠤ ᠤᠷᠤᠨ ᠬᠤᠲᠠ ᠬᠥᠳᠡᠭᠡ᠎ᠶ᠋ᠢᠨ ᠣᠯᠠᠨ ᠨᠡᠢᠲᠡ᠎ᠶ᠋ᠢᠨ ᠰᠠᠭᠤᠷᠢ ᠲᠥᠬᠦᠭᠡᠷᠦᠮᠵᠢ᠎ᠶ᠋ᠢᠨ ᠪᠦᠲᠦᠭᠡᠨ ᠪᠠᠢᠭᠤᠯᠤᠯᠲᠠ᠎ᠶ᠋ᠢ ᠴᠢᠩᠭᠠᠳᠭᠠᠨ ᠰᠤᠷᠭᠠᠨ ᠬᠥᠮᠦᠵᠢᠯ᠂ ᠰᠣᠶᠣᠯ᠂ ᠪᠡᠶ᠎ᠡ᠎ᠶ᠋ᠢᠨ ᠲᠠᠮᠢᠷ ᠵᠡᠷᠭᠡ ᠣᠯᠠᠨ ᠨᠡᠢᠲᠡ᠎ᠶ᠋ᠢᠨ ᠦᠢᠯᠡᠰ᠎ᠢ ᠬᠥᠭ᠌ᠵᠢᠭᠦᠯᠵᠦ᠍᠂ ᠠᠷᠠᠳ ᠤᠯᠠᠨ᠎ᠳᠤ ᠦᠢᠯᠡᠴᠢᠯᠡᠬᠦ᠌ ᠲᠦᠪᠱᠢᠨ᠎ᠢᠶᠠᠨ ᠬᠦᠴᠦᠯᠡᠨ ᠲᠠᠬᠡᠭ᠌ᠰᠢᠯᠡᠬᠦᠯᠦᠬᠡᠳ ᠢᠯᠡᠳᠳᠡ ᠠᠮᠵᠢᠯᠳᠠ ᠤᠯᠪᠠ᠃

ᠰᠤᠷᠭᠠᠭᠤᠯᠢ᠎ᠶ᠋ᠢᠨ ᠨᠠᠰᠤᠨ᠎ᠠᠴᠠ ᠡᠮᠦᠨᠡᠬᠢ ᠰᠤᠷᠭᠠᠨ ᠬᠥᠮᠦᠵᠢᠯ᠎ᠤᠨ ᠨᠥᠬᠦᠴᠡᠯ᠎ᠢ ᠰᠠᠢᠵᠢᠷᠠᠭᠤᠯᠤᠨ᠎ᠠ

《ᠬᠥᠬᠡᠬᠤᠳᠠ᠎ᠶ᠋ᠢᠨ ᠮᠤᠩᠭᠤᠯ ᠥᠨᠳᠤᠰᠤᠳᠠᠨ᠎ᠤ ᠬᠡᠤᠬᠡᠳ᠎ᠤᠨ ᠴᠡᠴᠡᠷᠯᠢᠭ᠎ᠤᠨ ᠨᠥᠬᠦᠴᠡᠯ ᠲᠤᠩ ᠰᠠᠢᠨ ᠪᠦᠬᠡᠳ ᠵᠠᠷᠤᠯᠭ᠎ᠠ ᠴᠥᠭᠡᠨ ᠪᠠᠢᠳᠠᠬ᠂ ᠬᠦᠤ᠎ᠪᠠᠨ ᠡᠢᠮᠥᠷᠬᠦᠤ ᠠᠭᠤᠵᠢᠭᠤ ᠲᠡᠯᠪᠢᠭᠤ᠂ ᠰᠠᠷᠠᠭᠤᠯ ᠲᠤᠬᠢᠯᠢᠬ ᠴᠡᠴᠡᠷᠯᠢᠭ᠎ᠲᠤ ᠰᠠᠭᠤᠯᠭᠠᠵᠤ ᠪᠠᠢᠬᠤ᠎ᠳᠠᠭᠠᠨ ᠲᠤᠩ ᠪᠠᠶᠠᠷᠯᠠᠵᠥ᠍ ᠪᠠᠢᠨ᠎ᠠ》 ᠭᠡᠵᠥ᠍ ᠬᠥᠬᠡᠬᠤᠳᠠ᠎ᠶ᠋ᠢᠨ ᠰᠠᠢᠬᠠᠨ ᠲᠤᠭᠤᠷᠢᠬ᠎ᠤᠨ ᠤᠯᠠᠭᠠᠨᠴᠠᠪ ᠵᠡᠬᠦᠨ ᠵᠠᠮ᠎ᠤᠨ ᠱᠢᠶᠠᠨ ᠹᠸᠡᠭ ᠰᠠᠭᠤᠭᠠᠯᠢ ᠠᠷᠠᠳ᠎ᠤᠨ ᠲᠤᠭᠤᠷᠢᠬ᠎ᠲᠤ ᠰᠠᠭᠤᠭ᠎ᠠ ᠭᠢᠯᠪᠠᠭ᠎ᠠ ᠮᠠᠰᠢ ᠰᠡᠳᠭᠢᠯ ᠬᠠᠨᠤᠮᠵᠢᠳᠠᠢ᠃

ᠬᠥᠬᠡᠬᠤᠳᠠ᠎ᠶ᠋ᠢᠨ ᠮᠤᠩᠭᠤᠯ ᠥᠨᠳᠤᠰᠤᠳᠠᠨ᠎ᠤ ᠭᠡᠤᠭᠡᠳ᠎ᠤᠨ ᠴᠡᠴᠡᠷᠯᠢᠭ᠎ᠤᠨ ᠲᠤᠮᠳᠠ ᠠᠩᠭᠢ᠎ᠳᠤ ᠰᠠᠭᠤᠭ᠎ᠠ ᠲᠠᠩᠭᠡ ᠪᠤᠯ ᠬᠢᠯᠪᠠᠭ᠎ᠠ᠎ᠶ᠋ᠢᠨ ᠬᠥᠤ ᠪᠤᠯᠤᠨ᠎ᠠ᠃ 5 ᠨᠠᠰᠤᠳᠠᠢ ᠪᠢᠴᠢᠬᠠᠨ ᠲᠠᠩᠭᠡ ᠴᠡᠴᠡᠷᠯᠢᠭ᠎ᠤᠨ᠎ᠢᠶᠠᠨ ᠪᠠᠭ᠎ᠠ ᠠᠩᠭᠢ ᠪᠠ ᠲᠤᠮᠳᠠ ᠠᠩᠭᠢ᠎ᠳᠤ ᠰᠤᠷᠤᠯᠴᠠᠬᠤ᠎ᠳᠠᠭᠠᠨ ᠬᠤᠭᠤᠴᠠᠭ᠎ᠠ ᠪᠤᠯᠭᠠᠨ ᠬᠤᠭᠤᠯᠠᠨ ᠰᠦᠢᠳᠭᠡᠯ ᠬᠡᠵᠥ᠍ 1500 ᠭᠠᠷᠤᠢ ᠲᠥᠬᠦᠷᠢᠭ ᠵᠠᠷᠤᠴᠠᠭᠤᠯᠬᠤ᠎ᠠᠴᠠ ᠪᠤᠰᠤᠳ ᠶᠠᠮᠠᠷ ᠴᠦ᠍ ᠵᠠᠷᠤᠳᠠᠯ ᠰᠦᠢᠳᠭᠡᠯ ᠲᠤᠱᠢᠶᠠᠳᠠᠭ ᠦᠬᠡᠢ ᠶᠤᠮ᠃ 《ᠬᠥᠬᠡᠬᠤᠳᠠ᠎ᠶ᠋ᠢᠨ ᠮᠤᠩᠭᠤᠯ ᠥᠨᠳᠤᠰᠤᠳᠠᠨ᠎ᠤ ᠬᠡᠤᠬᠡᠳ᠎ᠤᠨ ᠴᠡᠴᠡᠷᠯᠢᠭ ᠤᠯᠠᠨ ᠨᠠᠢᠳᠠ᠎ᠶ᠋ᠢᠨ ᠥᠢᠯᠡᠴᠢᠯᠡᠭᠡᠨ᠎ᠤ ᠲᠠᠯ᠎ᠠ᠎ᠪᠠᠷ ᠲᠤᠩ ᠰᠠᠢᠨ ᠪᠠᠢᠵᠥ᠍᠂ ᠵᠢᠭᠠᠨ ᠰᠤᠷᠭᠠᠯᠳᠠ᠎ᠶ᠋ᠢᠨ ᠪᠠᠭ᠍ᠰᠢ᠎ᠶ᠋ᠢᠨ ᠡᠩᠨᠡᠭᠡ᠎ᠨᠢ ᠲᠤᠬ᠍ᠳᠠᠭᠤᠨ ᠪᠦᠬᠡᠳ ᠰᠤᠷᠤᠬ᠍ᠴᠢ᠎ᠶ᠋ᠢᠨ ᠠᠰᠠᠷᠠᠨ ᠬᠠᠷᠠᠭᠠᠯᠵᠠᠬᠤ ᠰᠦᠢᠳᠭᠡᠯ᠎ᠢ ᠵᠠᠰᠠᠬ᠎ᠤᠨ ᠤᠷᠳᠤᠨ᠎ᠠᠴᠠ ᠨᠢᠬᠡᠳᠤᠯᠳᠠᠢ᠎ᠪᠠᠷ ᠬᠠᠷᠠᠭᠠᠯᠵᠠᠯ ᠥᠵᠡᠬᠦᠯᠵᠥ᠍ ᠪᠤᠢ》 ᠬᠡᠵᠤ ᠬᠢᠯᠪᠠᠭ᠎ᠠ ᠶᠠᠷᠢᠨ᠎ᠠ᠃ ᠰᠤᠷᠭᠠᠭᠤᠯᠢ᠎ᠶ᠋ᠢᠨ ᠨᠠᠰᠤᠨ᠎ᠠᠴᠠ ᠡᠮᠦᠨᠡᠬᠢ ᠬᠡᠦᠬᠡᠳ᠎ᠤᠳ᠎ᠤᠨ ᠬᠡᠤᠬᠡᠳ᠎ᠤᠨ ᠴᠡᠴᠡᠷᠯᠢᠭ᠎ᠲᠤ ᠣᠷᠣᠬᠤ ᠨᠣᠷᠮ᠎ᠠ᠎ᠶ᠋ᠢ 85% ᠎ᠳᠤ ᠬᠦᠷᠬᠡᠵᠦ᠍᠂ ᠲᠦᠭᠡᠮᠡᠯ ᠬᠠᠷᠠᠭᠠᠯᠵᠠᠯ᠎ᠤᠨ ᠴᠢᠨᠠᠷᠲᠠᠶ ᠬᠡᠤᠬᠡᠳ᠎ᠤᠨ ᠴᠡᠴᠡᠷᠯᠢᠭ᠎ᠤᠨ ᠪᠦᠷᠬᠦᠴᠡ᠎ᠶ᠋ᠢᠨ ᠨᠣᠷᠮ᠎ᠠ᠎ᠶ᠋ᠢ 80% ᠎ᠳᠤ ᠬᠦᠷᠬᠡᠨ᠎ᠠ᠃ ᠬᠥᠬᠡᠬᠤᠳᠠ ᠡᠨᠡ ᠬᠦ᠌ ᠬᠠᠷᠠᠯᠳᠠ᠎ᠶ᠋ᠢᠨ᠎ᠢᠶᠠᠨ ᠲᠤᠭᠤᠷᠢᠨ᠎ᠳᠤ ᠰᠤᠷᠭᠠᠭᠤᠯᠢ᠎ᠶ᠋ᠢᠨ ᠨᠠᠰᠤᠨ᠎ᠠᠴᠠ ᠡᠮᠦᠨᠡᠬᠢ ᠰᠤᠷᠭᠠᠨ ᠬᠥᠮᠦᠵᠢᠯ᠎ᠤᠨ ᠣᠯᠠᠨ ᠨᠡᠢᠲᠡ᠎ᠶ᠋ᠢᠨ ᠦᠢᠯᠡᠴᠢᠯᠡᠭᠡᠨ᠎ᠤ ᠱᠢᠰᠲ᠋ᠧᠮ᠎ᠢ ᠦᠨᠳᠦᠰᠦᠨ᠎ᠳᠡᠭᠡᠨ ᠪᠠᠢᠭᠤᠯᠪᠠ᠃

ᠰᠤᠷᠭᠠᠭᠤᠯᠢ᠎ᠶ᠋ᠢᠨ ᠨᠠᠰᠤᠨ᠎ᠠᠴᠠ ᠡᠮᠦᠨᠡᠬᠢ ᠰᠤᠷᠭᠠᠨ ᠬᠥᠮᠦᠵᠢᠯ᠎ᠨᠢ ᠠᠵᠤ ᠠᠬᠤᠶ ᠨᠡᠢᠭᠡᠮ᠎ᠤᠨ ᠬᠥᠭ᠌ᠵᠢᠯᠲᠡ᠎ᠲᠠᠢ ᠬᠤᠯᠪᠣᠭ᠍ᠳᠠᠬᠤ᠎ᠪᠠᠷ ᠪᠠᠷᠠᠬᠤ ᠦᠬᠡᠢ ᠨᠠᠩ ᠴᠢᠬᠤᠯᠠ᠎ᠨᠢ ᠠᠷᠠᠳ ᠣᠯᠠᠨ᠎ᠤ ᠬᠦᠷᠲᠡᠮᠵᠢ᠎ᠶ᠋ᠢᠨ ᠲᠥᠷᠥᠭ᠌ᠳᠡᠯ᠎ᠤᠨ ᠴᠢᠬᠤᠯᠠ ᠪᠠᠷᠢᠮᠵᠢᠶ᠎ᠠ ᠪᠣᠯᠬᠤ ᠶᠤᠮ᠃ ᠡᠢᠮᠤ᠎ᠠᠴᠠ ᠵᠠᠰᠠᠬ᠎ᠤᠨ ᠣᠷᠳᠣᠨ ᠵᠢᠴᠢ ᠬᠠᠮᠢᠶ᠎ᠠ ᠪᠦᠬᠦᠢ ᠰᠠᠯᠠᠭ᠎ᠠ ᠮᠥᠴᠢᠷ᠎ᠤᠨ᠎ᠬᠢᠨ ᠬᠠᠮᠵᠢᠯᠴᠠᠭ᠎ᠠ᠎ᠪᠠᠨ ᠴᠢᠩᠭᠠᠳᠭᠠᠠ ᠬᠠᠮᠢᠶᠠᠷᠤᠯᠲᠠ᠎ᠶ᠋ᠢᠨ ᠪᠠᠢᠭᠤᠯᠤᠮᠵᠢ᠎ᠪᠠᠨ ᠪᠦᠷᠢᠨᠱᠢᠭᠦᠯᠵᠦ᠍᠂ ᠲᠦᠭᠡᠮᠡᠯ ᠬᠠᠷᠠᠭᠠᠯᠵᠠᠯ᠎ᠤᠨ ᠴᠢᠨᠠᠷᠲᠠᠶ ᠬᠡᠤᠬᠡᠳ᠎ᠤᠨ ᠴᠡᠴᠡᠷᠯᠢᠭ᠎ᠤᠨ ᠬᠥᠭ᠌ᠵᠢᠯᠲᠡ᠎ᠳᠤ ᠴᠢᠩᠭ᠎ᠠ ᠬᠦᠴᠦᠲᠡᠶ ᠲᠥᠷᠥ᠎ᠶ᠋ᠢᠨ ᠪᠣᠳᠣᠯᠭ᠎ᠠ᠎ᠶ᠋ᠢᠨ ᠪᠠᠲᠤᠯᠠᠭ᠎ᠠ ᠬᠠᠩᠭᠠᠨ᠂ ᠵᠠᠰᠠᠭ᠎ᠤᠨ ᠣᠷᠳᠣᠨ᠎ᠠᠴᠠ ᠣᠯᠠᠨ ᠨᠡᠢᠲᠡ᠎ᠶ᠋ᠢᠨ ᠦᠢᠯᠡᠴᠢᠯᠡᠭᠡ᠎ᠶ᠋ᠢ ᠬᠤᠳᠠᠯᠳᠤᠨ ᠠᠪᠬᠤ᠂ ᠵᠢᠭᠠᠨ ᠰᠤᠷᠭᠠᠯᠲᠠ᠎ᠶ᠋ᠢᠨ ᠵᠢᠭᠠᠨ ᠵᠢᠯᠣᠭᠤᠳᠤᠯᠭ᠎ᠠ ᠬᠢᠬᠦ᠌ ᠵᠡᠷᠭᠡ ᠠᠷᠭ᠎ᠠ ᠬᠡᠯᠪᠡᠷᠢ᠎ᠪᠠᠷ ᠲᠠᠮᠵᠢᠨ ᠲᠦᠭᠡᠮᠡᠯ ᠬᠠᠷᠠᠭᠠᠯᠵᠠᠯ᠎ᠤᠨ ᠴᠢᠨᠠᠷᠲᠠᠶ ᠠᠷᠠᠳ᠎ᠠᠴᠠ ᠡᠷᠬᠢᠯᠡᠭ᠌ᠰᠡᠨ ᠬᠡᠤᠬᠡᠳ᠎ᠤᠨ ᠴᠡᠴᠡᠷᠯᠢᠭ᠎ᠤᠨ ᠬᠥᠭ᠌ᠵᠢᠯᠲᠡ᠎ᠶ᠋ᠢ ᠦᠷᠭᠦᠯᠵᠢᠯᠡᠨ ᠳᠠᠮᠵᠢᠵᠥ᠍᠂ ᠰᠤᠷᠭᠠᠭᠤᠯᠢ᠎ᠶ᠋ᠢᠨ ᠨᠠᠰᠤᠨ᠎ᠠᠴᠠ ᠡᠮᠦᠨᠡᠬᠢ ᠰᠤᠷᠭᠠᠨ ᠬᠥᠮᠦᠵᠢᠯ᠎ᠤᠨ ᠶᠠᠰᠤ ᠴᠢᠨᠠᠷ᠎ᠢ ᠨᠠᠩ ᠴᠢᠬᠤᠯᠠᠴᠢᠯᠠᠪᠠᠯ ᠵᠤᠬᠢᠨ᠎ᠠ᠃

ᠥᠪᠡᠷᠲᠡᠭᠡᠨ ᠵᠠᠰᠠᠬᠤ ᠣᠷᠣᠨ᠎ᠤ ᠵᠠᠰᠠᠭ᠎ᠤᠨ ᠣᠷᠳᠣᠨ ᠤᠢ᠍ᠢᠷ᠎ᠠ᠎ᠳᠤ 《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠬᠤᠲᠠ ᠪᠠᠯᠭᠠᠰᠤ᠎ᠶ᠋ᠢᠨ ᠰᠠᠭᠤᠭᠠᠯᠢ ᠲᠣᠭᠤᠷᠢᠭ᠎ᠤᠨ ᠢᠵᠢ ᠪᠥᠷᠢᠳᠦᠭ᠌ᠰᠡᠨ ᠬᠡᠤᠬᠡᠳ᠎ᠤᠨ ᠴᠡᠴᠡᠷᠯᠢᠭ᠎ᠢ ᠪᠠᠢᠭᠤᠯᠬᠤ ᠠᠵᠢᠯ᠎ᠤᠨ ᠬᠡᠷᠡᠭ᠌ᠵᠢᠭᠦᠯᠬᠦ᠌ ᠲᠥᠰᠦᠯ》 ᠎ᠢ ᠪᠠᠭᠤᠯᠭᠠᠪᠠ᠃ ᠡᠨᠡ ᠵᠢᠯ ᠮᠠᠨ᠎ᠤ ᠣᠷᠣᠨ ᠲᠦᠭᠡᠮᠡᠯ ᠬᠠᠷᠠᠭᠠᠯᠵᠠᠯ᠎ᠤᠨ ᠴᠢᠨᠠᠷᠲᠠᠢ ᠬᠡᠦᠬᠡᠳ᠎ᠤᠨ ᠴᠡᠴᠡᠷᠯᠢᠭ᠎ᠤᠨ ᠪᠦᠷᠬᠦᠴᠡ᠎ᠶ᠋ᠢᠨ ᠨᠤᠷᠮ᠎ᠠ᠎ᠶ᠋ᠢ 80% ᠎ᠳᠤ ᠬᠦᠷᠭᠡᠬᠦ᠌᠎ᠶ᠋ᠢ ᠦᠨᠡᠨ ᠬᠦ᠌ ᠪᠠᠲᠤᠯᠠᠵᠤ᠂ ᠰᠤᠷᠭᠠᠭᠤᠯᠢ᠎ᠶ᠋ᠢᠨ ᠨᠠᠰᠤᠨ᠎ᠠᠴᠠ ᠡᠮᠦᠨᠡᠬᠢ ᠬᠡᠤᠬᠡᠳ᠎ᠤᠳ᠎ᠤᠨ 50% ᠎ᠠᠴᠠ ᠲᠠᠬᠡᠭ᠌ᠰᠢᠬᠢ᠎ᠶ᠋ᠢ ᠠᠯᠪᠠᠨ᠎ᠠᠴᠠ ᠡᠷᠬᠢᠯᠡᠭ᠌ᠰᠡᠨ ᠬᠡᠤᠬᠡᠳ᠎ᠤᠨ ᠴᠡᠴᠡᠷᠯᠢᠭ᠎ᠲᠤ ᠰᠠᠭᠤᠯᠭᠠᠨ᠂ ᠲᠦᠭᠡᠮᠡᠯ ᠬᠠᠷᠠᠭᠠᠯᠵᠠᠯ᠎ᠤᠨ ᠴᠢᠨᠠᠷᠲᠠᠶ ᠡᠬᠢ ᠪᠠᠶᠠᠯᠢᠭ᠎ᠢᠶᠠᠷ ᠭᠤᠤᠯ ᠴᠣᠭ᠍ᠴᠠ ᠪᠣᠯᠭᠠᠭ᠍ᠰᠠᠨ ᠰᠤᠷᠭᠠᠭᠤᠯᠢ᠎ᠶ᠋ᠢᠨ ᠨᠠᠰᠤᠨ᠎ᠠᠴᠠ ᠡᠮᠦᠨᠡᠬᠢ ᠰᠤᠷᠭᠠᠨ ᠬᠥᠮᠦᠵᠢᠯ᠎ᠤᠨ ᠣᠯᠠᠨ ᠨᠡᠢᠲᠡ᠎ᠶ᠋ᠢᠨ ᠦᠶᠯᠡᠴᠢᠯᠡᠭᠡᠨ᠎ᠤ ᠱᠢᠰᠲ᠋ᠧᠮ᠎ᠢ ᠬᠦᠴᠦᠯᠡᠨ ᠴᠤᠭ᠍ᠴᠠᠯᠠᠵᠤ ᠪᠠᠢᠨ᠎ᠠ᠃ ᠤᠳᠤᠬᠠᠨ᠎ᠳᠤ ᠪᠦᠬᠦ᠌ ᠤᠷᠤᠨ᠎ᠤ ᠡᠯ᠎ᠡ ᠭᠠᠵᠠᠷ᠎ᠤᠨ᠎ᠬᠢᠨ ᠠᠷᠠᠳ ᠲᠦᠮᠡᠨ᠎ᠢᠶᠠᠷ ᠭᠤᠣᠯ ᠪᠣᠯᠭᠠᠬᠤ ᠬᠥᠭ᠌ᠵᠢᠯᠲᠡ᠎ᠶ᠋ᠢᠨ ᠦᠵᠡᠯ ᠰᠠᠨᠠᠭ᠎ᠠ᠎ᠶ᠋ᠢ ᠪᠠᠷᠢᠮᠳᠠᠯᠠᠨ᠂ ᠬᠤᠲᠠ ᠪᠠᠯᠭᠠᠰᠤ᠎ᠶ᠋ᠢᠨ ᠰᠠᠭᠤᠭᠠᠯᠢ ᠲᠣᠭᠤᠷᠢᠭ᠎ᠤᠨ ᠢᠵᠢ ᠪᠦᠷᠢᠳᠦᠭ᠌ᠰᠡᠨ ᠬᠡᠤᠬᠡᠳ᠎ᠤᠨ ᠴᠡᠴᠡᠷᠯᠢᠭ᠎ᠢ ᠪᠠᠢᠭᠤᠯᠬᠤ ᠠᠵᠢᠯ᠎ᠢ ᠯᠠᠪᠳᠠᠭᠤᠨ ᠪᠠᠲᠤᠲᠠᠶ ᠠᠬᠢᠭᠤᠯᠵᠥ᠍ ᠪᠤᠢ᠃

ᠪᠥᠬᠦ᠌ ᠠᠷᠠᠳ᠎ᠤᠨ ᠪᠡᠶ᠎ᠡ ᠴᠢᠭᠢᠷᠠᠭ᠍ᠵᠢᠭᠤᠯᠬᠤ ᠲᠦᠬᠦᠭᠡᠷᠦᠮᠵᠢ᠎ᠶ᠋ᠢᠨ ᠲᠣᠤᠷ᠎ᠢ ᠪᠦᠷᠢᠯᠳᠦᠭᠦᠯᠥᠨ᠎ᠠ

ᠬᠥᠬᠡᠬᠤᠳᠠ᠎ᠶ᠋ᠢᠨ ᠵᠡᠬᠡᠯᠢ ᠭᠤᠳᠤᠮᠵᠢ᠎ᠶ᠋ᠢᠨ ᠬᠠᠵᠠᠭᠤ᠎ᠳᠤ ᠪᠠᠢᠷᠢᠯᠠᠭ᠎ᠠ ᠴᠢᠩᠭᠡᠯᠢᠭ᠌ᠲᠦ ᠮᠠᠶᠢᠭ᠎ᠤᠨ ᠬᠥᠯ ᠪᠥᠮᠪᠦᠭᠡ᠎ᠶ᠋ᠢᠨ ᠲᠠᠯᠠᠪᠠᠢ᠎ᠳᠤ ᠬᠥᠯ ᠪᠥᠮᠪᠦᠭᠡ᠎ᠶ᠋ᠢᠨ ᠪᠠᠭ᠍ᠠᠲᠠᠳ ᠤᠷ᠎ᠠ ᠴᠢᠳᠠᠪᠤᠷᠢ᠎ᠪᠠᠨ ᠭᠠᠢᠬᠠᠭᠤᠯᠤᠨ ᠬᠥᠯ ᠪᠥᠮᠪᠦᠭᠡ᠎ᠶ᠋ᠢᠨ ᠬᠠᠪᠤ ᠴᠡᠩᠭᠡᠯ᠎ᠢ ᠬᠠᠮᠳᠤ᠎ᠪᠠᠷ ᠬᠤᠪᠢᠶᠠᠯᠴᠠᠨ᠎ᠠ; ᠨᠠᠭᠤᠷ ᠲᠠᠭᠠᠬ᠍ᠰᠠᠨ ᠲᠣᠭᠤᠷᠢᠯ ᠵᠠᠮ ᠳᠡᠭᠡᠷ᠎ᠡ ᠬᠤᠲᠠ᠎ᠶ᠋ᠢᠨ ᠠᠷᠠᠳ ᠪᠡᠶ᠎ᠠ ᠴᠢᠬᠢᠷᠠᠬ᠍ᠵᠢᠭᠤᠯᠵᠤ ᠰᠤᠯᠠ ᠠᠯᠬᠤᠯᠠᠨ᠎ᠠ; ᠪᠥᠬᠦ᠌ ᠠᠷᠠᠳ᠎ᠤᠨ ᠪᠡᠶ᠎ᠡ ᠴᠢᠭᠢᠷᠠᠭ᠍ᠵᠢᠭᠤᠯᠬᠤ ᠦᠢᠯᠡᠴᠢᠯᠡᠭᠡᠨ᠎ᠤ ᠲᠥᠪ᠎ᠲᠤ ᠬᠤᠳᠠ᠎ᠶ᠋ᠢᠨ ᠠᠷᠠᠳ ᠪᠥᠬᠦ᠌ ᠠᠷᠠᠳ᠎ᠤᠨ ᠪᠡᠶ᠎ᠡ ᠴᠢᠭᠢᠷᠠᠭ᠍ᠵᠢᠭᠤᠯᠬᠤ ᠣᠯᠠᠨ ᠨᠡᠢᠲᠡ᠎ᠶ᠋ᠢᠨ ᠦᠢᠯᠡᠴᠢᠯᠡᠭᠡᠨ᠎ᠤ ᠲᠠᠪᠴᠠᠩ᠎ᠤᠨ ᠦᠵᠦᠭᠦᠷᠯᠢᠭ᠎ᠢᠶᠠᠷ ᠳᠠᠮᠵᠢᠨ ᠪᠡᠶ᠎ᠠ᠎ᠶ᠋ᠢᠨ ᠲᠠᠮᠢᠷ᠎ᠤᠨ ᠲᠠᠯᠠᠪᠤᠷ ᠣᠷᠳᠣᠨ᠎ᠢ ᠤᠷᠢᠳᠴᠢᠯᠠᠨ ᠵᠠᠬᠢᠶᠠᠯᠠᠬᠤ᠂ ᠤᠷᠤᠯᠳᠤᠭᠠᠨ᠎ᠤ ᠠᠵᠢᠯᠯᠠᠭ᠎ᠠ᠎ᠳᠤ ᠨᠡᠷ᠎ᠡ ᠮᠡᠳᠡᠭᠦᠯᠬᠦ᠂ ᠤᠷᠤᠯᠳᠤᠭᠠᠠ᠎ᠤ ᠱᠢᠭᠤᠳ ᠨᠡᠪᠲᠡᠷᠡᠭᠦᠯᠭᠡ ᠬᠢᠬᠦ᠌ ᠵᠡᠷᠭᠡ ᠠᠷᠠᠳ᠎ᠲᠤ ᠲᠥᠬᠦᠮ ᠦᠵᠡᠭᠦᠯᠬᠦ᠌ ᠦᠢᠯᠡᠴᠢᠯᠡᠭᠡ᠎ᠶ᠋ᠢ ᠡᠳ᠋ᠯᠡᠵᠡᠭᠡᠨ᠎ᠠ ᠁

ᠤᠯᠠᠨ ᠨᠠᠢᠳᠠ᠎ᠶ᠋ᠢᠨ ᠪᠡᠶ᠎ᠠ᠎ᠶ᠋ᠢᠨ ᠲᠠᠮᠢᠷ᠎ᠤᠨ ᠲᠤᠨᠤᠬ ᠲᠥᠬᠦᠬᠡᠷᠥᠮᠵᠢ᠎ᠶ᠋ᠢᠨ ᠪᠠᠢᠭᠤᠯᠤᠯᠳᠠ ᠪᠤᠯ ᠪᠥᠬᠦ᠌ ᠨᠡᠢᠭᠡᠮ᠎ᠢᠶᠠᠷ᠎ᠢᠶᠠᠨ ᠤᠷᠤᠯᠴᠠᠬᠤ ᠴᠢᠬᠤᠯᠠ ᠨᠢᠬᠡᠨ ᠠᠷᠠᠳ᠎ᠤᠨ ᠠᠮᠢᠳᠤᠷᠠᠯ᠎ᠤᠨ ᠢᠨᠵᠧᠨᠧᠷᠢᠩ ᠪᠠᠢᠵᠤ᠂ ᠪᠥᠬᠦ᠌ ᠠᠷᠠᠳ᠎ᠤᠨ ᠪᠡᠶ᠎ᠠ ᠴᠢᠬᠢᠷᠠᠬ᠍ᠵᠢᠭᠤᠯᠬᠤ ᠠᠵᠢᠯᠯᠠᠭ᠎ᠠ᠎ᠶ᠋ᠢ ᠥᠷᠭᠡᠨ ᠲᠡᠯᠭᠡᠷ ᠥᠷᠨᠢᠬᠦᠯᠬᠦ᠌᠎ᠶ᠋ᠢᠨ ᠥᠨᠳᠤᠰᠤᠨ ᠪᠠᠢᠭᠤᠯᠤᠯᠳᠠ ᠪᠤᠯᠬᠤ ᠶᠤᠮ᠃ ᠣᠯᠠᠨ ᠲᠦᠮᠡᠨᠴᠢ ᠪᠡᠶ᠎ᠡ᠎ᠶ᠋ᠢᠨ ᠲᠠᠮᠢᠷ᠎ᠤᠨ ᠠᠵᠢᠯᠯᠠᠭ᠎ᠠ᠎ᠶ᠋ᠢ ᠰᠠᠢᠳᠤᠷ ᠥᠷᠨᠢᠬᠦᠯᠤᠨ᠂ ᠪᠡᠶ᠎ᠡ ᠴᠢᠭᠢᠷᠠᠭ᠍ᠵᠢᠯ ᠪᠠ ᠡᠷᠡᠭᠦᠯ ᠡᠩᠭᠡ᠎ᠶ᠋ᠢ ᠴᠢᠷᠮᠠᠢᠨ ᠠᠭᠤᠰᠤᠯᠴᠠᠭᠤᠯᠵᠤ᠂ ᠪᠡᠶ᠎ᠠ᠎ᠶ᠋ᠢᠨ ᠲᠠᠮᠢᠷ᠎ᠤᠨ ᠤᠯᠠᠨ ᠨᠠᠢᠳᠠ᠎ᠶ᠋ᠢᠨ ᠥᠢᠯᠡᠴᠢᠯᠡᠭᠡᠨ᠎ᠤ ᠲᠠᠪᠴᠠᠩ᠎ᠤᠨ ᠪᠠᠢᠭᠤᠯᠤᠯᠳᠠ᠎ᠶ᠋ᠢ ᠴᠢᠩᠭᠠᠳᠭᠠᠨ ᠪᠡᠶ᠎ᠠ᠎ᠶ᠋ᠢᠨ ᠲᠠᠮᠢᠷ᠎ᠤᠨ ᠲᠤᠨᠤᠬ ᠲᠥᠬᠦᠬᠡᠷᠤᠮᠵᠢ᠎ᠶ᠋ᠢ ᠬᠠᠮᠳᠤ᠎ᠪᠠᠷ ᠪᠠᠢᠭᠤᠯᠵᠤ ᠬᠠᠮᠳᠤ᠎ᠪᠠᠷ ᠡᠳ᠋ᠯᠡᠬᠦ᠌᠎ᠶ᠋ᠢ ᠪᠡᠶᠡᠯᠡᠬᠦᠯᠬᠦ᠌ ᠪᠤᠯ ᠠᠷᠠᠳ ᠤᠯᠠᠨ᠎ᠤ ᠬᠦᠰᠡᠯ᠂ ᠡᠷᠡᠬᠦᠯ ᠡᠩᠬᠡ ᠦᠪᠤᠷ ᠮᠤᠩᠭᠤᠯ᠎ᠤᠨ ᠪᠦᠳᠦᠬᠡᠨ ᠪᠠᠢᠭᠤᠯᠤᠯᠳᠠ᠎ᠶ᠋ᠢᠨ ᠬᠡᠷᠡᠭ᠌ᠴᠡᠭᠡ ᠱᠠᠭᠠᠷᠳᠠᠯᠭ᠎ᠠ ᠪᠤᠯᠬᠤ᠎ᠨᠢ ᠲᠠᠮᠵᠢᠭ ᠦᠬᠡᠢ᠃

ᠮᠠᠨ᠎ᠤ ᠤᠷᠤᠨ᠎ᠤ ᠮᠥᠰᠥᠨ ᠳᠡᠭᠡᠷᠡᠬᠢ ᠪᠡᠶ᠎ᠡ᠎ᠶ᠋ᠢᠨ ᠲᠠᠮᠢᠷ᠎ᠤᠨ ᠪᠣᠯᠪᠠᠰᠤᠷᠠᠯ᠎ᠤᠨ ᠲᠥᠪ᠂ ᠤᠯᠤᠰ᠎ᠤᠨ ᠤᠮᠠᠷᠠᠲᠤ᠎ᠶ᠋ᠢᠨ ᠬᠥᠯ ᠪᠥᠮᠪᠦᠭᠡ᠎ᠶ᠋ᠢᠨ ᠪᠣᠯᠪᠠᠰᠤᠷᠠᠯ᠎ᠤᠨ ᠰᠠᠭᠤᠷᠢᠨ᠂ ᠤᠯᠤᠰ᠎ᠤᠨ ᠤᠮᠠᠷᠠᠲᠤ᠎ᠶ᠋ᠢᠨ ᠬᠥᠯ ᠪᠥᠮᠪᠦᠭᠡ᠎ᠶ᠋ᠢᠨ ᠵᠠᠯᠠᠭᠤᠴᠤᠳ ᠪᠠᠭᠠᠴᠤᠳ᠎ᠤᠨ ᠵᠤᠰᠠᠯᠠᠩ᠎ᠤᠨ ᠰᠠᠭᠤᠷᠢᠨ᠂ ᠥᠪᠥᠷ ᠮᠣᠩᠭᠤᠯ᠎ᠤᠨ ᠬᠥᠯ ᠪᠥᠮᠪᠦᠭᠡ᠎ᠶ᠋ᠢᠨ ᠬᠠᠢᠨᠠᠨ᠎ᠤ ᠪᠣᠯᠪᠠᠰᠤᠷᠠᠯ᠎ᠤᠨ ᠰᠠᠭᠤᠷᠢᠨ ᠵᠡᠷᠭᠡ᠎ᠨᠢ ᠨᠢᠬᠡᠨᠳᠠ ᠠᠱᠢᠬ᠍ᠯᠠᠯᠳᠠ᠎ᠳᠤ ᠤᠷᠤᠪᠠ᠃ ᠤᠳᠤ ᠡᠯ᠎ᠡ ᠠᠢᠮᠠᠭ ᠬᠤᠲᠠ᠎ᠳᠤ ᠲᠣᠮᠣ ᠬᠡᠯᠪᠡᠷᠢ᠎ᠶ᠋ᠢᠨ ᠣᠯᠠᠨ ᠨᠡᠢᠲᠡ᠎ᠶ᠋ᠢᠨ ᠪᠡᠶ᠎ᠡ᠎ᠶ᠋ᠢᠨ ᠲᠠᠮᠢᠷ᠎ᠤᠨ ᠲᠠᠯᠠᠪᠤᠷ ᠣᠷᠳᠣᠨ ᠦᠨᠳᠦᠰᠦᠨ᠎ᠳᠡᠭᠡᠨ ᠲᠥᠭᠡᠮᠡᠯᠵᠢᠵᠥ᠍᠂ ᠤᠯᠤᠰ᠎ᠤᠨ ᠳᠣᠲᠣᠭᠠᠳᠤ ᠭᠠᠳᠠᠭᠠᠳᠤ᠎ᠶ᠋ᠢᠨ ᠴᠢᠬᠤᠯᠠ ᠶᠡᠭᠡ ᠤᠷᠤᠯᠳᠤᠭᠠᠨ᠎ᠢ ᠡᠷᠬᠢᠯᠡᠬᠦ᠌ ᠨᠥᠬᠦᠴᠡᠯ᠎ᠲᠠᠢ ᠪᠤᠯᠵᠠᠢ᠃ ᠦᠨᠳᠦᠰᠦᠨ ᠱᠠᠲᠤᠨ᠎ᠤ ᠪᠡᠶ᠎ᠡ᠎ᠶ᠋ᠢᠨ ᠲᠠᠮᠢᠷ᠎ᠤᠨ ᠲᠥᠬᠦᠭᠡᠷᠦᠮᠵᠢ ᠡᠳᠦᠷ ᠢᠷᠡᠬᠦᠶ᠎ᠡ ᠲᠡᠭᠦᠯᠳᠡᠷᠵᠢᠵᠦ᠍᠂ ᠤᠳᠤ ᠬᠤᠱᠢᠭᠤ ᠱᠢᠶᠠᠨ (ᠬᠤᠲᠠ᠂ ᠲᠣᠭᠤᠷᠢᠭ) ᠪᠦᠬᠦᠨ᠎ᠳᠤ ᠪᠥᠬᠦ᠌ ᠠᠷᠠᠳ᠎ᠤᠨ ᠪᠡᠶ᠎ᠡ ᠴᠢᠭᠢᠷᠠᠭ᠍ᠵᠢᠭᠤᠯᠬᠤ ᠠᠵᠢᠯᠯᠠᠭᠠᠨ᠎ᠤ ᠲᠥᠪ᠎ᠲᠠᠢ ᠪᠤᠯᠵᠥ᠍᠂ ᠬᠤᠲᠠ ᠬᠥᠳᠡᠭᠡ᠎ᠶ᠋ᠢ ᠬᠠᠮᠤᠷᠤᠭ᠍ᠰᠠᠨ᠂ ᠪᠠᠢᠷᠢᠱᠢᠯ ᠵᠦᠶ ᠵᠣᠬᠢᠰᠲᠠᠶ᠂ ᠲᠥᠷᠥᠯ ᠵᠦᠶᠯ ᠣᠯᠠᠨ ᠶᠠᠩᠵᠤ᠎ᠶ᠋ᠢᠨ ᠪᠥᠬᠦ᠌ ᠠᠷᠠᠳ᠎ᠤᠨ ᠪᠡᠶ᠎ᠡ ᠴᠢᠭᠢᠷᠠᠭ᠍ᠵᠢᠭᠤᠯᠬᠤ ᠲᠦᠬᠦᠭᠡᠷᠦᠮᠵᠢ᠎ᠶ᠋ᠢᠨ ᠲᠣᠤᠷ᠎ᠢ ᠠᠩᠬ᠎ᠠ ᠠᠯᠬᠤᠮ ᠪᠦᠷᠢᠯᠳᠦᠭᠦᠯᠪᠡ᠃

