ᠬᠦᠬᠡᠬᠤᠳᠠ᠎ᠶ᠋ᠢᠨ ᠱᠢᠨ᠎ᠡ ᠬᠤᠲᠠ ᠲᠣᠭᠤᠷᠢᠭ᠎ᠤᠨ ᠱᠢᠭᠦᠬᠦ᠌ ᠬᠤᠷᠢᠶ᠎ᠠ ᠠᠩᠬᠠᠳᠠᠭ᠍ᠴᠢ 《ᠬᠠᠮᠠᠭᠠᠯᠠᠬ᠍ᠴᠢ ᠱᠢᠬᠦᠷ》 ᠎ᠤᠨ ᠬᠡᠷᠡᠭ᠎ᠲᠤ ᠱᠢᠭᠦᠨ ᠲᠠᠰᠤᠯᠤᠯᠲᠠ ᠬᠢᠪᠡ
2020-08-27 09:36:06
ᠵᠣᠬᠢᠶᠠᠭ᠍ᠴᠢ᠄
ᠱᠢᠨᠡᠪᠢᠯᠢᠭ
ᠣᠩᠱᠢᠭ᠍ᠰᠠᠨ ᠣᠳᠠᠭ᠎ᠠ᠄
★★★☆☆

ᠤᠢ᠍ᠢᠷ᠎ᠠ᠎ᠶ᠋ᠢᠨ ᠡᠳᠦᠷ᠂ ᠬᠦᠬᠡᠬᠤᠳᠠ᠎ᠶ᠋ᠢᠨ ᠱᠢᠨ᠎ᠠ ᠬᠤᠳᠠ ᠲᠤᠭᠤᠷᠢᠬ᠎ᠤᠨ ᠱᠢᠬᠦᠬᠦ᠌ ᠬᠤᠷᠢᠶ᠎ᠠ᠎ᠶ᠋ᠢᠨ᠎ᠬᠢᠨ᠂ ᠵᠠᠩ ᠤᠪᠤᠬ᠍ᠳᠤ᠎ᠶ᠋ᠢᠨ ᠬᠠᠷ᠎ᠠ ᠪᠦᠯᠦᠭ᠌ᠳᠡᠨ᠎ᠤ ᠱᠢᠨᠵᠢ ᠴᠢᠨᠠᠷᠳᠠᠢ ᠵᠤᠬᠢᠶᠠᠨ ᠪᠠᠢᠭᠤᠯᠤᠯᠳᠠ᠎ᠶ᠋ᠢ ᠦᠮᠦᠭ᠌ᠯᠡᠵᠦ᠍ ᠲᠤᠷ᠎ᠠ᠎ᠪᠠᠷ᠎ᠨᠢ ᠲᠠᠯᠪᠢᠬ᠍ᠰᠠᠨ ᠶᠠᠯ᠎ᠠ᠂ ᠠᠯᠪᠠᠳᠠᠯᠭ᠎ᠠ᠎ᠪᠠᠷ ᠠᠷᠠᠯᠵᠢᠶᠠᠯᠠᠭᠤᠯᠤᠬ᠍ᠰᠠᠨ ᠶᠠᠯ᠎ᠠ᠂ ᠱᠠᠮᠱᠢᠬ᠍ᠰᠠᠨ ᠶᠠᠯ᠎ᠠ ᠬᠢᠭ᠌ᠰᠡᠨ᠎ᠢᠶᠠᠷ ᠰᠡᠵᠢᠭ᠌ᠯᠡᠭ᠌ᠳᠡᠭ᠌ᠰᠡᠨ ᠬᠡᠷᠡᠭ᠎ᠢ ᠢᠯᠡ᠎ᠪᠠᠷ ᠱᠢᠬᠦᠨ ᠲᠠᠰᠤᠯᠤᠯᠳᠠ ᠬᠢᠪᠠ᠃ ᠲᠤᠰ ᠬᠡᠷᠡᠭ᠎ᠨᠢ ᠬᠦᠬᠡᠬᠤᠳᠠ᠎ᠶ᠋ᠢᠨ ᠬᠠᠷ᠎ᠠ ᠪᠦᠯᠦᠭ᠌ᠳᠡᠨ ᠬᠠᠷᠬᠢᠰ ᠬᠦᠴᠦᠨ᠎ᠢ ᠠᠷᠢᠯᠭᠠᠬᠤ ᠲᠤᠰᠭᠠᠢ ᠲᠡᠮᠡᠴᠡᠯ᠎ᠢ ᠦᠷᠨᠢᠬᠦᠯᠦᠭ᠌ᠰᠡᠨ᠎ᠠᠴᠠ ᠨᠠᠭᠠᠱᠢᠬᠢ ᠱᠢᠬᠦᠵᠦ᠍ ᠲᠠᠰᠤᠯᠤᠬ᠍ᠰᠠᠨ ᠠᠩᠬᠠᠳᠠᠬ᠍ᠴᠢ 《ᠬᠠᠮᠠᠭᠠᠯᠠᠬ᠍ᠴᠢ ᠱᠢᠬᠦᠷ》 ᠎ᠲᠠᠢ ᠬᠤᠯᠪᠤᠬ᠍ᠳᠠᠬ᠍ᠰᠠᠨ ᠬᠡᠷᠡᠭ ᠪᠤᠯᠤᠨ᠎ᠠ᠃

ᠵᠠᠩ ᠤᠪᠤᠬ᠍ᠳᠤ ᠦᠴᠤᠸᠠᠨ ᠱᠢᠶᠠᠨ᠎ᠤ ᠨᠢᠬᠡᠨ ᠭᠠᠵᠠᠷ᠎ᠤᠨ ᠨᠠᠮ᠎ᠤᠨ ᠬᠤᠷᠢᠶ᠎ᠠ᠎ᠶ᠋ᠢᠨ ᠲᠡᠳ᠋ ᠱᠦᠵᠢ᠎ᠶ᠋ᠢᠨ ᠲᠤᠱᠢᠶᠠᠯ᠎ᠳᠤ ᠪᠠᠢᠬᠤ ᠬᠤᠭᠤᠴᠠᠭᠠᠨ᠎ᠳᠠᠭᠠᠨ᠂ ᠭᠧ ᠤᠪᠤᠬ᠍ᠳᠤ᠎ᠪᠠᠷ ᠲᠦᠷᠦᠬᠦᠯᠡᠬᠦᠯᠦᠭ᠌ᠰᠡᠨ ᠬᠠᠷ᠎ᠠ ᠪᠦᠯᠦᠭ᠌ᠳᠡᠨ᠎ᠤ ᠱᠢᠨᠵᠢ ᠴᠢᠨᠠᠷᠳᠠᠢ ᠵᠤᠬᠢᠶᠠᠨ ᠪᠠᠢᠭᠤᠯᠤᠯᠳᠠ᠎ᠶ᠋ᠢ ᠬᠠᠪᠰᠤᠷᠤᠨ ᠲᠤᠳᠤᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠶ᠋ᠢᠨ ᠴᠤᠬᠢᠯᠳᠠ ᠦᠭ᠌ᠴᠦ ᠱᠢᠢᠳᠪᠦᠷᠢᠯᠡᠬᠦ᠌᠎ᠠᠴᠠ ᠲᠤᠳᠠᠭᠠᠯᠭᠠᠵᠤ᠂ ᠭᠧ ᠤᠪᠤᠬ᠍ᠳᠤ ᠵᠡᠷᠬᠡ ᠬᠦᠮᠦᠰ᠎ᠤᠨ ᠪᠠᠷᠢᠯᠭ᠎ᠠ᠎ᠶ᠋ᠢ ᠲᠠᠭᠠᠭᠠᠴᠢᠯᠠᠨ ᠪᠠᠢᠭᠤᠯᠬᠤ᠎ᠳᠤ ᠪᠠᠳᠤᠯᠠᠭ᠎ᠠ᠎ᠶ᠋ᠢᠨ ᠮᠦᠩᠬᠦᠨ᠎ᠤ ᠲᠡᠮᠵᠢᠯᠬᠡ ᠦᠵᠡᠬᠦᠯᠵᠦ᠍᠂ ᠭᠧ ᠤᠪᠤᠬ᠍ᠳᠤ᠎ᠶ᠋ᠢᠨ ᠲᠠᠩᠰᠠᠯᠠᠭᠤᠯᠵᠤ ᠪᠠᠢᠭᠤᠯᠤᠬ᠍ᠰᠠᠨ ᠺᠤᠮᠫᠠᠨᠢ᠎ᠳᠤ ᠶᠡᠭᠡ ᠬᠡᠮᠵᠢᠶᠡᠨ᠎ᠤ ᠪᠡᠯᠡ ᠮᠦᠩᠬᠦ᠌ ᠤᠷᠤᠭᠤᠯᠵᠤ᠂ 30 ᠭᠠᠷᠤᠢ ᠲᠦᠮᠡᠨ ᠲᠦᠬᠦᠷᠢᠭ᠎ᠤᠨ ᠠᠱᠢᠬ ᠤᠯᠵᠠᠢ; ᠭᠧ ᠤᠪᠤᠬ᠍ᠳᠤ ᠵᠡᠷᠬᠡ ᠬᠦᠮᠦᠨ᠎ᠢ ᠲᠤᠬᠢᠵᠤ ᠦᠷᠢ᠎ᠪᠠᠨ ᠨᠡᠬᠡᠬᠦᠯᠵᠡᠢ; ᠬᠤᠤᠷᠯᠠᠬ᠍ᠳᠠᠬ᠍ᠴᠢ᠎ᠶ᠋ᠢ ᠠᠯᠪᠠᠳᠠᠵᠤ ᠵᠠᠬ᠎ᠠ ᠲᠡᠯᠬᠡᠬᠦᠷ᠎ᠤᠨ ᠦᠨ᠎ᠠ ᠬᠠᠩᠰᠢ᠎ᠠᠴᠠ ᠬᠢᠮᠳᠠ 70 ᠲᠦᠮᠡᠨ ᠲᠤᠭᠤᠰᠭ᠎ᠠ᠎ᠪᠠᠷ ᠦᠨᠳᠦᠷ ᠬᠦᠦ᠎ᠲᠠᠢ ᠵᠢᠬᠡᠯᠡᠯᠬᠡ᠎ᠶ᠋ᠢᠨ ᠮᠦᠩᠬᠦ᠌᠎ᠪᠠᠨ ᠲᠦᠯᠦᠬᠦᠯᠪᠡ᠃ ᠵᠠᠭᠠᠯᠳᠤᠬ᠍ᠳᠠᠬ᠍ᠴᠢ ᠵᠠᠩ ᠤᠪᠤᠬ᠍ᠳᠤ ᠪᠠᠰᠠ ᠲᠤᠱᠢᠶᠠᠯ᠎ᠤᠨ ᠲᠦᠬᠦᠮ ᠨᠦᠬᠦᠴᠡᠯ᠎ᠢᠶᠠᠨ ᠠᠱᠢᠬ᠍ᠯᠠᠨ ᠤᠯᠠᠨ ᠨᠡᠢᠳᠡ᠎ᠶ᠋ᠢᠨ ᠵᠠᠷᠤᠳᠠᠯ᠎ᠢ 16 ᠲᠦᠮᠡ ᠭᠠᠷᠤᠢ ᠲᠦᠬᠦᠷᠢᠭ ᠮᠡᠬᠡᠯᠡᠨ ᠠᠪᠴᠠᠢ᠃

ᠱᠢᠬᠦᠬᠦ᠌ ᠬᠤᠷᠢᠶ᠎ᠠ᠎ᠶ᠋ᠢᠨ ᠦᠵᠡᠬᠦ᠌᠎ᠪᠠᠷ᠂ ᠵᠠᠭᠠᠯᠳᠤᠬ᠍ᠳᠠᠬ᠍ᠴᠢ ᠵᠠᠩ ᠤᠪᠤᠬ᠍ᠳᠤ ᠤᠯᠤᠰ᠎ᠤᠨ ᠪᠠᠢᠭᠤᠯᠭ᠎ᠠ᠎ᠶ᠋ᠢᠨ ᠠᠵᠢᠯᠳᠠᠨ ᠪᠤᠯᠤᠬ᠍ᠰᠨᠨ᠎ᠤ ᠬᠤᠪᠢ᠎ᠳᠤ ᠬᠠᠤᠯᠢ ᠶᠤᠰᠤᠭᠠᠷ ᠲᠤᠱᠢᠶᠠᠯ ᠬᠠᠷᠢᠭᠤᠴᠠᠯᠭ᠎ᠠ᠎ᠪᠠᠨ ᠬᠦᠢᠴᠡᠳᠭᠡᠬᠦ᠌ ᠦᠬᠡᠢ᠂ ᠬᠠᠷ᠎ᠠ ᠪᠦᠯᠦᠭ᠌ᠳᠡᠨ᠎ᠤ ᠱᠢᠨᠵᠢ ᠴᠢᠨᠠᠷᠳᠠᠢ ᠵᠤᠬᠢᠶᠠᠨ ᠪᠠᠢᠭᠤᠯᠤᠯᠳᠠ᠎ᠶ᠋ᠢ ᠦᠮᠦᠭ᠌ᠯᠡᠨ ᠲᠤᠷ᠎ᠠ᠎ᠪᠠᠷ᠎ᠨᠢ ᠲᠠᠯᠪᠢᠵᠤ ᠬᠠᠤᠯᠢ᠎ᠠᠴᠠ ᠵᠦᠷᠢᠴᠡᠭ᠌ᠰᠡᠨ ᠶᠠᠯᠠᠳᠤ ᠠᠵᠢᠯᠯᠠᠭ᠎ᠠ ᠬᠢᠯᠬᠡᠪᠡ; ᠬᠦᠴᠦᠷᠭᠡᠭ᠌ᠯᠡᠯ ᠰᠦᠷᠳᠡᠬᠦᠯᠦᠯ᠎ᠤᠨ ᠠᠷᠭ᠎ᠠ ᠬᠡᠯᠪᠡᠷᠢ᠎ᠪᠠᠷ ᠪᠠᠷᠠᠭ᠎ᠠ᠎ᠶ᠋ᠢ ᠠᠯᠪᠠᠳᠠᠯᠭ᠎ᠠ᠎ᠪᠠᠷ ᠬᠤᠳᠠᠯᠳᠤᠨ ᠠᠪᠤᠭᠤᠯᠵᠤ᠂ ᠱᠢᠨᠵᠢ ᠪᠠᠢᠳᠠᠯ᠎ᠨᠢ ᠬᠦᠨᠳᠦ ᠨᠤᠴᠢᠳᠠᠢ ᠪᠠᠢᠪᠠ; ᠲᠤᠱᠢᠶᠠᠯ᠎ᠤᠨ ᠲᠦᠬᠦᠮ ᠨᠦᠬᠦᠴᠡᠯ᠎ᠢᠶᠠᠨ ᠠᠱᠢᠬ᠍ᠯᠠᠨ ᠬᠠᠷᠢᠴᠠᠩᠭᠤᠢ ᠶᠡᠭᠡ ᠲᠤᠭᠠᠨ᠎ᠤ ᠤᠯᠠᠨ ᠨᠡᠢᠳᠡ᠎ᠶ᠋ᠢᠨ ᠵᠤᠭᠤᠰ ᠮᠦᠩᠬᠦ᠌᠎ᠶ᠋ᠢ ᠮᠡᠬᠡᠯᠡᠨ ᠠᠪᠴᠤ᠌᠂ ᠲᠡᠬᠦᠨ᠎ᠤ ᠠᠵᠢᠯᠯᠠᠭ᠎ᠠ᠎ᠨᠢ ᠨᠢᠬᠡᠨᠳᠡ ᠬᠠᠷ᠎ᠠ ᠪᠦᠯᠦᠭ᠌ᠳᠡᠨ᠎ᠤ ᠱᠢᠨᠵᠢ ᠴᠢᠨᠠᠷᠳᠠᠢ ᠵᠤᠬᠢᠶᠠᠨ ᠪᠠᠢᠭᠤᠯᠤᠯᠳᠠ᠎ᠶ᠋ᠢ ᠦᠮᠦᠭ᠌ᠯᠡᠵᠦ᠍ ᠲᠤᠷ᠎ᠠ᠎ᠪᠠᠷ᠎ᠨᠢ ᠲᠠᠯᠪᠢᠬ᠍ᠰᠠᠨ ᠶᠠᠯ᠎ᠠ᠂ ᠠᠯᠪᠠᠳᠠᠯᠭ᠎ᠠ᠎ᠪᠠᠷ ᠠᠷᠠᠯᠵᠢᠶᠠᠯᠠᠭᠤᠯᠤᠬ᠍ᠰᠠᠨ ᠶᠠᠯ᠎ᠠ᠂ ᠱᠠᠮᠱᠢᠬ᠍ᠰᠠᠨ ᠶᠠᠯ᠎ᠠ ᠪᠤᠯᠵᠤ ᠪᠦᠷᠢᠯᠳᠦᠵᠦ᠍᠂ ᠬᠡᠳᠦᠨ ᠶᠠᠯ᠎ᠠ᠎ᠶ᠋ᠢ ᠨᠡᠢᠯᠡᠬᠦᠯᠦᠨ ᠱᠢᠢᠳᠭᠡᠬᠦ᠌ ᠶᠤᠰᠤᠳᠠᠢ ᠭᠡᠪᠠ᠃

ᠬᠦᠬᠡᠬᠤᠳᠠ᠎ᠶ᠋ᠢᠨ ᠱᠢᠨ᠎ᠠ ᠬᠤᠳᠠ ᠲᠤᠭᠤᠷᠢᠬ᠎ᠤᠨ ᠱᠢᠬᠦᠬᠦ᠌ ᠬᠤᠷᠢᠶ᠎ᠠ ᠵᠠᠭᠠᠯᠳᠤᠬ᠍ᠳᠠᠬ᠍ᠴᠢ ᠵᠠᠩ ᠤᠪᠤᠬ᠍ᠳᠤ᠎ᠶ᠋ᠢ 7 ᠵᠢᠯ᠎ᠤᠨ ᠬᠤᠭᠤᠴᠠᠭ᠎ᠠ᠎ᠲᠠᠢ ᠬᠤᠷᠢᠬᠤ᠎ᠪᠠᠷ ᠱᠢᠬᠦᠵᠦ᠍ ᠲᠠᠰᠤᠯᠤᠬ᠍ᠰᠠᠨ ᠪᠦᠬᠡᠳ 30 ᠲᠦᠮᠡᠨ ᠲᠦᠬᠦᠷᠢᠭ᠎ᠢᠶᠠᠷ ᠲᠤᠷᠭᠠᠵᠤ᠂ ᠬᠤᠤᠷᠯᠠᠬ᠍ᠳᠠᠬ᠍ᠰᠠᠨ ᠪᠠᠢᠭᠤᠯᠭ᠎ᠠ ᠨᠢᠬᠡᠴᠢ ᠪᠤᠯᠬᠤ ᠦᠴᠤᠸᠠᠨ ᠱᠢᠶᠠᠨ᠎ᠤ ᠨᠢᠬᠡᠨ ᠭᠠᠵᠠᠷ᠎ᠤᠨ ᠵᠠᠰᠠᠬ᠎ᠤᠨ ᠤᠷᠳᠤᠨ᠎ᠤ ᠬᠡᠷᠡᠭ᠎ᠲᠤ ᠬᠤᠯᠪᠤᠬ᠍ᠳᠠᠬ᠍ᠰᠠᠨ ᠪᠤᠵᠠᠷ ᠵᠤᠭᠤᠰ᠎ᠢ 164127 ᠲᠦᠬᠦᠷᠢᠭ ᠲᠦᠯᠦᠵᠦ᠍ ᠦᠭ᠌ᠴᠦ᠂ ᠬᠤᠤᠷᠯᠠᠬ᠍ᠳᠠᠬ᠍ᠴᠢ ᠵᠠᠩ ᠤᠪᠤᠬ᠍ᠳᠤ᠎ᠶ᠋ᠢᠨ ᠠᠵᠤ ᠠᠬᠤᠢ᠎ᠶ᠋ᠢᠨ ᠬᠤᠬᠢᠷᠠᠯ᠎ᠢ 192000 ᠲᠦᠬᠦᠷᠢᠭ ᠲᠦᠯᠦᠵᠦ᠍ ᠦᠭ᠌ᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号