ᠤᠢ᠍ᠢᠷᠠ ᠳ᠋ᠦ᠂ ᠪᠤᠭᠤᠳᠤ ᠬᠤᠳᠠ ᠵᠢᠨ ᠴᠢᠩᠱᠠᠨ ᠲᠤᠭᠤᠷᠢᠬᠤᠨ ᠠᠷᠠᠳᠤᠨ ᠱᠢᠬᠦᠬᠦ᠌ ᠬᠤᠷᠢᠶᠠ ᠯᠢᠦ ᡁᠢ ᠯᠢ ᠵᠡᠷᠬᠡ 17 ᠵᠠᠭᠠᠯᠳᠤᠬ᠍ᠳᠠᠬ᠍ᠴᠢ ᠵᠢᠨ ᠬᠠᠷᠠ ᠪᠦᠯᠦᠭ᠌ᠳᠡᠨ ᠲᠠᠢ ᠬᠤᠯᠪᠤᠬ᠍ᠳᠠᠬ᠍ᠰᠠᠨ ᠬᠡᠷᠡᠭ ᠲᠤ ᠬᠠᠤᠯᠢ ᠶᠤᠰᠤᠭᠠᠷ ᠨᠢᠬᠡᠳᠦᠬᠡᠷ ᠱᠢᠬᠦᠯᠳᠡ ᠬᠢᠵᠦ᠍᠂ ᠬᠠᠷᠠ ᠪᠦᠯᠦᠭ᠌ᠳᠡᠨᠤ ᠱᠢᠨᠵᠢ ᠴᠢᠨᠠᠷᠳᠠᠢ ᠵᠤᠬᠢᠶᠠᠨ ᠪᠠᠢᠭᠤᠯᠤᠯᠳᠠ ᠵᠢ ᠵᠤᠬᠢᠶᠠᠨ ᠪᠠᠢᠭᠤᠯᠵᠤ᠂ ᠤᠳᠤᠷᠢᠳᠴᠤ᠌᠂ ᠤᠷᠤᠯᠴᠠᠬ᠍ᠰᠠᠨ ᠶᠠᠯᠠ᠂ ᠬᠠᠤᠯᠢ ᠪᠤᠰᠤ ᠪᠡᠷ ᠬᠤᠷᠢᠬ᠍ᠰᠠᠨ ᠶᠠᠯᠠ᠂ ᠠᠯᠪᠠᠨ ᠬᠡᠷᠡᠭᠢ ᠬᠠᠷᠱᠢᠯᠠᠬ᠍ᠰᠠᠨ ᠶᠠᠯᠠ᠂ ᠬᠢᠬᠠᠭ᠍ᠰᠡᠨ ᠶᠠᠯᠠ᠂ ᠮᠡᠬᠡᠯᠡᠭ᠌ᠰᠡᠨ ᠶᠠᠯᠠ᠂ ᠦᠳᠦᠬᠡᠵᠦ᠍ ᠬᠡᠷᠡᠭ ᠡᠳᠦᠭ᠌ᠰᠡᠨ ᠶᠠᠯᠠ᠂ ᠠᠯᠪᠠᠳᠠᠯᠭᠠ ᠪᠡᠷ ᠠᠷᠠᠯᠵᠢᠶᠠᠯᠠᠭᠤᠯᠤᠬ᠍ᠰᠠᠨ ᠶᠠᠯᠠ᠂ ᠱᠠᠮᠱᠢᠬ᠍ᠰᠠᠨ ᠶᠠᠯᠠ᠂ ᠪᠡᠯᠡ ᠮᠦᠩᠬᠦ᠌ ᠵᠢ ᠨᠡᠬᠦᠯᠬᠡᠨ ᠬᠡᠷᠡᠭ᠌ᠯᠡᠭ᠌ᠰᠡᠨ ᠶᠠᠯᠠ᠂ ᠭᠠᠵᠠᠷ ᠱᠢᠷᠤᠢ ᠵᠢᠨ ᠬᠡᠷᠡᠭ᠌ᠯᠡᠬᠦ᠌ ᠡᠷᠬᠡ ᠵᠢ ᠬᠠᠤᠯᠢ ᠪᠤᠰᠤ ᠪᠡᠷ ᠱᠢᠯᠵᠢᠬᠦᠯᠦᠭ᠌ᠰᠡᠨ ᠶᠠᠯᠠ᠂ ᠤᠯᠤᠰᠤᠨ ᠪᠠᠢᠭᠤᠯᠭᠠ ᠵᠢᠨ ᠪᠤᠰᠤ ᠠᠵᠢᠯᠳᠠᠨ ᠬᠠᠬᠤᠤᠯᠢ ᠢᠳᠡᠭ᠌ᠰᠡᠨ ᠶᠠᠯᠠ ᠪᠡᠷ ᠬᠡᠳᠦᠨ ᠶᠠᠯᠠ ᠵᠢ ᠨᠡᠢᠯᠡᠬᠦᠯᠦᠨ ᠵᠠᠭᠠᠯᠳᠣᠭ᠍ᠳᠠᠭ᠍ᠴᠢ ᠯᠢᠦ ᡁᠢ ᠯᠢ ᠵᠢ 21 ᠵᠢᠯ ᠬᠤᠭᠤᠴᠠᠭᠠ ᠲᠠᠢ ᠬᠤᠷᠢᠬᠤ ᠵᠢᠨ ᠬᠠᠮᠳᠣ ᠬᠤᠪᠢ ᠬᠦᠮᠦᠨᠤ ᠪᠦᠬᠦ᠌ ᠡᠳ᠋ ᠬᠦᠷᠦᠩᠬᠡ ᠵᠢ ᠨᠢ ᠬᠤᠷᠢᠶᠠᠨ ᠠᠪᠬᠣ ᠪᠡᠷ ᠱᠢᠭᠦᠨ ᠳᠠᠰᠣᠯᠵᠣ᠂ ᠪᠤᠰᠤᠳ 16 ᠵᠠᠭᠠᠯᠳᠤᠬ᠍ᠳᠠᠬ᠍ᠴᠢ ᠵᠢ ᠨᠢ 1 ᠵᠢᠯᠤᠨ ᠭᠠᠳᠠᠨᠠ 4 ᠰᠠᠷᠠ ᠡᠴᠨ 17 ᠵᠢᠯ ᠬᠦᠷᠳᠡᠯᠡᠬᠢ ᠠᠳᠠᠯᠢ ᠪᠤᠰᠤ ᠵᠢᠨ ᠬᠤᠭᠤᠴᠠᠭᠠ ᠲᠠᠢ ᠬᠤᠷᠢᠬᠤ ᠡᠷᠡᠬᠦᠦ ᠪᠡᠷ ᠱᠢᠢᠳᠭᠡᠬᠦ᠌ ᠪᠡᠷ ᠱᠢᠭᠦᠨ ᠳᠠᠰᠣᠯᠵᠠᠢ᠃
2009 ᠤᠨ ᠳ᠋ᠤ ᠵᠠᠭᠠᠯᠳᠤᠬ᠍ᠳᠠᠬ᠍ᠴᠢ ᠯᠢᠦ ᡁᠢ ᠯᠢ ᠬᠠᠬᠤᠤᠯᠢᠳᠤ ᠰᠤᠩᠭᠤᠭᠤᠯᠢ᠂ ᠦᠷᠢᠰᠦᠯᠳᠦᠭ᠌ᠴᠢ ᠪᠡᠨ ᠴᠤᠬᠢᠨ ᠲᠠᠷᠤᠬᠤ ᠵᠡᠷᠬᠡ ᠠᠷᠭᠠ ᠪᠡᠷ ᠲᠠᠮᠵᠢᠭᠤᠯᠤᠨ ᠲᠤᠰᠭᠤᠨᠤ ᠠᠷᠠᠳᠤᠨ ᠵᠦᠪᠯᠡᠯᠤᠨ ᠡᠷᠬᠢᠯᠡᠭ᠌ᠴᠢ ᠪᠡᠷ ᠰᠤᠩᠭᠤᠬ᠍ᠳᠠᠪᠠ᠃ ᠲᠠᠷᠠᠭᠠ ᠨᠢ ᠯᠢᠦ ᡁᠢ ᠯᠢ ᠢᠳᠡᠭ ᠢᠳᠡᠭᠢᠡᠷ ᠦᠪᠡᠷᠤᠨ ᠬᠠᠮᠳᠤ ᠰᠤᠷᠤᠬ᠍ᠴᠢ᠂ ᠪᠠᠭᠠ ᠵᠢᠨ ᠨᠠᠢᠵᠠ᠂ ᠨᠠᠢᠵᠠ ᠨᠦᠬᠦᠳᠢᠡᠨ ᠲᠠᠳᠠᠨ ᠲᠤᠰᠭᠤᠨᠤ ᠨᠠᠮᠤᠨ ᠡᠭᠦᠷ ᠠᠷᠠᠳᠤᠨ ᠵᠦᠪᠯᠡᠯ ᠳ᠋ᠤ ᠤᠷᠤᠭᠤᠯᠵᠤ᠂ ᠬᠦᠮᠦᠨᠤ ᠬᠦᠴᠦᠨ᠂ ᠡᠳ᠋ᠤᠨ ᠬᠦᠴᠦᠨᠢ ᠴᠤᠬ᠍ᠯᠠᠭᠤᠯᠤᠨ ᠲᠤᠰᠭᠤᠨᠤ ᠠᠵᠢᠯ ᠶᠠᠪᠣᠳᠠᠯᠢ ᠡᠵᠡᠷᠬᠡᠪᠡ᠃ ᠯᠢᠦ ᡁᠢ ᠯᠢ ᠲᠤᠰᠭᠤᠨᠤ ᠠᠵᠢᠯ ᠶᠠᠪᠣᠳᠠᠯᠢ ᠡᠵᠡᠷᠬᠡᠵᠦ᠍ ᠪᠠᠢᠭᠠ ᠨᠦᠯᠦᠬᠡ ᠪᠠᠨ ᠠᠱᠢᠬ᠍ᠯᠠᠨ ᠲᠤᠰᠭᠤᠨᠤ ᠺᠠᠳ᠋ᠷ᠂ ᠲᠦᠷᠦᠯ ᠤᠬ᠍ᠰᠠᠭᠠ ᠵᠡᠷᠬᠡ ᠬᠦᠮᠦᠰᠢ ᠴᠤᠬ᠍ᠯᠠᠭᠤᠯᠤᠨ᠂ ᠺᠤᠮᠫᠠᠨᠢ ᠪᠤᠯᠤᠨ ᠬᠠᠢᠷ ᠴᠢᠯᠠᠭᠤ ᠵᠢᠨ ᠦᠢᠯᠡᠳᠪᠦᠷᠢ ᠪᠠᠢᠭᠤᠯᠬᠤ ᠪᠡᠷ ᠲᠠᠪᠴᠠᠩ ᠪᠤᠯᠭᠠᠨ ᠬᠠᠤᠯᠢ ᠡᠴᠨ ᠵᠦᠷᠢᠴᠡᠭ᠌ᠰᠡᠨ ᠶᠠᠯᠠᠳᠤ ᠠᠵᠢᠯᠯᠠᠭᠠ ᠳ᠋ᠠᠭᠠᠨ ᠬᠠᠤᠯᠢ ᠪᠤᠰᠤ ᠬᠠᠮᠠᠭᠠᠯᠠᠯᠳᠠ ᠬᠠᠩᠭᠠᠯᠭᠠᠵᠤ᠂ ᠤᠷᠳᠤ ᠬᠤᠭᠤᠴᠠᠭᠠ ᠪᠡᠷ ᠵᠤᠤ ᠵᠢᠶᠠ ᠳ᠋ᠢᠶᠠᠨ ᠲᠤᠰᠭᠤᠨᠤ ᠡᠷᠬᠢᠨ ᠲᠤᠭᠤᠷᠢᠨ ᠳ᠋ᠤ ᠬᠦᠴᠦᠷᠭᠡᠭ᠌ᠯᠡᠯ᠂ ᠠᠶᠤᠯᠭᠠᠨ ᠰᠦᠷᠳᠡᠬᠦᠯᠬᠦ᠌ ᠵᠡᠷᠬᠡ ᠠᠷᠭᠠ ᠬᠡᠯᠪᠡᠷᠢ ᠪᠡᠷ ᠵᠤᠬᠢᠶᠠᠨ ᠪᠠᠢᠭᠤᠯᠤᠯᠳᠠ ᠲᠠᠢ ᠪᠡᠷ ᠬᠢᠬᠠᠬᠤ ᠂ ᠠᠯᠪᠠᠳᠠᠯᠭᠠ ᠪᠡᠷ ᠠᠷᠠᠯᠵᠢᠶᠠᠯᠠᠭᠤᠯᠬᠤ᠂ ᠦᠳᠦᠬᠡᠵᠦ᠍ ᠬᠡᠷᠡᠭ ᠡᠳᠦᠬᠦ᠂ ᠠᠵᠤ ᠠᠬᠤᠢ᠍ᠢᠯᠠᠯᠢ ᠰᠠᠮᠠᠭᠤᠷᠠᠭᠤᠯᠬᠤ᠂ ᠪᠠᠷᠢᠯᠭᠠ ᠵᠢ ᠠᠯᠪᠠᠳᠠᠯᠭᠠ ᠪᠡᠷ ᠡᠵᠡᠮᠱᠢᠬᠦ᠂ ᠪᠡᠯᠡ ᠮᠦᠩᠬᠦ᠌ ᠵᠢ ᠨᠡᠬᠦᠯᠬᠡᠨ ᠬᠡᠷᠡᠭ᠌ᠯᠡᠬᠦ᠂ ᠲᠤᠰᠭᠤᠨᠤ ᠬᠠᠮᠳᠤ ᠵᠢᠨ ᠡᠳ᠋ ᠬᠦᠷᠦᠩᠬᠡ ᠵᠢ ᠡᠵᠡᠯᠡᠬᠦ᠂ ᠬᠠᠤᠯᠢ ᠪᠤᠰᠤ ᠪᠡᠷ ᠲᠤᠰᠭᠤᠨᠤ ᠬᠠᠮᠳᠤ ᠵᠢᠨ ᠭᠠᠵᠠᠷ ᠱᠢᠷᠤᠢ ᠵᠢ ᠱᠢᠯᠵᠢᠬᠦᠯᠬᠦ᠂ ᠤᠯᠤᠰᠤᠨ ᠨᠤᠷᠠᠭᠠᠵᠤ ᠨᠡᠬᠦᠯᠬᠡᠬᠦ᠌ ᠨᠦᠬᠦᠪᠦᠷᠢ ᠵᠢ ᠮᠡᠬᠡᠯᠡᠵᠦ᠍ ᠠᠪᠬᠤ᠂ ᠲᠤᠰᠭᠤᠨᠤ ᠠᠷᠠᠳᠢ ᠲᠠᠷᠤᠯᠠᠬᠤ᠂ ᠲᠡᠮᠦᠷ ᠵᠠᠮᠤᠨ ᠱᠢᠬᠦᠬᠦ᠌ ᠬᠤᠷᠢᠶᠠ ᠵᠢᠨ ᠵᠤᠤ ᠵᠢᠶᠠ ᠳ᠋ᠢᠶᠠᠨ ᠲᠤᠰᠭᠤᠨ ᠳ᠋ᠦ᠍ ᠠᠯᠪᠠᠳᠠᠯᠭᠠ ᠪᠡᠷ ᠬᠡᠷᠡᠭ᠌ᠵᠢᠬᠦᠯᠬᠦ᠌ ᠠᠵᠢᠯᠯᠠᠭᠠ ᠵᠢ ᠢᠯᠡ ᠪᠡᠷ ᠬᠦᠴᠦᠷᠭᠡᠭ᠌ᠯᠡᠯᠢᠡᠷ ᠡᠰᠡᠷᠬᠦᠴᠡᠬᠦ᠌ ᠵᠡᠷᠬᠡ ᠬᠠᠤᠯᠢ ᠡᠴᠨ ᠵᠦᠷᠢᠴᠡᠭ᠌ᠰᠡᠨ ᠶᠠᠯᠠᠳᠤ ᠠᠵᠢᠯᠯᠠᠭᠠ ᠬᠢᠵᠦ᠍᠂ ᠶᠡᠬᠡ ᠪᠡᠷ ᠡᠳ᠋ ᠬᠦᠷᠦᠩᠬᠡ ᠴᠤᠬ᠍ᠯᠠᠭᠤᠯᠵᠤ᠂ ᠬᠠᠤᠯᠢ ᠪᠤᠰᠤ ᠠᠵᠤ ᠠᠬᠤᠢ ᠵᠢᠨ ᠠᠱᠢᠬ ᠤᠯᠵᠤ᠂ ᠯᠢᠦ ᡁᠢ ᠯᠢ ᠪᠡᠷ ᠲᠦᠷᠦᠬᠦᠯᠡᠭᠦᠯᠦᠭ᠌ᠰᠡᠨ᠂ ᠭᠤᠤᠯᠯᠠᠬ᠍ᠴᠢ ᠪᠦᠷᠢᠯᠳᠦᠬᠦᠨ ᠨᠢ ᠦᠨᠳᠦᠰᠦᠨ ᠳ᠋ᠡᠬᠡᠨ ᠲᠤᠬ᠍ᠳᠠᠪᠤᠷᠢᠳᠠᠢ᠂ ᠲᠡᠰ ᠲᠠᠪᠬᠤᠷᠭᠠ ᠨᠢ ᠲᠤᠳᠤᠷᠬᠠᠢ᠂ ᠬᠦᠮᠦᠨ ᠨᠢ ᠤᠯᠠᠨ ᠬᠠᠷᠠ ᠪᠦᠯᠦᠭ᠌ᠳᠡᠨᠤ ᠱᠢᠨᠵᠢ ᠴᠢᠨᠠᠷᠳᠠᠢ ᠵᠤᠬᠢᠶᠠᠨ ᠪᠠᠢᠭᠤᠯᠤᠯᠳᠠ ᠪᠤᠯᠵᠤ ᠪᠦᠷᠢᠯᠳᠦᠪᠡ᠃
ᠱᠢᠬᠦᠬᠦ᠌ ᠬᠤᠷᠢᠶᠠ ᠱᠢᠭᠦᠨ ᠳᠠᠰᠣᠯᠬᠣ ᠳ᠋ᠠᠭᠠᠨ᠂ ᠲᠤᠰ ᠵᠤᠬᠢᠶᠠᠨ ᠪᠠᠢᠭᠤᠯᠤᠯᠳᠠ ᠤᠷᠳᠤ ᠬᠤᠭᠤᠴᠠᠭᠠ ᠪᠡᠷ ᠦᠨᠳᠦᠰᠦᠨ ᠱᠠᠳᠤᠨ ᠤ ᠵᠠᠰᠠᠬ ᠤᠨ ᠡᠷᠬᠡ ᠵᠢ ᠡᠵᠡᠷᠬᠡᠵᠦ᠍᠂ ᠲᠤᠰᠭᠤᠨᠤ ᠬᠠᠮᠳᠤ ᠵᠢᠨ ᠡᠳ᠋ ᠬᠦᠷᠦᠩᠬᠡ ᠵᠢ ᠲᠦᠷᠢᠮᠡᠬᠡᠢᠯᠡᠨ ᠡᠵᠡᠯᠡᠵᠦ᠍᠂ ᠨᠡᠬᠦᠯᠬᠡᠨ ᠬᠡᠷᠡᠭ᠌ᠯᠡᠵᠦ᠍᠂ ᠤᠯᠠᠨ ᠤᠳᠠᠭᠠ ᠵᠢᠨ ᠬᠠᠤᠯᠢ ᠡᠴᠨ ᠵᠦᠷᠢᠴᠡᠭ᠌ᠰᠡᠨ ᠶᠠᠯᠠᠳᠤ ᠠᠵᠢᠯᠯᠠᠭᠠ ᠬᠢᠵᠦ᠍᠂ ᠵᠤᠤ ᠵᠢᠶᠠ ᠳ᠋ᠢᠶᠠᠨ ᠲᠤᠰᠭᠤᠨᠳᠡᠬᠢ ᠠᠵᠣ ᠦᠢᠯᠡᠰᠤᠨ ᠬᠦᠷᠢᠶᠡᠯᠡᠩ ᠲᠤᠭᠤᠷᠢᠬᠤᠨ ᠲᠤᠳᠤᠷᠠᠬᠢ ᠠᠵᠤ ᠠᠬᠤᠢ᠍ᠢᠯᠠᠯᠤᠨ ᠦᠢᠯᠡᠳᠪᠦᠷᠢᠯᠡᠯ᠂ ᠡᠵᠡᠩᠨᠡᠯᠳᠡ ᠵᠢ ᠰᠠᠮᠠᠭᠤᠷᠠᠭᠤᠯᠤᠨ ᠂ ᠪᠠᠷᠢᠯᠭᠠ ᠵᠢᠨ ᠪᠦᠳᠦᠬᠡᠨ ᠪᠠᠢᠭᠤᠯᠤᠯᠳᠠ ᠵᠢ ᠠᠯᠪᠠᠳᠠᠯᠭᠠ ᠪᠡᠷ ᠡᠵᠡᠮᠱᠢᠨ ᠭᠠᠷ ᠲᠦᠷᠦᠵᠦ᠍᠂ ᠵᠤᠤ ᠵᠢᠶᠠ ᠳ᠋ᠢᠶᠠᠨ ᠲᠤᠰᠭᠤᠨᠤ ᠤᠯᠠᠨ ᠲᠦᠮᠡᠨᠤ ᠦᠪᠡᠷᠳᠡᠭᠡᠨ ᠵᠠᠰᠠᠬᠤ ᠵᠤᠬᠢᠶᠠᠨ ᠪᠠᠢᠭᠤᠯᠤᠯᠳᠠ ᠵᠢᠨ ᠠᠵᠢᠯᠤᠨ ᠡᠮᠬᠢ ᠵᠢᠷᠣᠮ ᠪᠤᠯᠤᠨ ᠵᠤᠤ ᠵᠢᠶᠠᠨ ᠳ᠋ᠢᠶᠠᠨ ᠲᠤᠰᠭᠤᠨᠤ ᠡᠷᠬᠢᠨ ᠲᠤᠭᠤᠷᠢᠨᠤ ᠠᠵᠤ ᠠᠬᠤᠢ᠂ ᠨᠡᠢᠬᠡᠮᠤᠨ ᠠᠮᠢᠳᠤᠷᠠᠯᠤᠨ ᠡᠮᠬᠢ ᠵᠢᠷᠣᠮᠢ ᠬᠦᠨᠳᠦ ᠨᠣᠴᠢᠳᠠᠢ ᠡᠪᠳᠡᠵᠠᠢ ᠬᠡᠵᠦ᠍ ᠦᠵᠡᠪᠡ᠃