— 《5•1》 ᠤ ᠲᠡᠯᠡᠬᠡᠢ᠎ᠶ᠋ᠢᠨ ᠬᠦᠳᠡᠯᠮᠦᠷᠢᠴᠢᠳ᠎ᠤᠨ ᠪᠠᠶᠠᠷ᠎ᠤᠨ ᠡᠳᠦᠷ᠎ᠲᠤ ᠵᠤᠷᠢᠭᠤᠯᠪᠠ
ᠡᠭᠡᠯ ᠬᠦᠳᠡᠯᠮᠦᠷᠢᠴᠢᠳ ᠡᠩ ᠶᠢᠷᠳᠢᠨᠴᠤ᠎ᠶ᠋ᠢ ᠪᠦᠲᠦᠭᠡᠪᠡ᠃ ᠡᠭᠡᠱᠢᠭ ᠲᠠᠭᠤᠤ᠂ ᠦᠭᠡ ᠱᠢᠯᠦᠭ᠂ ᠡᠳ᠋ ᠦᠯᠦᠭ᠂ ᠡᠷᠬᠢᠮᠰᠦᠭ ᠤᠷᠳᠤ᠂ ᠠᠦᠭᠡ ᠲᠡᠦᠭᠡ ᠁ ᠡᠭᠡᠯ ᠬᠦᠳᠡᠯᠮᠦᠷᠢᠴᠢᠳ᠎ᠤᠨ ᠠᠷᠢᠭᠤᠨ ᠬᠦᠳᠡᠯᠮᠦᠷᠢ᠎ᠪᠠᠷ ᠴᠤᠬ᠍ᠴᠠᠯᠠᠭ᠍ᠳᠠᠭ᠍ᠰᠠᠭᠠᠷ᠃ ᠬᠦᠳᠡᠯᠮᠦᠷᠢ ᠬᠦᠮᠦᠨ᠎ᠢ ᠪᠦᠲᠦᠭᠡᠵᠦ᠍᠂ ᠬᠦᠳᠡᠯᠮᠦᠷᠢᠴᠢᠳ ᠪᠤᠯᠪᠠᠰᠤᠨ᠎ᠢ ᠡᠬᠦᠳᠪᠡ᠃ ᠬᠦᠳᠡᠯᠮᠦᠷᠢᠴᠢᠳ ᠬᠢᠬᠦ᠌ ᠦᠭᠡᠢ ᠪᠡᠷᠭᠡ ᠠᠵᠦ᠍ ᠪᠠᠢᠬᠤ ᠦᠭᠡᠢ᠂ ᠨᠦᠷᠢᠬᠦ᠌ ᠦᠭᠡᠢ ᠬᠠᠳᠠᠭᠤ ᠤᠷᠤᠰᠭᠠᠯ ᠪᠠᠢᠬᠤ ᠦᠭᠡᠢ᠃ ᠦᠶ᠎ᠡ᠎ᠶ᠋ᠢᠨ ᠦᠶ᠎ᠡ᠎ᠶ᠋ᠢᠨ ᠦᠷᠢᠰᠦᠯᠳᠦᠭᠡᠨ᠎ᠢ ᠢᠯᠠᠨ ᠲᠠᠪᠠᠳᠠᠭ ᠪᠤᠯᠬᠤᠷ ᠬᠦᠳᠡᠯᠮᠦᠷᠢᠴᠢᠳ ᠬᠦᠮᠦᠨ᠎ᠤ ᠤᠷᠴᠢᠯᠠᠩ᠎ᠤᠨ ᠪᠠᠭᠠᠳᠤᠳ ᠪᠤᠶᠤ᠃
ᠠᠷᠤᠭ ᠡᠬᠦᠷᠦᠭ᠌ᠰᠡᠨ ᠮᠠᠯᠴᠢᠨ ᠪᠦᠰᠡᠬᠦᠢ᠂ ᠠᠨᠵᠢᠰᠤ ᠪᠠᠷᠢᠭ᠍ᠰᠠᠨ ᠲᠠᠷᠢᠶᠠᠴᠢᠨ ᠡᠷ᠎ᠡ᠂ ᠠᠰᠠᠷ ᠪᠤᠰᠭᠠᠭ᠍ᠰᠠᠨ ᠠᠵᠢᠯᠴᠢᠨ ᠵᠠᠯᠠᠭᠤ ᠁ ᠦᠯ ᠬᠤᠭᠤᠯᠠ᠂ ᠦᠶᠦᠭ ᠲᠤᠯᠠᠭᠠᠨ᠂ ᠦᠩᠭᠡ ᠭᠠᠯᠪᠢᠷ᠎ᠤᠨ ᠪᠦᠷᠢᠯᠸ᠎ᠠ; ᠡᠰᠡᠷᠸ᠎ᠠ ᠲᠡᠭ᠌ᠷᠢ᠎ᠶ᠋ᠢᠨ ᠰᠠᠨᠰᠠᠷᠴᠢᠨ᠂ ᠡᠭᠡ ᠤᠷᠤᠨ᠎ᠤ ᠬᠢᠯᠢᠴᠢᠨ᠂ ᠡᠮᠨᠡᠯᠭᠡ᠎ᠶ᠋ᠢᠨ ᠬᠤᠷᠢᠶ᠎ᠠ᠎ᠶ᠋ᠢᠨ ᠰᠤᠪᠢᠯᠠᠭ᠍ᠴᠢ ᠁ ᠡᠩᠭᠡ ᠲᠠᠢᠪᠤᠩ᠂ ᠡᠰᠡᠨ ᠮᠡᠨᠳᠤ᠂ ᠡᠷᠭᠡ ᠵᠢᠷᠭᠠᠯ᠎ᠤᠨ ᠰᠠᠬᠢᠶ᠎ᠠ; ᠬᠦᠮᠦᠰᠭᠡ᠎ᠪᠠᠨ ᠴᠠᠢᠷᠠᠭᠤᠯᠤᠭ᠍ᠰᠠᠨ ᠬᠦᠨᠳᠤᠳᠤ ᠪᠠᠭ᠍ᠰᠢ᠂ ᠬᠦᠯᠦᠰᠦ᠎ᠪᠠᠨ ᠠᠰᠭᠠᠷᠠᠭᠤᠯᠤᠭ᠍ᠰᠠᠨ ᠬᠦᠴᠤᠳᠤ ᠲᠠᠮᠢᠷᠴᠢᠨ᠂ ᠲᠠᠷᠢᠬᠢ᠎ᠪᠠᠨ ᠱᠢᠪᠬᠠᠭ᠍ᠰᠠᠨ ᠱᠢᠨᠵᠢᠯᠡᠬᠦ᠌ ᠤᠬᠠᠭᠠᠨᠳᠠᠨ ᠁ ᠤᠶᠤᠨ ᠮᠡᠳᠡᠯᠭᠡ᠂ ᠦᠷᠨᠢᠯ ᠬᠦᠭ᠌ᠵᠢᠯ᠂ ᠤᠬᠠᠭᠠᠨ ᠲᠠᠮᠢᠷ᠎ᠤᠨ ᠡᠯᠴᠢᠳ᠃
ᠬᠦᠳᠡᠯᠮᠦᠷᠢ᠎ᠳᠤ ᠡᠷᠬᠢᠮ ᠲᠡᠭᠡᠳᠤ ᠭᠡᠵᠦ᠍ ᠪᠠᠢᠳᠠᠭ ᠦᠭᠡᠢ᠂ ᠬᠦᠳᠡᠯᠮᠦᠷᠢᠴᠢᠳᠢ ᠠᠭᠤᠤ ᠡᠭᠡᠯ ᠭᠡᠵᠦ᠍ ᠬᠤᠪᠢᠶᠠᠳᠠᠭ ᠴᠤ᠌ ᠦᠭᠡᠢ᠃ ᠬᠤᠪᠢᠳᠠᠭ᠍ᠰᠠᠨ ᠠᠵᠢᠯ᠂ ᠬᠢᠭ᠌ᠰᠡᠨ ᠦᠢᠯᠡᠰ᠎ᠤᠨ᠎ᠢᠶᠠᠨ ᠲᠦᠯᠦᠭᠡ ᠵᠢᠳᠬᠦᠳᠡᠭ ᠬᠦᠳᠡᠯᠮᠦᠷᠢᠴᠢᠳ ᠭᠡᠷᠡᠯᠳᠤ ᠨᠠᠷᠠᠨ᠎ᠠᠴᠠ ᠢᠯᠴᠢᠳᠡᠢ᠂ ᠭᠡᠭᠡᠨ ᠰᠠᠷᠠᠨ᠎ᠠᠴᠠ ᠦᠩᠭᠡᠳᠡᠢ᠃