ᠮᠠᠨ᠎ᠤ ᠤᠷᠤᠨ ᠣᠯᠠᠨ ᠨᠡᠢᠲᠡ᠎ᠶ᠋ᠢᠨ ᠪᠡᠶ᠎ᠡ᠎ᠶ᠋ᠢᠨ ᠲᠠᠮᠢᠷ᠎ᠤᠨ ᠲᠠᠯᠠᠪᠤᠷ ᠣᠷᠳᠣᠨ᠎ᠢ ᠢᠳᠡᠭ ᠢᠳᠡᠭ᠎ᠢᠶᠠᠷ ᠨᠡᠢᠭᠡᠮ ᠨᠡᠢᠲᠡ᠎ᠳᠤ ᠰᠦᠢᠳᠭᠡᠯ ᠬᠤᠷᠢᠶᠠᠬᠤ ᠦᠭᠡᠢ᠎ᠪᠠᠷ ᠨᠡᠬᠡᠬᠡᠬᠦ᠌ ᠪᠤᠶᠤ ᠳᠣᠣᠷ᠎ᠠ ᠥᠨ᠎ᠠ᠎ᠶ᠋ᠢᠨ ᠰᠦᠢᠳᠭᠡᠯ ᠬᠤᠷᠢᠶᠠᠵᠤ᠂ ᠨᠥᠬᠦᠴᠡᠯ᠎ᠳᠤ ᠨᠡᠢᠴᠡᠭ᠌ᠰᠡᠨ 71 ᠲᠣᠮᠣ ᠬᠡᠯᠪᠡᠷᠢ᠎ᠶ᠋ᠢᠨ ᠪᠡᠶ᠎ᠡ᠎ᠶ᠋ᠢᠨ ᠲᠠᠮᠢᠷ᠎ᠤᠨ ᠲᠠᠯᠠᠪᠤᠷ ᠣᠷᠳᠣᠨ᠎ᠳᠤ ᠤᠯᠤᠰ ᠪᠠ ᠥᠪᠡᠷᠲᠡᠭᠡᠨ ᠵᠠᠰᠠᠬᠤ ᠣᠷᠣᠨ᠎ᠤ  ᠰᠦᠢᠳᠭᠡᠯ ᠬᠤᠷᠢᠶᠠᠬᠤ ᠦᠭᠡᠶ᠎ᠪᠠᠷ ᠨᠡᠬᠡᠬᠡᠬᠦ᠌ ᠪᠤᠶᠤ ᠳᠣᠤᠷ᠎ᠠ ᠥᠨ᠎ᠠ᠎ᠶ᠋ᠢᠨ ᠰᠦᠢᠳᠭᠡᠯ ᠬᠤᠷᠢᠶᠠᠬᠤ ᠨᠥᠬᠦᠪᠥᠷᠢ ᠭᠤᠶᠤᠴᠢᠯᠡᠨ᠂ 5 ᠵᠢᠯ᠎ᠳᠤ ᠨᠡᠢᠲᠡ 4.42 ᠳ᠋ᠦᠩᠱᠢᠭᠤᠷ ᠲᠥᠭᠦᠷᠢᠭ᠎ᠤᠨ ᠨᠥᠬᠦᠪᠥᠷᠢ ᠬᠥᠷᠲᠡᠵᠥ᠍᠂ ᠣᠯᠠᠨ ᠲᠦᠮᠡᠨ᠎ᠤ ᠪᠡᠶ᠎ᠡ ᠴᠢᠭᠢᠷᠠᠭ᠍ᠵᠢᠭᠤᠯᠬᠤ ᠬᠡᠷᠡᠭ᠌ᠴᠡᠭᠡ ᠱᠠᠭᠠᠷᠳᠠᠯᠭ᠎ᠠ᠎ᠶ᠋ᠢ ᠬᠦᠴᠦᠯᠡᠨ ᠬᠠᠩᠭᠠᠵᠤ ᠪᠠᠢᠨ᠎ᠠ᠃ ᠤᠳᠤ ᠮᠠᠨ᠎ᠤ ᠤᠷᠤᠨ᠎ᠤ ᠬᠥᠮᠦᠨ ᠳᠤᠮᠳᠠᠴᠢ᠎ᠳᠤ ᠨᠤᠬ᠍ᠳᠠᠬᠤ ᠪᠡᠶ᠎ᠡ᠎ᠶ᠋ᠢᠨ ᠲᠠᠮᠢᠷ᠎ᠤᠨ ᠲᠠᠯᠠᠪᠤᠷ᠎ᠤᠨ ᠲᠠᠯᠠᠪᠠᠢ 1.9 ᠲᠡᠭ᠌ᠰᠢ ᠳᠥᠷᠪᠡᠯᠵᠢᠨ ᠮᠧᠲᠷ᠎ᠲᠤ ᠬᠥᠷᠴᠤ᠌᠂ ᠭᠠᠴᠠᠭ᠎ᠠ ᠲᠣᠰᠭᠤᠨ᠎ᠤ ᠪᠡᠶ᠎ᠡ ᠴᠢᠭᠢᠷᠠᠭ᠍ᠵᠢᠭᠤᠯᠬᠤ ᠢᠨᠵᠧᠨᠧᠷᠢᠩ᠎ᠤᠨ ᠪᠦᠷᠬᠦᠴᠡ᠎ᠶ᠋ᠢᠨ ᠨᠤᠷᠮ᠎ᠠ 93.3% ᠎ᠳᠤ ᠬᠦᠷᠴᠦ᠍᠂ 3023 ᠬᠥᠯ ᠪᠥᠮᠪᠦᠭᠡ᠎ᠶ᠋ᠢᠨ ᠲᠠᠯᠠᠪᠠᠢ᠎ᠲᠠᠢ ᠪᠤᠯᠪᠠ᠃

ᠰᠤᠶᠤᠯ᠎ᠤᠨ ᠥᠢᠯᠡᠴᠢᠯᠡᠭᠡ᠎ᠶ᠋ᠢ ᠮᠠᠯᠵᠢᠬᠤ ᠲᠠᠷᠢᠶᠠᠯᠠᠬᠤ ᠣᠷᠣᠨ᠎ᠳᠤ ᠬᠥᠨᠵᠡᠬᠡᠢᠷᠡᠬᠦᠯᠥᠨ᠎ᠠ

ᠱᠢᠨ᠎ᠡ ᠪᠠᠷᠭᠤ ᠵᠡᠭᠦᠨ ᠬᠤᠱᠢᠭᠤᠨ᠎ᠤ ᠭᠦᠨᠨᠠᠭᠤᠷ ᠭᠠᠴᠠᠭ᠎ᠠ᠎ᠳᠤ ᠬᠦᠮᠦᠨ ᠠᠮᠠ ᠴᠥᠭᠡᠨ ᠮᠥᠷᠲᠡᠭᠡᠨ ᠲᠠᠷᠠᠬᠠᠶ ᠪᠤᠲᠠᠷᠬᠠᠶ ᠰᠠᠭᠤᠷᠢᠱᠢᠵᠤ᠂ ᠬᠤᠯᠠ᠎ᠳᠠᠭᠠᠨ ᠠᠷᠪᠠᠭᠠᠳ ᠺᠢᠯᠣᠮᠧᠲᠷ ᠵᠠᠢᠲᠠᠶ ᠰᠠᠭᠤᠷᠢᠱᠢᠵᠥ᠍ ᠪᠠᠢᠳᠠᠭ᠃ ᠥᠡᠭ᠌ᠭᠡᠷᠡᠭ᠌ᠰᠡᠨ᠎ᠳᠤ ᠠᠳᠡ ᠭᠠᠷ ᠤᠲᠠᠰᠤᠨ᠎ᠤ ᠳᠣᠬᠢᠶ᠎ᠠ ᠪᠠᠢᠬᠤ ᠦᠭᠡᠢ᠂ ᠮᠡᠳᠡᠭᠡ ᠵᠠᠩᠭᠢ᠎ᠶ᠋ᠢᠨ ᠰᠦᠯᠵᠢᠶ᠎ᠡ ᠨᠡᠪᠲᠡᠷᠡᠬᠦ᠌᠎ᠶ᠋ᠢᠨ ᠠᠷᠭ᠎ᠠ ᠦᠭᠡᠢ ᠪᠠᠢᠪᠠ᠃ ᠮᠠᠨ᠎ᠤ ᠤᠷᠤᠨ 《ᠤᠶᠤᠨᠲᠤ ᠷᠠᠳᠢᠣ᠋ ᠲᠧᠯᠸᠢᠰ᠎ᠤᠨ ᠰᠦᠯᠵᠢᠶᠡᠨ᠎ᠤ  ᠦᠢᠯᠡᠴᠢᠯᠡᠭᠡ᠎ᠶ᠋ᠢ ᠭᠠᠴᠠᠭ᠎ᠠ ᠲᠣᠰᠭᠤᠨ᠎ᠳᠤ ᠣᠷᠣᠭᠤᠯᠵᠤ ᠡᠷᠦᠬᠡ᠎ᠳᠤ ᠣᠷᠣᠭᠤᠯᠬᠤ ᠢᠨᠵᠧᠨᠧᠷᠢᠩ》 ᠎ᠢ ᠬᠡᠷᠡᠭ᠌ᠵᠢᠭᠦᠯᠵᠦ᠍᠂ ᠤᠯᠠᠨ ᠨᠠᠢᠳᠠ᠎ᠶ᠋ᠢᠨ ᠰᠤᠶᠤᠯ᠎ᠤᠨ ᠥᠢᠯᠡᠴᠢᠯᠡᠭᠡ᠎ᠶ᠋ᠢ ᠭᠦᠨᠨᠠᠭᠤᠷ ᠭᠠᠴᠠᠭ᠎ᠠ ᠱᠢᠬ ᠪᠤᠢᠳᠠ ᠪᠦᠭ᠌ᠯᠡᠬᠦᠤ ᠮᠠᠯᠵᠢᠬᠤ ᠲᠠᠷᠢᠶᠠᠯᠠᠬᠤ ᠣᠷᠣᠨ ᠳᠠᠢᠰᠢ ᠭᠦᠨᠵᠡᠭᠡᠢᠷᠡᠭᠦᠯᠦᠭ᠌ᠰᠡᠨ ᠠᠵᠢ᠃ ᠡᠢᠨ ᠬᠦ᠌ ᠬᠢᠯᠢ ᠬᠢᠵᠠᠭᠠᠷ᠎ᠤᠨ ᠮᠠᠯᠵᠢᠬᠤ ᠣᠷᠣᠨ᠎ᠳᠤ ᠢᠨᠲ᠋ᠧᠷ ᠰᠦᠯᠵᠢᠶ᠎ᠡ᠎ᠶ᠋ᠢ ᠨᠡᠪᠳᠡᠷᠡᠬᠦᠯᠬᠦ᠌᠎ᠶ᠋ᠢᠨ ᠬᠠᠮᠳᠤ ᠮᠠᠯ ᠪᠡᠯᠴᠢᠬᠡᠷ᠎ᠤᠨ ᠬᠢᠨᠠᠨ ᠡᠵᠡᠮᠳᠡᠬᠦ᠌ ᠱᠢᠰᠲ᠋ᠧᠮ᠎ᠢ ᠤᠬ᠍ᠰᠠᠷᠠᠵᠤ ᠥᠭ᠌ᠬᠦᠭ᠌ᠰᠡᠨ᠎ᠢᠶᠠᠷ ᠮᠠᠯᠴᠢᠳ ᠭᠠᠷ ᠤᠲᠠᠰᠤ᠎ᠠᠴᠠ᠎ᠪᠠᠨ ᠮᠠᠯ ᠪᠡᠯᠴᠢᠬᠡᠷ᠎ᠤᠨ ᠪᠠᠢᠳᠠᠯ᠎ᠢᠶᠠᠨ ᠥᠢᠯᠠᠭᠠᠵᠥ᠍ ᠲᠠᠢᠯᠬᠦ᠌ ᠪᠤᠯᠪᠠ᠃ ᠲᠠᠳᠠᠨ ᠪᠠᠰᠠ ᠭᠠᠷ ᠤᠲᠠᠰᠤ᠎ᠪᠠᠨ ᠠᠱᠢᠬ᠍ᠯᠠᠨ ᠠᠯᠤᠰ ᠡᠵᠡᠮᠱᠢᠯᠲᠦ ᠡᠮᠴᠢᠯᠡᠭᠡᠨ᠂ ᠬᠠᠤᠯᠢ ᠴᠠᠭᠠᠵᠠ᠎ᠶ᠋ᠢᠨ ᠯᠠᠪᠯᠠᠭ᠎ᠠ᠂ ᠰᠦᠯᠵᠢᠶ᠎ᠡ᠎ᠪᠠᠷ ᠪᠠᠷᠠᠭ᠎ᠠ ᠬᠤᠳᠠᠯᠳᠤᠨ ᠠᠪᠬᠤ ᠵᠡᠷᠭᠡ ᠦᠢᠯᠡᠴᠢᠯᠡᠭᠡ᠎ᠶ᠋ᠢ ᠬᠦᠷᠳᠡᠵᠦ᠍᠂ ᠮᠠᠯᠵᠢᠬᠤ ᠣᠷᠣᠨ᠎ᠤ ᠤᠶᠤᠨᠴᠢᠯᠠᠭ᠍ᠰᠠᠨ ᠠᠮᠢᠳᠤᠷᠠᠯ᠎ᠤᠨ ᠵᠠᠮ᠎ᠢᠶᠠᠷ ᠵᠠᠮᠨᠠᠵᠤ ᠡᠬᠢᠯᠡᠭ᠌ᠰᠡᠨ ᠪᠠᠢᠨ᠎ᠠ᠃

ᠤᠯᠠᠨ ᠨᠠᠢᠳᠠ᠎ᠶ᠋ᠢᠨ ᠰᠤᠶᠤᠯ᠎ᠤᠨ ᠥᠢᠯᠡᠴᠢᠯᠡᠬᠡᠨ᠎ᠤ 《ᠡᠴᠦᠰ᠎ᠤᠨ ᠨᠢᠭᠡ ᠺᠢᠯᠣᠮᠧᠲᠷ》 ᠎ᠢ ᠨᠡᠪᠳᠡᠷᠡᠬᠦᠯᠵᠤ᠂ ᠮᠠᠯᠴᠢᠳ᠎ᠤᠨ ᠠᠮᠢᠳᠤᠷᠠᠯ᠎ᠢ ᠴᠢᠨᠡᠭᠡᠯᠢᠭ᠌ᠵᠢᠭᠦᠯᠬᠦ᠌᠎ᠳᠤ ᠬᠦᠴᠦᠨ ᠨᠡᠮᠡᠷᠢᠯᠡᠵᠤ ᠮᠠᠯᠵᠢᠬᠤ ᠣᠷᠣᠨ᠎ᠤ ᠠᠮᠢᠳᠤᠷᠠᠯ᠎ᠢ ᠣᠶᠤᠨᠴᠢᠯᠠᠬᠤ ᠪᠤᠯ ᠤᠮᠳᠤᠭᠠᠢᠯᠠᠵᠥ᠍ ᠪᠤᠯᠤᠰᠢ ᠥᠬᠡᠢ ᠶᠠᠪᠤᠳᠠᠯ ᠶᠤᠮ᠃ ᠮᠠᠨ᠎ᠤ ᠤᠷᠤᠨ᠂ ᠢᠯᠠᠩᠭᠤᠶ᠎ᠠ ᠮᠠᠯᠵᠢᠬᠤ ᠤᠷᠤᠨ᠎ᠳᠤ ᠭᠠᠵᠠᠷ ᠨᠤᠲᠤᠭ ᠦᠷᠬᠡᠨ ᠠᠭᠤᠳᠠᠮ ᠬᠥᠮᠦᠨ ᠠᠮᠠ ᠰᠡᠢᠷᠡᠭ᠂ ᠭᠠᠵᠠᠷ ᠵᠦᠶ᠎ᠶ᠋ᠢᠨ ᠨᠥᠬᠦᠴᠡᠯ᠎ᠠᠴᠠ ᠪᠤᠯᠵᠥ᠍ ᠥᠡᠭ᠌ᠭᠡᠷᠡᠭ᠌ᠰᠡᠨ᠎ᠳᠤ ᠬᠢᠯᠢ ᠬᠢᠵᠠᠭᠠᠷ ᠣᠷᠣᠨ᠎ᠤ ᠤᠯᠠᠨ ᠨᠡᠢᠳᠠ᠎ᠶ᠋ᠢᠨ ᠰᠤᠶᠤᠯ᠎ᠤᠨ ᠥᠢᠯᠡᠴᠢᠯᠡᠬᠡᠨ᠎ᠤ ᠰᠠᠭᠤᠷᠢ ᠲᠥᠬᠦᠭᠡᠷᠦᠮᠵᠢ ᠬᠠᠷᠢᠴᠠᠩᠭᠤᠢ᠎ᠪᠠᠷ ᠬᠤᠴᠣᠷᠤᠩᠭᠤᠶ ᠪᠠᠢᠵᠤ᠂ ᠮᠠᠯᠴᠢᠳ᠎ᠤᠨ ᠰᠤᠶᠤᠯ᠎ᠤᠨ ᠠᠮᠢᠳᠤᠷᠠᠯ ᠳ᠋ᠠᠩ ᠴᠤᠯᠭᠤᠢ ᠪᠠᠢᠬ᠍ᠰᠠᠨ ᠶᠤᠮ᠃ ᠤᠳᠤ ᠤᠯᠠᠨ ᠨᠠᠢᠳᠠ᠎ᠶ᠋ᠢᠨ ᠰᠤᠶᠤᠯ᠎ᠤᠨ ᠥᠢᠯᠡᠴᠢᠯᠡᠭᠡ ᠠᠭᠤᠳᠠᠮ ᠲᠡᠨᠢᠬᠡᠷ ᠲᠠᠯ᠎ᠠ ᠨᠤᠲᠤᠭ᠎ᠲᠤ ᠤᠷᠤᠵᠤ᠂ ᠮᠠᠯᠴᠢᠳ ᠭᠡᠷ᠎ᠲᠡᠭᠡᠨ ᠰᠠᠭᠤᠭᠠᠳ ᠰᠦᠯᠵᠢᠶᠡᠨ ᠲᠧᠯᠸᠢᠰ ᠥᠵᠡᠵᠤ ᠲᠠᠢᠯᠬᠦ᠌ ᠪᠤᠯᠵᠤ᠂ ᠴᠦᠬᠡᠨ ᠪᠤᠰᠤ ᠮᠠᠯᠴᠢᠨ ᠭᠠᠷ ᠤᠲᠠᠰᠤ᠎ᠠᠴᠠ ᠮᠠᠯ ᠪᠡᠯᠴᠢᠬᠡᠷ᠎ᠤᠨ ᠪᠠᠢᠳᠠᠯ᠎ᠢᠶᠠᠨ ᠡᠵᠡᠮᠳᠡᠬᠦ᠌ ᠪᠤᠯᠤᠬ᠍ᠰᠠᠨ᠎ᠨᠢ ᠱᠠᠭ᠍ᠰᠢᠭᠤᠱᠢᠳᠠᠢ!

2019 ᠣᠨ᠎ᠠᠴᠠ ᠨᠠᠭᠠᠰᠢ᠂ ᠱᠢᠨ᠎ᠡ ᠪᠠᠷᠭᠤ ᠵᠡᠭᠦᠨ ᠬᠤᠱᠢᠭᠤ ᠪᠣᠯᠤᠨ ᠥᠪᠥᠷ ᠮᠣᠩᠭᠤᠯ᠎ᠤᠨ ᠷᠠᠳᠢᠣ᠋ ᠲᠧᠯᠸᠢᠰ ᠰᠦᠯᠵᠢᠶᠡᠨ᠎ᠤ ᠪᠦᠯᠦᠭ᠌ᠯᠡᠯ ᠣᠯᠠᠨ ᠨᠡᠢᠲᠡ᠎ᠶ᠋ᠢᠨ ᠰᠣᠶᠣᠯ᠎ᠤᠨ ᠦᠢᠯᠡᠴᠢᠯᠡᠭᠡ ᠪᠣᠯᠤᠨ ᠱᠢᠨ᠎ᠡ ᠬᠡᠯᠪᠡᠷᠢ᠎ᠶ᠋ᠢᠨ ᠣᠶᠤᠨᠴᠢ ᠮᠠᠯᠵᠢᠬᠤ ᠣᠷᠣᠨ᠎ᠤ ᠪᠦᠲᠦᠭᠡᠨ ᠪᠠᠢᠭᠤᠯᠤᠯᠲᠠ᠎ᠶ᠋ᠢᠨ ᠲᠥᠷᠥᠯ ᠵᠦᠢᠯ᠎ᠢ ᠬᠠᠮᠲᠤᠷᠠᠨ ᠬᠡᠷᠡᠭ᠌ᠵᠢᠭᠦᠯᠵᠦ᠍᠂ ᠪᠦᠬᠦ᠌ ᠬᠤᠱᠢᠭᠤᠨ᠎ᠤ 95% ᠎ᠠᠴᠠ ᠳᠡᠭᠡᠭ᠌ᠰᠢᠬᠢ ᠮᠠᠯᠵᠢᠬᠤ ᠡᠷᠦᠬᠡ᠎ᠶ᠋ᠢ ᠬᠠᠪᠰᠤᠷᠤᠨ ᠰᠦᠯᠵᠢᠶᠡᠨ᠎ᠤ ᠪᠦᠷᠬᠦᠴᠡ᠎ᠶ᠋ᠢ ᠪᠡᠶᠡᠯᠡᠭᠦᠯᠵᠡᠢ᠃ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ᠌ ᠬᠤᠭᠤᠴᠠᠭᠠᠨ᠎ᠳᠤ ᠲᠤᠰ ᠬᠤᠱᠢᠭᠤᠨ᠎ᠤ ᠪᠤᠢᠳᠠ ᠪᠦᠭ᠌ᠯᠡᠬᠦᠤ ᠮᠠᠯᠵᠢᠬᠤ ᠣᠷᠣᠨ᠎ᠤ ᠬᠡᠦᠬᠡᠳ᠎ᠤᠳ ᠰᠦᠯᠵᠢᠶᠡᠨ᠎ᠳᠤ ᠭᠠᠷᠴᠤ᠌ ᠬᠢᠴᠢᠶᠡᠯ ᠣᠷᠣᠵᠤ᠂ ᠰᠤᠷᠤᠯᠭ᠎ᠠ᠎ᠪᠠᠨ ᠵᠢᠭᠠᠬᠠᠨ ᠴᠤ᠌ ᠰᠠᠭᠠᠲᠠᠭᠠᠭ᠍ᠰᠠᠨ ᠦᠭᠡᠢ᠃ ᠤᠳᠤ ᠪᠥᠬᠦ᠌ ᠣᠷᠣᠨ᠎ᠤ 6785 ᠵᠠᠰᠠᠭ ᠵᠠᠬᠢᠷᠭᠠᠨ᠎ᠤ ᠭᠠᠴᠠᠭ᠎ᠠ ᠲᠣᠰᠭᠤᠨ᠎ᠳᠤ ᠭᠡᠷᠡᠯᠯᠢᠭ ᠤᠳᠠᠰᠤ ᠨᠡᠪᠲᠡᠷᠡᠬᠡᠳ 200 ᠲᠦᠮᠡ ᠭᠠᠷᠤᠢ ᠮᠠᠯᠵᠢᠬᠤ ᠲᠠᠷᠢᠶᠠᠯᠠᠬᠤ ᠡᠷᠦᠬᠡ᠎ᠶ᠋ᠢ ᠬᠠᠮᠤᠷᠴᠦ᠍᠂ ᠮᠠᠯᠵᠢᠬᠤ ᠲᠠᠷᠢᠶᠠᠯᠠᠬᠤ ᠣᠷᠣᠨ᠎ᠤ ᠤᠯᠠᠨ ᠨᠠᠢᠳᠠ᠎ᠶ᠋ᠢᠨ ᠰᠤᠶᠤᠯ᠎ᠤᠨ ᠥᠢᠯᠡᠴᠢᠯᠡᠭᠡᠨ᠎ᠤ ᠰᠠᠭᠤᠷᠢ ᠲᠦᠬᠦᠬᠡᠷᠦᠮᠵᠢ᠎ᠶ᠋ᠢᠨ ᠪᠦᠳᠦᠬᠡᠨ ᠪᠠᠢᠭᠤᠯᠤᠯᠳᠠ ᠵᠢᠯ᠎ᠠᠴᠠ ᠵᠢᠯ ᠴᠢᠩᠭᠠᠷᠠᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号