ᠠᠯᠲᠠᠨ᠌ᠠ᠋ᠭᠤᠯᠠ᠄ ᠮᠢᠨᠤ ᠠᠮᠢᠳᠤᠷᠠᠯ᠎ᠳᠤ ᠦᠰᠦᠷᠦᠯᠳᠡ᠎ᠶ᠋ᠢᠨ ᠴᠢᠨᠡᠷᠳᠡᠢ ᠬᠤᠪᠢᠷᠠᠯᠳᠡ ᠭᠠᠷᠤᠯ᠎ᠡ
2020-12-18 11:10:43
ᠵᠣᠬᠢᠶᠠᠭ᠍ᠴᠢ᠄
ᠲᠡᠭᠦᠰᠪᠢᠯᠢᠭ
ᠣᠩᠱᠢᠭ᠍ᠰᠠᠨ ᠣᠳᠠᠭ᠎ᠠ᠄
★★★☆☆

ᠤᠢ᠍ᠢᠷ᠎ᠠ᠎ᠶ᠋ᠢᠨ ᠡᠳᠦᠷ᠂ ᠰᠤᠷᠪᠤᠯᠵᠢᠯᠠᠭ᠍ᠴᠢ ᠤᠷᠠᠳ᠎ᠤᠨ ᠡᠮᠦᠨᠡᠲᠦ ᠬᠤᠱᠢᠭᠤᠨ᠎ᠤ ᠮᠤᠨᠠ ᠠᠭᠤᠯᠠ ᠪᠠᠯᠭᠠᠰᠤ᠎ᠠᠴᠠ ᠭᠠᠷᠤᠭᠠᠳ ᠡᠷᠳᠡᠨᠢᠪᠤᠯᠠᠭ ᠰᠤᠮᠤᠨ᠎ᠤ ᠠᠷᠴᠠ ᠭᠠᠴᠠᠭᠠᠨ᠎ᠤ ᠮᠠᠯᠴᠢᠨ ᠠᠯᠲᠠᠨ᠌ᠠ᠋ᠭᠤᠯᠠ᠎ᠶ᠋ᠢᠨ ᠡᠪᠦᠯᠵᠢᠶ᠎ᠡ᠎ᠶ᠋ᠢ ᠴᠢᠭ᠌ᠯᠡᠪᠡ᠃ ᠵᠠᠮ ᠲᠤᠵᠢ ᠴᠠᠰᠤᠨ ᠨᠦᠮᠥᠷᠬᠡ ᠬᠡᠳᠦᠷᠡᠭ᠌ᠰᠡᠨ ᠮᠤᠨᠢ᠎ᠶ᠋ᠢᠨ ᠨᠢᠷᠤᠭᠤ᠎ᠶ᠋ᠢᠨ ᠡᠪᠦᠯ᠎ᠤᠨ ᠦᠵᠡᠮᠵᠢ᠎ᠶ᠋ᠢ ᠪᠠᠭ᠍ᠠᠳᠤᠨ ᠪᠠᠢᠭ᠍ᠰᠠᠨ᠎ᠢᠶᠠᠨ ᠲᠦᠳᠡᠯ ᠦᠬᠡᠢ ᠠᠯᠲᠠᠨ᠌ᠠ᠋ᠭᠤᠯᠠ᠎ᠶ᠋ᠢᠨ᠎ᠬᠢᠨ᠎ᠳᠤ ᠬᠦᠷᠬᠦ᠌᠎ᠳᠤ ᠡᠪᠦᠯ᠎ᠤᠨ ᠢᠳᠡᠰᠢ᠎ᠪᠠᠨ ᠪᠡᠯᠡᠳᠭᠡᠬᠡᠳ ᠶᠠᠭᠠᠷᠠᠵᠤ ᠪᠠᠢᠯ᠎ᠠ᠃ ᠮᠠᠯ᠎ᠤᠨ ᠬᠠᠱᠢᠶᠠᠨ᠎ᠳᠤᠨᠢ ᠮᠤᠨᠢ᠎ᠶ᠋ᠢᠨ ᠨᠢᠷᠤᠭᠤ᠎ᠪᠠᠷ ᠬᠡᠳᠦᠨ ᠰᠠᠷ᠎ᠠ ᠡᠷᠭᠡ ᠲᠤᠷ᠎ᠠ᠎ᠪᠠᠷ ᠲᠤᠭ᠍ᠯᠠᠵᠤ ᠶᠠᠪᠤᠭ᠍ᠰᠠᠨ ᠬᠦᠴᠦ᠍ ᠲᠠᠷᠭᠤ᠎ᠲᠠᠢ ᠢᠮᠠᠭᠠᠳ ᠪᠦᠮᠪᠤᠯᠵᠠᠵᠤ᠂ ᠬᠠᠷᠠᠭ᠍ᠰᠠᠨ ᠪᠦᠬᠦᠨ᠎ᠤ ᠲᠤᠷ᠎ᠠ᠎ᠶ᠋ᠢ ᠪᠤᠯᠢᠶᠠᠨ᠎ᠠ᠃ ᠠᠯᠲᠠᠨ᠌ᠠ᠋ᠭᠤᠯᠠ ᠴᠤ᠌ ᠠᠯᠢ ᠰᠠᠢᠬᠠᠨ ᠦᠨᠳᠦᠷ ᠲᠤᠮᠤ ᠪᠡᠶ᠎ᠡ᠎ᠲᠠᠢ ᠲᠠᠷᠭᠤᠨ ᠢᠷᠭᠡ᠎ᠠᠴᠠ᠎ᠪᠠᠨ ᠪᠠᠷᠢᠵᠤ ᠨᠢᠲᠤᠯᠤᠨ᠂ ᠪᠠᠶᠠᠨ ᠲᠠᠩᠰᠤᠭ ᠡᠪᠦᠯᠵᠢᠬᠦ᠌᠎ᠪᠠᠷ ᠪᠠᠵᠠᠭᠠᠨ᠎ᠠ᠃ 

ᠠᠯᠲᠠᠨ᠌ᠠ᠋ᠭᠤᠯᠠ᠎ᠶ᠋ᠢᠨ ᠡᠪᠦᠯᠵᠢᠶ᠎ᠡ᠎ᠨᠢ ᠶᠠᠭ ᠤᠯᠠᠭᠠᠨᠰᠤᠬᠠᠢ ᠨᠠᠭᠤᠷ᠎ᠤᠨ ᠵᠠᠬ᠎ᠠ᠎ᠳᠤ ᠪᠠᠢᠷᠢᠯᠠᠵᠤ ᠪᠠᠢᠭ᠎ᠠ ᠪᠤᠯᠬᠤᠷ ᠠᠳᠡᠬᠢ ᠡᠪᠡᠰᠦ ᠲᠠᠷᠢᠶ᠎ᠠ ᠤᠷᠭᠤᠴᠠ ᠰᠠᠢᠲᠠᠢ᠂ ᠮᠠᠯ᠎ᠢᠶᠠᠨ ᠪᠤᠷᠳᠤᠬᠤ ᠦᠭᠡᠢ ᠴᠤ᠌ ᠲᠠᠷᠭᠤᠨ ᠴᠠᠤᠡᠬᠤᠯᠠᠩ ᠡᠪᠦᠯᠵᠢᠵᠤ ᠲᠡᠢᠯᠳᠡᠭ ᠪᠠᠢᠯ᠎ᠠ᠃ ᠳᠡᠳᠡᠨ᠎ᠤ᠎ᠬᠢᠨ ᠠᠳᠡ᠎ᠠᠴᠠ ᠭᠠᠵᠠᠷ ᠲᠦᠷᠢᠶᠡᠰᠦᠯᠡᠵᠦ᠍ ᠠᠪᠤᠭᠠᠳ ᠡᠪᠦᠯᠵᠢᠶ᠎ᠡ ᠪᠤᠯᠭᠠᠨ ᠰᠠᠭᠤᠷᠢᠱᠢᠵᠤ ᠨᠢᠭᠡᠨᠲᠡ ᠠᠷᠪᠠᠭᠠᠳ ᠵᠢᠯ ᠪᠤᠯᠤᠭ᠍ᠰᠠᠨ ᠪᠠᠢᠨ᠎ᠠ᠃ ᠬᠠᠷᠢᠨ ᠦᠪᠡᠷ᠎ᠤᠨ ᠬᠢᠨᠢ ᠭᠡᠷ᠎ᠨᠢ ᠮᠤᠨᠢ ᠠᠭᠤᠯᠠ᠎ᠶ᠋ᠢᠨ ᠪᠡᠯ᠎ᠳᠤ ᠪᠠᠢᠷᠢᠯᠠᠵᠤ᠂ ᠵᠤᠨ ᠪᠤᠯᠪᠠᠯ ᠠᠭᠤᠯᠠ᠎ᠪᠠᠨ ᠲᠦᠱᠢᠵᠦ᠍᠂ ᠡᠪᠦᠯ ᠪᠤᠯᠪᠠᠯ ᠨᠠᠭᠤᠷ᠎ᠢᠶᠠᠨ ᠲᠠᠭᠠᠵᠤ᠂ ᠪᠡᠯᠴᠢᠭᠡᠷ ᠡᠪᠡᠰᠦ᠎ᠪᠠᠨ ᠰᠡᠷᠭᠦᠭᠡᠬᠦ᠌᠎ᠶ᠋ᠢᠨ ᠵᠡᠷᠭᠡ᠎ᠪᠠᠷ ᠲᠡᠨᠢᠬᠦᠨ ᠲᠠᠪᠠᠳᠠᠢ ᠡᠪᠦᠯᠵᠢᠳᠡᠭ ᠪᠠᠢᠨ᠎ᠠ᠃ 

ᠠᠯᠲᠠᠨ᠌ᠠ᠋ᠭᠤᠯᠠ ᠡᠷᠦᠬᠡ ᠬᠡᠷ ᠪᠠᠢᠭᠤᠯᠤᠨ ᠠᠢᠯ ᠭᠡᠷ ᠪᠤᠯᠬᠤ᠎ᠳᠤ 70 ᠪᠤᠭ ᠮᠠᠯ᠎ᠲᠠᠢ ᠯᠠ ᠪᠠᠢᠪᠠ᠃ ᠲᠤᠬᠠᠢ᠎ᠶ᠋ᠢᠨ ᠦᠶ᠎ᠡ᠎ᠳᠤ ᠨᠠᠰᠤ ᠵᠠᠯᠠᠭᠤ ᠲᠤᠷᠱᠢᠯᠭ᠎ᠠ ᠬᠤᠮᠰᠠ ᠲᠡᠭᠡᠷ᠎ᠡ ᠮᠢᠬ᠎ᠠ ᠨᠤᠤᠰᠤᠨ᠎ᠤ ᠦᠨ᠎ᠡ ᠴᠤ᠌ ᠠᠨᠠᠢᠬᠠᠨ ᠪᠠᠢᠭ᠍ᠰᠠᠨ ᠪᠤᠯᠬᠤᠷ᠂ ᠡᠬᠡᠨᠡᠷ᠎ᠲᠠᠢ᠎ᠪᠠᠨ ᠬᠤᠶᠠᠭᠤᠯᠠ ᠭᠠᠳᠠᠭ᠍ᠰᠢ ᠭᠠᠷᠴᠤ᠌ ᠠᠵᠢᠯ ᠬᠢᠵᠥ᠍ ᠠᠮᠢᠳᠤᠷᠠᠯ᠎ᠢᠶᠠᠨ ᠲᠡᠭ᠌ᠵᠢᠷᠡᠭᠦᠯᠬᠦ᠌ ᠵᠠᠮ᠎ᠢ ᠰᠤᠩᠭᠤᠭ᠍ᠰᠠᠨ ᠪᠠᠢᠵᠠᠢ᠃ ᠮᠡᠳᠡᠯᠬᠡ ᠮᠡᠷᠬᠡᠵᠢᠯ ᠦᠬᠡᠢ ᠬᠤᠶᠠᠭᠤᠯᠠ ᠬᠤᠳᠠ ᠤᠷᠤᠵᠦ᠍ ᠠᠯᠢ ᠤᠯᠠᠨ ᠨᠤᠬᠤᠴᠠᠭᠠᠨ ᠪᠦᠳᠦᠷᠢᠬᠡᠨ᠎ᠢ ᠦᠩᠬᠡᠷᠡᠬᠦᠯᠵᠥ᠍᠂ ᠡᠴᠦᠰ᠎ᠲᠡᠭᠡᠨ ᠮᠠᠯᠴᠢᠨ ᠬᠦᠮᠦᠨ ᠬᠠᠰᠢ ᠯᠠ ᠮᠠᠯ᠎ᠢᠶᠠᠨ ᠦᠰᠭᠡᠵᠦ᠍ ᠪᠠᠶᠠᠵᠢᠨ ᠲᠡᠭ᠌ᠵᠢᠷᠡᠬᠦ᠌᠎ᠨᠢ ᠬᠠᠮᠤᠭ᠎ᠤᠨ ᠰᠠᠢᠨ ᠵᠠᠮ ᠬᠡᠵᠥ᠍ ᠬᠦᠳᠡᠭᠡ᠎ᠳᠡᠭᠡᠨ ᠬᠠᠷᠢᠵᠤ ᠢᠷᠡᠭ᠌ᠰᠡᠨ ᠪᠠᠢᠨ᠎ᠠ᠃ ᠦᠪᠡᠷ᠎ᠤᠨ ᠴᠦᠭᠡᠪᠦᠷᠢ ᠮᠠᠯ ᠳᠡᠭᠡᠷ᠎ᠠ᠎ᠪᠠᠨ ᠨᠢᠭᠡ ᠪᠦᠯᠦᠭ ᠮᠠᠯ ᠨᠡᠮᠡᠷᠢᠯᠡᠨ ᠠᠪᠴᠤ᠌ ᠦᠰᠭᠡᠬᠦ᠌᠎ᠶ᠋ᠢ ᠰᠠᠨᠠᠭ᠍ᠰᠠᠨ ᠴᠤ᠌ ᠵᠤᠭᠤᠰ ᠵᠢᠬᠡᠯᠡᠬᠦ᠌ ᠭᠠᠵᠠᠷ ᠬᠤᠪᠤᠷᠳᠠᠭ᠍ᠰᠠᠨ ᠲᠤᠯᠠ ᠠᠷᠭ᠎ᠠ ᠪᠤᠰᠤ ᠦᠨᠳᠦᠷ ᠬᠦᠦ᠎ᠲᠠᠢ ᠵᠢᠭᠡᠯᠡᠯᠭᠡ ᠠᠪᠤᠪᠠ᠃ ᠬᠡᠳᠦ᠋ᠢᠪᠡᠷ ᠮᠠᠯ᠎ᠤᠨ ᠲᠤᠭ᠎ᠠ᠎ᠪᠠᠨ ᠨᠡᠮᠡᠭ᠌ᠳᠡᠭᠦᠯᠦᠭ᠌ᠰᠡᠨ ᠪᠤᠯᠪᠠᠴᠤ᠌᠂ ᠤᠯᠤᠭ᠍ᠰᠠᠨ ᠤᠷᠤᠯᠭ᠎ᠠ᠎ᠨᠢ ᠦᠨᠳᠦᠷ ᠬᠦᠦ᠎ᠲᠠᠢ ᠵᠢᠭᠡᠯᠡᠯᠭᠡ᠎ᠪᠠᠨ ᠲᠦᠯᠦᠬᠦ᠌᠎ᠳᠤ ᠬᠦᠴᠢᠷᠳᠡᠵᠥ᠍ ᠪᠠᠢᠭ᠍ᠰᠠᠨ᠎ᠢᠶᠠᠨ ᠦᠬᠢᠨ᠎ᠨᠢ ᠰᠤᠷᠭᠠᠭᠤᠯᠢ ᠲᠠᠪᠱᠢᠬᠦ᠌᠎ᠶ᠋ᠢ ᠲᠠᠭᠠᠯᠳᠤᠨ ᠵᠠᠷᠤᠳᠠᠯ ᠰᠦᠢᠳᠭᠡᠯ᠎ᠨᠢ ᠦᠨᠳᠦᠷ ᠪᠤᠯᠵᠤ᠂ ᠠᠮᠢᠳᠤᠷᠠᠯ᠎ᠨᠢ ᠤᠯᠠᠮ᠎ᠠᠴᠠ ᠬᠦᠴᠢᠷᠳᠡᠯᠲᠡᠢ ᠪᠠᠢᠳᠠᠯ᠎ᠳᠤ ᠤᠷᠤᠵᠠᠢ᠃ ᠠᠯᠲᠠᠨ᠌ᠠ᠋ᠭᠤᠯᠠ ᠡᠬᠡᠨᠡᠷ᠎ᠲᠠᠢ᠎ᠪᠠᠨ ᠬᠤᠶᠠᠭᠤᠯᠠ ᠵᠤᠷᠢᠭ ᠮᠤᠬᠤᠭ᠍ᠰᠠᠨ ᠦᠭᠡᠢ᠂ ᠪᠤᠰᠤᠳ᠎ᠠᠴᠠ ᠲᠠᠷᠢᠶᠠᠨ ᠭᠠᠵᠠᠷ ᠲᠦᠷᠢᠶᠡᠰᠦᠯᠡᠨ ᠲᠠᠷᠢᠵᠤ᠂ ᠡᠪᠡᠰᠦ ᠪᠤᠷᠳᠤᠭᠠᠨ᠎ᠤ ᠵᠠᠷᠤᠳᠠᠯ᠎ᠢᠶᠠᠨ ᠠᠷᠪᠢᠯᠠᠬᠤ᠎ᠶ᠋ᠢᠨ ᠲᠠᠭᠠᠤ ᠪᠦᠬᠦ᠋ᠢᠯᠡ ᠬᠦᠴᠦᠨ ᠲᠠᠮᠢᠷ᠎ᠢᠶᠠᠨ ᠮᠠᠯ ᠮᠠᠯᠵᠢᠬᠤ᠎ᠳᠤ ᠵᠠᠷᠤᠴᠠᠭᠤᠯᠵᠤ ᠶᠠᠪᠤᠭ᠍ᠰᠠᠨ ᠴᠤ᠌ ᠦᠷᠢ ᠱᠢᠷᠢ᠎ᠨᠢ ᠪᠠᠭᠠᠰᠭᠤ ᠦᠬᠡᠢ᠂ ᠠᠮᠢᠳᠤᠷᠠᠯ᠎ᠨᠢ ᠦᠬᠡᠳᠡᠯᠡᠬᠦ᠌ ᠦᠬᠡᠢ ᠭᠠᠴᠢᠭ ᠵᠥᠳᠡᠷᠡᠯᠳᠡᠢ ᠬᠡᠪ᠎ᠲᠡᠭᠡᠨ ᠪᠠᠢᠯ᠎ᠠ᠃ ᠤᠢ᠍ᠢᠷ᠎ᠠ᠎ᠶ᠋ᠢᠨ ᠵᠢᠯ᠎ᠠᠴᠠ ᠲᠡᠳᠡᠨ᠎ᠤ᠎ᠬᠢᠨ ᠨᠤᠷᠠᠬᠤ ᠠᠶᠤᠯᠲᠠᠢ ᠬᠡᠷ ᠪᠠᠢᠱᠢᠩ᠎ᠢ ᠰᠡᠯᠪᠢᠨ ᠵᠠᠰᠠᠬᠤ᠂ ᠤᠨᠢᠨ ᠲᠡᠭᠡᠷ᠎ᠠ᠎ᠨᠢ ᠶᠠᠳᠠᠭᠤ᠎ᠶ᠋ᠢ ᠲᠡᠳᠭᠦᠬᠦ᠂ ᠬᠦᠳᠡᠭᠡ ᠲᠤᠰᠭᠤᠨ᠎ᠢ ᠬᠦᠭ᠌ᠵᠢᠭᠦᠯᠦᠨ ᠮᠠᠨᠳᠤᠭᠤᠯᠬᠤ ᠵᠡᠷᠭᠡ ᠠᠯᠢ ᠤᠯᠠᠨ ᠬᠠᠷᠠᠭᠠᠯᠵᠠᠯ᠎ᠤᠨ ᠲᠦᠷᠦ᠎ᠶ᠋ᠢᠨ ᠪᠤᠳᠤᠯᠭ᠎ᠠ᠎ᠶ᠋ᠢᠨ ᠠᠱᠢᠭ᠎ᠢ ᠬᠦᠷᠲᠡᠵᠦ᠍᠂ ᠨᠠᠮ ᠵᠠᠰᠠᠭ᠎ᠤᠨ ᠬᠠᠢᠷ᠎ᠠ ᠬᠠᠯᠠᠮᠵᠢ 《ᠶᠤᠰᠤᠳᠠᠢ ᠲᠠᠭᠠᠷᠠᠭ᠍ᠰᠠᠨ ᠬᠦᠮᠥᠨ᠎ᠳᠤ ᠲᠠᠬᠤ ᠬᠦᠷᠬᠡᠭ᠌ᠰᠡᠨ》 ᠶᠠᠪᠤᠳᠠᠯ ᠪᠤᠯᠵᠠᠢ᠃ ᠠᠵᠢᠯᠴᠢ ᠬᠦᠳᠡᠯᠮᠥᠷᠢᠴᠢ ᠡᠷ᠎ᠡ ᠡᠮ᠎ᠡ ᠬᠤᠶᠠᠭᠤᠯᠠ᠎ᠶ᠋ᠢᠨ ᠴᠢᠨᠡᠬᠡᠯᠢᠭ᠌ᠵᠢᠬᠦ᠌ ᠬᠦᠰᠡᠯ ᠤᠷᠬᠢᠯᠵᠤ᠂ ᠪᠤᠷᠪᠢ ᠪᠤᠬᠢᠰᠭᠢᠯ ᠦᠬᠡᠢ ᠠᠵᠢᠯᠯᠠᠵᠤ ᠴᠢᠷᠮᠠᠢᠵᠤ ᠶᠠᠪᠤᠭ᠍ᠰᠠᠨ᠎ᠢᠶᠠᠷ ᠤᠷᠢᠳ ᠬᠤᠵᠢᠳ ᠮᠠᠯ᠎ᠤᠨ ᠬᠠᠱᠢᠶ᠎ᠠ ᠰᠠᠷᠠᠪᠴᠢ᠎ᠪᠠᠨ ᠦᠷᠭᠡᠤᠡᠭᠡᠨ ᠵᠠᠰᠠᠵᠤ᠂ ᠡᠪᠡᠰᠦᠨ᠎ᠤ ᠬᠦᠮᠦᠷᠭᠡ᠂ ᠪᠤᠷᠳᠤᠭᠠᠨ᠎ᠤ ᠬᠦᠮᠦᠷᠭᠡ ᠪᠠᠷᠢᠵᠤ᠂ ᠬᠡᠷ᠎ᠲᠡᠭᠡᠨ ᠲᠦᠭᠡᠭᠡᠯ ᠤᠰᠤ ᠲᠠᠲᠠᠵᠤ᠂ ᠬᠡᠷ᠎ᠤᠨ ᠬᠦᠷᠢᠶ᠎ᠡ᠎ᠪᠠᠨ ᠲᠡᠭ᠌ᠰᠢᠷᠡᠭᠦᠯᠦᠨ ᠬᠠᠳᠠᠭᠤᠷᠠᠭᠤᠯᠪᠠ᠃ ᠤᠳᠤ ᠲᠡᠳᠡᠨ᠎ᠤ᠎ᠬᠢᠨ ᠲᠠᠪᠤᠨ ᠵᠠᠭᠤ ᠭᠠᠷᠤᠢ ᠬᠤᠨᠢ ᠢᠮᠠᠭ᠎ᠠ᠎ᠲᠠᠢ᠂ ᠪᠠᠰᠠ ᠨᠢᠭᠡ ᠰᠦᠷᠦᠭ ᠠᠳᠤᠭᠤ ᠦᠰᠭᠡᠨ᠂ ᠶᠠᠳᠠᠭᠤ᠎ᠠᠴᠠ᠎ᠪᠠᠨ ᠠᠩᠬᠢᠵᠢᠷᠠᠵᠠᠢ᠃ ᠡᠨᠡ ᠵᠢᠯ ᠭᠡᠷ᠎ᠢᠶᠠᠨ ᠬᠤᠲᠠ᠎ᠶ᠋ᠢᠨ ᠠᠢᠯ ᠮᠡᠳᠦ ᠵᠠᠰᠠᠵᠤ ᠴᠢᠮᠡᠭ᠌ᠰᠡᠨ᠎ᠢᠶᠠᠷ ᠦᠯᠥ᠍ ᠪᠠᠷᠠᠨ ᠬᠦᠷᠢᠶᠡᠨ᠎ᠳᠡᠭᠡᠨ ᠬᠢᠨᠠᠨ ᠡᠵᠡᠮᠳᠡᠬᠦᠷ ᠤᠭ᠍ᠰᠠᠷᠠᠵᠤ᠂ ᠪᠠᠭ᠎ᠠ ᠮᠠᠱᠢᠨ ᠵᠢᠯᠤᠭᠤᠳᠤᠭᠠᠳ ᠤᠳᠤᠬᠢᠴᠢᠯᠠᠭ᠍ᠰᠠᠨ ᠠᠮᠢᠳᠤᠷᠠᠯ᠎ᠢ ᠡᠳ᠋ᠯᠡᠵᠦ᠍ ᠡᠬᠢᠯᠠᠯ᠎ᠡ᠃ 

《ᠨᠠᠮ᠎ᠤᠨ ᠰᠠᠢᠨ ᠲᠦᠷᠦ᠎ᠶ᠋ᠢᠨ ᠪᠤᠳᠤᠯᠭ᠎ᠠ᠎ᠳᠤ ᠲᠠᠯᠠᠷᠬᠠᠭᠠᠳ ᠪᠠᠷᠠᠰᠢ ᠦᠬᠡᠢ! ᠮᠥᠨ ᠴᠤ᠌ ᠱᠢᠨᠵᠢᠯᠡᠬᠦ᠌ ᠤᠬᠠᠭᠠᠨᠴᠢ᠎ᠪᠠᠷ ᠮᠠᠯ ᠮᠠᠯᠵᠢᠵᠤ᠂ ᠨᠠᠷᠢᠯᠢᠭ ᠰᠠᠢᠬᠠᠨ ᠠᠷᠠᠴᠢᠯᠠᠬᠤ᠎ᠶ᠋ᠢᠨ ᠠᠴᠢ ᠲᠤᠰᠠ᠎ᠶ᠋ᠢ ᠬᠦᠷᠳᠡᠯ᠎ᠡ᠃ ᠤᠤᠯ᠎ᠨᠢ ᠪᠢ ᠤᠯᠠᠮᠵᠢᠯᠠᠯᠲᠤ ᠠᠷᠭ᠎ᠠ ᠮᠠᠶᠢᠭ᠎ᠢᠶᠠᠷ ᠲᠦᠯ ᠲᠤᠰᠴᠤ᠌ ᠬᠡᠴᠢᠨᠡᠨ ᠬᠢᠴᠢᠶᠡᠵᠦ᠍ ᠴᠢᠷᠮᠠᠢᠭ᠍ᠰᠠᠨ ᠴᠤ᠌ 100 ᠢᠮᠠᠭ᠎ᠠ᠎ᠠᠴᠠ ᠶᠡᠷᠡᠭᠡᠳ ᠲᠦᠯ ᠲᠤᠰᠳᠠᠭ ᠪᠠᠢᠯ᠎ᠠ᠃ ᠨᠢᠳᠤᠨᠤᠨ ᠪᠢᠲᠡ ᠬᠡᠬᠡᠯ᠎ᠲᠠᠢ ᠢᠮᠠᠭᠠᠳ᠎ᠢᠶᠠᠨ ᠲᠤᠯᠠᠭᠠᠨ ᠰᠠᠷᠠᠪᠴᠢ᠎ᠳᠤ ᠨᠠᠷᠢᠯᠢᠭ ᠲᠡᠵᠢᠭᠡᠨ ᠠᠷᠠᠴᠢᠯᠠᠵᠤ 100 % ᠎ᠪᠠᠷ ᠲᠦᠯ ᠲᠤᠰᠴᠤ᠌ ᠤᠨᠳᠤᠷᠤᠭᠤᠯᠤᠭ᠍ᠰᠠᠨ ᠪᠠᠢᠨ᠎ᠠ》 ᠬᠡᠳ ᠠᠯᠲᠠᠨ᠌ᠠ᠋ᠭᠤᠯᠠ ᠲᠤᠭ᠍ᠳᠤᠯᠤᠭ᠍ᠰᠠᠨ ᠰᠡᠳᠭᠢᠯᠬᠡ᠎ᠪᠠᠨ ᠲᠠᠷᠤᠵᠤ ᠶᠠᠳᠠᠨ ᠬᠤᠢᠱᠢᠳᠠ᠎ᠶ᠋ᠢᠨ ᠰᠠᠢᠨ ᠰᠠᠢᠬᠠᠨ ᠠᠮᠢᠳᠤᠷᠠᠯ᠎ᠤᠨ ᠵᠢᠷᠤᠭ ᠲᠦᠰᠦᠪ᠎ᠢᠶᠠᠨ ᠬᠤᠪᠢᠶᠠᠯᠴᠠᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠣᠲᠣᠷᠬᠠᠢ ᠦᠭᠡᠢ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号