ᠢᠷᠭᠤᠢ ᠨᠢᠳᠦᠯᠡᠬᠦ᠌ ᠴᠠᠭ᠎ᠢᠶᠠᠷ ᠬᠦᠰᠡᠯ ᠬᠦᠪᠦᠷᠡᠳᠡᠭ ᠶᠤᠮ
2020-05-16 11:00:33
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆


            — 《5 · 1》 ᠎ᠤ ᠠᠮᠠᠷᠠᠯᠳᠠ᠎ᠶ᠋ᠢᠨ ᠬᠤᠭᠤᠴᠠᠭᠠᠨ᠎ᠳᠠᠬᠢ ᠮᠠᠨ᠎ᠤ ᠤᠷᠤᠨ᠎ᠤ ᠵᠢᠭᠤᠯᠴᠢᠯᠠᠯ᠎ᠤᠨ ᠦᠢᠯᠡᠰ᠎ᠤᠨ ᠪᠠᠢᠳᠠᠯ᠎ᠤᠨ ᠲᠤᠬᠠᠢ ᠠᠵᠢᠬ᠍ᠯᠠᠯᠲᠠ


● ᠠᠮᠵᠢᠯᠳᠠ᠄
    《5 · 1》 ᠎ᠤ ᠠᠮᠠᠷᠠᠯᠳᠠ᠎ᠳᠤ ᠮᠠᠨ᠎ᠤ ᠤᠷᠤᠨ 227.34 ᠲᠦᠮᠡᠨ
ᠬᠦᠮᠦᠨ ᠤᠳᠠᠭ᠎ᠠ ᠵᠢᠭᠤᠯᠴᠢᠯᠠᠭ᠍ᠰᠠᠳ᠎ᠢ ᠬᠦᠯᠢᠶᠡᠨ ᠠᠪᠴᠤ᠌᠂ ᠵᠢᠭᠤᠯᠴᠢᠯᠠᠯ᠎ᠤᠨ
ᠶᠡᠷᠦᠩᠭᠡᠢᠯᠡᠭ᠌ᠰᠡᠨ ᠤᠷᠤᠯᠭ᠎ᠠ 65040.43 ᠲᠦᠮᠡᠨ ᠲᠦᠬᠦᠷᠢᠭ᠎ᠲᠤ
ᠬᠦᠷᠴᠠᠢ᠃
● ᠪᠠᠢᠳᠠᠯ᠄
    《5 · 1》 ᠎ᠤ ᠠᠮᠠᠷᠠᠯᠳᠠ᠎ᠳᠤ ᠮᠠᠨ᠎ᠤ ᠤᠷᠤᠨ᠎ᠤ 313 A ᠲᠡᠰ᠎ᠤᠨ
ᠵᠢᠭᠤᠯᠴᠢᠯᠠᠯ᠎ᠤᠨ ᠦᠵᠡᠮᠵᠢ᠎ᠶ᠋ᠢᠨ ᠤᠷᠤᠨ ᠡᠬᠦᠳᠡ᠎ᠪᠠᠨ ᠨᠡᠭᠡᠭᠡᠵᠦ᠍᠂ ᠪᠦᠬᠦ᠌ A ᠲᠡᠰ᠎ᠤᠨ
ᠵᠢᠭᠤᠯᠴᠢᠯᠠᠯ᠎ᠤᠨ ᠦᠵᠡᠮᠵᠢ᠎ᠶ᠋ᠢᠨ ᠤᠷᠤᠨ᠎ᠤ 66.17% ᠎ᠶ᠋ᠢ ᠡᠵᠡᠯᠡᠪᠡ;
219 ᠤᠳᠤᠨ ᠲᠡᠰ᠎ᠤᠨ ᠵᠤᠴᠢᠳ᠎ᠤᠨ ᠪᠠᠭᠤᠳᠠᠯ ᠠᠵᠢᠯ᠎ᠢᠶᠠᠨ ᠰᠡᠷᠬᠦᠭᠡᠵᠦ᠍᠂
ᠠᠵᠢᠯ᠎ᠢᠶᠠᠨ ᠰᠡᠷᠬᠦᠭᠡᠭ᠌ᠰᠡᠨ ᠨᠤᠷᠮ᠎ᠠ 84.56% ᠎ᠳᠤ ᠬᠦᠷᠴᠡᠢ; 14953
ᠤᠯᠠᠨ ᠨᠡᠢᠳᠡ᠎ᠶ᠋ᠢᠨ ᠰᠤᠶᠤᠯ᠎ᠤᠨ ᠲᠠᠯᠠᠪᠤᠷ ᠠᠵᠢᠯ᠎ᠢᠶᠠᠨ ᠰᠡᠷᠬᠦᠭᠡᠵᠦ᠍᠂ ᠠᠵᠢᠯ᠎ᠢᠶᠠᠨ
ᠰᠡᠷᠬᠦᠭᠡᠭ᠌ᠰᠡᠨ ᠨᠤᠷᠮ᠎ᠠ 99.24% ᠎ᠳᠤ ᠬᠦᠷᠪᠠ᠃





● ᠠᠰᠠᠭᠤᠲᠠᠯ᠄
     ᠡᠨᠡ ᠵᠢᠯ᠎ᠤᠨ 《5 · 1》 ᠎ᠤ ᠠᠮᠠᠷᠠᠯᠳᠠ᠎ᠳᠠᠬᠢ ᠮᠠᠨ᠎ᠤ ᠤᠷᠤᠨ᠎ᠤ ᠬᠦᠯᠢᠶᠡᠨ ᠠᠪᠤᠭ᠍ᠰᠠᠨ ᠵᠢᠭᠤᠯᠴᠢᠯᠠᠭ᠍ᠰᠠᠳ᠎ᠤᠨ ᠲᠤᠭ᠎ᠠ ᠪᠠ ᠵᠢᠭᠤᠯᠴᠢᠯᠠᠯ᠎ᠤᠨ ᠦᠢᠯᠡᠰ᠎ᠤᠨ ᠶᠡᠷᠦᠩᠬᠡᠢ ᠤᠷᠤᠯᠭ᠎ᠠ ᠨᠢᠳᠤᠨᠤᠨ᠎ᠤ᠎ᠬᠢ᠎ᠲᠠᠢ ᠬᠠᠷᠢᠴᠠᠭᠤᠯᠪᠠᠯ ᠵᠦᠪᠭᠡᠨ 30% ᠲᠡᠳᠦᠢ᠃ ᠬᠢᠵᠢᠭ᠎ᠤᠨ ᠪᠠᠢᠳᠠᠯ᠎ᠠᠴᠠ ᠪᠤᠯᠵᠦ᠍ ᠤᠯᠠᠩᠬᠢ᠎ᠨᠢ ᠤᠷᠤᠨ᠎ᠤ ᠲᠤᠳᠤᠷᠠᠬᠢ ᠵᠢᠭᠤᠯᠴᠢᠯᠠᠭ᠍ᠰᠠᠳ ᠪᠠᠢᠵᠦ᠍᠂ ᠪᠦᠬᠦ᠌ ᠵᠢᠭᠤᠯᠴᠢᠯᠠᠭ᠍ᠰᠠᠳ᠎ᠤᠨ 91.81% ᠎ᠶ᠋ᠢ     ᠡᠵᠡᠯᠡᠪᠠ᠃
● ᠤᠨᠴᠠᠯᠢᠭ᠄
    ᠡᠨᠡ ᠵᠢᠯ᠎ᠤᠨ 《5 · 1》 ᠎ᠤ ᠠᠮᠠᠷᠠᠯᠳᠠ᠎ᠶ᠋ᠢᠨ ᠬᠤᠭᠤᠴᠠᠭᠠᠨ᠎ᠳᠠᠬᠢ ᠵᠢᠭᠤᠯᠴᠢᠯᠠᠯ᠎ᠤᠨ ᠵᠠᠬ᠎ᠠ ᠲᠡᠯᠭᠡᠬᠦᠷ᠎ᠤᠨ ᠤᠨᠴᠠᠯᠢᠬ ᠶᠠᠭᠤᠨ᠎ᠤ ᠤᠷᠢᠳ ᠬᠢᠵᠢᠭ᠎ᠢ ᠰᠡᠷᠭᠡᠢᠯᠡᠨ ᠡᠵᠡᠮᠳᠡᠬᠦ᠌᠎ᠶ᠋ᠢ ᠬᠠᠮᠤᠭ᠎ᠤᠨ ᠴᠢᠬᠤᠯᠠ ᠬᠠᠷᠠᠯᠳᠠ ᠪᠤᠯᠭᠠᠨ ᠴᠢᠩᠭ᠎ᠠ ᠠᠳᠭᠤᠪᠠ; ᠲᠤᠬᠠᠢ᠎ᠶ᠋ᠢᠨ ᠭᠠᠵᠠᠷ᠎ᠲᠠᠭᠠᠨ ᠵᠢᠭᠤᠯᠴᠢᠯᠠᠬᠤ᠂ ᠤᠢ᠍ᠢᠷ᠎ᠠ ᠲᠤᠭᠤᠷᠢᠨ᠎ᠢᠶᠠᠷ ᠵᠢᠭᠤᠯᠴᠢᠯᠠᠬᠤ ᠵᠢᠭᠤᠯᠴᠢᠯᠠᠯ ᠭᠤᠤᠯ ᠤᠷᠤᠰᠭᠠᠯ ᠪᠤᠯᠵᠠᠢ; ᠪᠠᠢᠭᠠᠯᠢ᠎ᠶ᠋ᠢᠨ ᠦᠵᠡᠮᠵᠢ ᠪᠤᠯᠤᠨ ᠬᠤᠳᠠ᠎ᠶ᠋ᠢᠨ ᠲᠡᠬᠦᠷᠭᠡ᠎ᠶ᠋ᠢᠨ ᠬᠡᠭᠡᠷ᠎ᠡ᠎ᠶ᠋ᠢᠨ ᠵᠢᠭᠤᠯᠴᠢᠯᠠᠯ ᠬᠦᠮᠦᠰ᠎ᠤᠨ ᠲᠠᠭᠠᠱᠢᠶᠠᠯ᠎ᠢ ᠤᠯᠪᠠ; ᠡᠬᠦᠳᠡᠨ ᠪᠢᠯᠧᠲ᠎ᠤᠨ ᠦᠨ᠎ᠡ᠎ᠪᠠᠨ ᠪᠠᠭᠤᠷᠠᠭᠤᠯᠬᠤ ᠵᠡᠷᠭᠡ ᠭᠡᠷᠡᠭ᠌ᠯᠡᠭᠡ᠎ᠶ᠋ᠢ ᠠᠬᠢᠭᠤᠯᠤᠭ᠍ᠰᠠᠨ ᠠᠵᠢᠯᠯᠠᠭ᠎ᠠ ᠭᠡᠷᠡᠭ᠌ᠯᠡᠭ᠌ᠴᠢᠳ᠎ᠤᠨ ᠱᠠᠭᠠᠷᠳᠠᠯᠭ᠎ᠠ᠎ᠳᠤ ᠨᠡᠢᠴᠡᠪᠡ; ᠤᠷᠢᠳᠴᠢᠯᠠᠨ ᠪᠤᠯᠵᠤᠵᠦ᠍ ᠵᠢᠭᠤᠯᠴᠢᠯᠠᠬᠤ᠎ᠨᠢ ᠵᠢᠭᠤᠯᠴᠢᠯᠠᠯ᠎ᠤᠨ ᠱᠢᠨ᠎ᠠ ᠨᠢᠭᠡᠨ ᠬᠠᠨᠳᠤᠰᠢ ᠪᠤᠯᠵᠦ᠍ ᠪᠠᠢᠨ᠎ᠠ᠃




● ᠰᠣᠷᠪᠣᠯᠵᠢᠯᠠᠭ᠍ᠴᠢ᠎ᠶ᠋ᠢᠨ ᠡᠪᠦᠷ ᠲᠡᠮᠳᠡᠭ᠌ᠯᠡᠯ
    《5 · 1》 ᠎ᠤ ᠠᠮᠠᠷᠠᠯᠳᠠ᠎ᠶ᠋ᠢᠨ ᠬᠤᠭᠤᠴᠠᠭᠠᠨ᠎ᠳᠤ᠂ ᠰᠤᠷᠪᠤᠯᠵᠢᠯᠠᠬ᠍ᠴᠢ
ᠮᠠᠨ᠎ᠤ ᠤᠷᠤᠨ᠎ᠤ ᠲᠠᠭᠤᠳᠤ ᠨᠠᠭᠤᠷ᠂ ᠪᠠᠳᠺᠡᠷ ᠵᠤᠤ ᠵᠡᠷᠭᠡ ᠵᠢᠭᠤᠯᠴᠢᠯᠠᠯ᠎ᠤᠨ
ᠦᠵᠡᠮᠵᠢ᠎ᠶ᠋ᠢᠨ ᠤᠷᠤᠨ᠎ᠢᠶᠠᠷ ᠪᠡᠶᠡᠴᠢᠯᠡᠨ ᠰᠤᠷᠪᠤᠯᠵᠢᠯᠠᠭᠠᠳ ᠵᠢᠭᠤᠯᠴᠢᠯᠠᠯ᠎ᠤᠨ
ᠤᠷᠤᠨ᠎ᠳᠤ ᠵᠢᠭᠤᠯᠴᠢᠯᠠᠵᠦ᠍ ᠪᠠᠢᠭ᠎ᠠ ᠬᠦᠮᠦᠨ᠎ᠤ ᠲᠤᠭ᠎ᠠ ᠨᠡᠯᠢᠶᠡᠳ ᠤᠯᠠᠱᠢᠷᠠᠵᠦ᠍
ᠪᠠᠢᠭ᠎ᠠ᠎ᠶ᠋ᠢ ᠤᠢ᠍ᠢᠯᠠᠭᠠᠵᠠᠢ᠃ ᠬᠦᠮᠦᠰ ᠮᠦᠨᠴᠤ᠌ ᠬᠢᠵᠢᠭ᠎ᠤᠨ ᠪᠠᠢᠳᠠᠯ᠎ᠢ ᠰᠡᠷᠭᠡᠢᠯᠡᠨ
ᠡᠵᠡᠮᠳᠡᠬᠦ᠌᠎ᠶ᠋ᠢ ᠲᠡᠷᠢᠬᠦᠨ ᠴᠢᠬᠤᠯᠠ ᠶᠠᠪᠤᠳᠠᠯ ᠪᠤᠯᠭᠠᠵᠦ᠍ ᠪᠠᠢᠭ᠎ᠠ ᠪᠦᠭᠡᠳ ᠪᠤᠯᠪᠠᠰᠤᠨ
ᠵᠢᠭᠤᠯᠴᠢᠯᠠᠯ᠎ᠢ ᠲᠤᠩ ᠡᠷᠬᠢᠮᠯᠡᠵᠦ᠍ ᠡᠬᠢᠯᠡᠭ᠌ᠰᠡᠨ᠎ᠨᠢ ᠢᠯᠡᠳᠳᠡ ᠪᠠᠢᠪᠠ᠃
ᠬᠠᠬᠢᠷ ᠡᠪᠦᠯ ᠬᠠᠢᠯ᠎ᠤᠨ ᠤᠰᠤᠨ᠎ᠳᠤ ᠤᠶᠠᠰᠤᠭᠠᠳ ᠬᠠᠪᠤᠷ᠎ᠲᠤ
ᠬᠦᠭᠡᠭᠡᠭ᠌ᠳᠡᠳᠡᠭ ᠱᠢᠭ᠎ᠢᠶᠠᠷ᠂ ᠬᠢᠵᠢᠭ᠎ᠤᠨ ᠪᠠᠢᠳᠠᠯ ᠮᠠᠨ᠎ᠤ ᠤᠷᠤᠨ᠎ᠳᠤ ᠨᠢᠭᠡᠨᠳᠡ
ᠨᠠᠮᠳᠠᠵᠦ᠍᠂ ᠡᠪᠦᠯ᠎ᠢ ᠤᠷᠤᠴᠠᠨ᠎ᠳᠠᠭᠠᠨ ᠦᠩᠭᠡᠷᠡᠬᠦᠯᠵᠦ᠍᠂ ᠬᠠᠪᠤᠷ᠎ᠢᠶᠠᠨ
ᠤᠭ᠍ᠳᠤᠭ᠍ᠰᠠᠨ ᠬᠦᠮᠦᠰ ᠵᠢᠭᠤᠯᠴᠢᠯᠠᠬᠤ ᠬᠦᠰᠡᠯ᠎ᠲᠡᠭᠡᠨ ᠲᠠᠳᠠᠭ᠍ᠳᠠᠨ ᠲᠤᠷᠠᠳᠠᠢ
ᠵᠦᠭ᠎ᠢᠶᠠᠨ ᠲᠡᠮᠡᠦᠯᠵᠡᠭᠡᠨ᠎ᠡ᠃
    ᠡᠬᠦᠨ᠎ᠢ ᠲᠠᠭᠠᠯᠳᠤᠭᠠᠳ ᠮᠠᠨ᠎ᠤ ᠤᠷᠤᠨ᠎ᠤ ᠵᠢᠭᠤᠯᠴᠢᠯᠠᠯ᠎ᠤᠨ ᠦᠢᠯᠡᠰ
ᠴᠤ᠌ ᠤᠤᠯ᠎ᠤᠨ᠎ᠢᠶᠠᠨ ᠱᠢᠬ ᠬᠦᠭ᠌ᠵᠢᠬᠦᠨ ᠪᠠᠳᠠᠷᠠᠭᠤᠨ ᠪᠤᠯᠬᠤ᠎ᠨᠢ ᠯᠠᠪᠳᠠᠢ᠃





ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号