ᠬᠢᠨᠭ᠌ᠭᠠᠨ ᠠᠳᠠᠷ ᠬᠠᠭᠠᠯᠪᠦᠷᠢᠯᠠᠯᠳᠠ᠎ᠶ᠋ᠢᠨ ᠪᠦᠯᠦᠭ᠌ᠯᠠᠯ᠎ᠤᠨ ᠰᠤᠯᠤᠨ ᠮᠠᠯᠵᠢᠯ᠎ᠤᠨ ᠲᠠᠯᠠᠪᠠᠢ᠎ᠶ᠋ᠢᠨ ᠲᠠᠷᠢᠶᠠᠯᠠᠩ᠎ᠤᠨ ᠱᠢᠨᠵᠢᠯᠠᠬᠦ᠌ ᠤᠬᠠᠭᠠᠨ ᠲᠧᠭ᠌ᠨᠢᠡ ᠮᠡᠷᠬᠡᠵᠢᠯ᠎ᠤᠨ ᠵᠢᠱ᠌ᠢᠶ᠎ᠠ ᠦᠵᠡᠬᠦᠯᠬᠦ᠌ ᠬᠦᠷᠢᠶᠡᠯᠡᠩ ᠲᠤᠭᠤᠷᠢᠭ᠎ᠤᠨ ᠲᠤᠯᠠᠭᠠᠨ ᠬᠦᠯᠡᠮᠵᠢᠨ᠎ᠳᠤ ᠠᠵᠢᠯᠴᠢᠳ ᠲᠦᠪᠡᠳ ᠬᠠᠰᠢ᠎ᠶ᠋ᠢᠨ ᠵᠢᠶᠠᠰᠠ ᠪᠤᠰᠭᠠᠨ ᠶᠠᠭᠠᠷᠠᠨ᠎ᠠ᠃ (ᠬᠡᠱᠢᠭ᠌ᠪᠦᠶᠠᠨ ᠰᠡᠬᠦᠳᠡᠷᠯᠡᠪᠠ)

ᠪᠠᠷᠠᠭᠤᠨ ᠦᠵᠤᠮᠤᠴᠢᠨ ᠬᠤᠱᠢᠭᠤᠨ᠎ᠳᠠᠬᠢ ᠵᠢᠩ ᠨᠸᠡᠭ ᠱᠢᠯᠢ᠎ᠶ᠋ᠢᠨ ᠭᠤᠤᠯ᠎ᠤᠨ ᠴᠠᠭᠢᠯᠭᠠᠨ ᠭᠠᠷᠭᠠᠬᠤ ᠬᠢᠵᠠᠭᠠᠷᠳᠤ ᠺᠤᠮᠫᠠᠨᠢ ᠡᠨᠡ ᠵᠢᠯ᠎ᠤᠨ ᠲᠦᠷᠦᠬᠦᠦ ᠤᠯᠠᠷᠢᠯ᠎ᠳᠤ 12 ᠳ᠋ᠦᠡᠭ᠌ᠰᠢᠭᠤᠷ ᠭᠷᠠᠳᠦ᠋ᠰ ᠴᠠᠬᠢᠯᠭᠠᠨ ᠭᠠᠷᠭᠠᠵᠠᠢ᠃ ᠵᠢᠷᠤᠭ ᠪᠤᠯ ᠺᠤᠮᠫᠠᠨᠢ᠎ᠶ᠋ᠢᠨ ᠠᠵᠢᠯᠳᠠᠨ ᠴᠠᠬᠢᠯᠭᠠᠨ ᠭᠠᠷᠭᠠᠬᠤ ᠮᠠᠱᠢᠨ ᠴᠤᠭ᠍ᠴᠠᠯᠠᠪᠤᠷᠢ᠎ᠶ᠋ᠢᠨ ᠡᠵᠡᠮᠳᠡᠯ᠎ᠤᠨ ᠲᠠᠰᠤᠭ᠎ᠲᠤ ᠬᠠᠮᠢᠶ᠎ᠠ ᠪᠦᠬᠦᠢ ᠲᠤᠭ᠎ᠠ ᠪᠠᠷᠢᠮᠳᠠ᠎ᠶ᠋ᠢ ᠨᠠᠷᠢᠯᠢᠭ ᠬᠢᠨᠠᠨ ᠡᠵᠡᠮᠳᠡᠵᠦ᠍ ᠪᠠᠢᠭ᠎ᠠ᠎ᠨᠢ᠃ (ᠪᠢᠯᠢᠭ᠌ᠪᠡᠭᠠᠳᠤᠷ ᠰᠡᠬᠦᠳᠡᠷᠯᠠᠪᠠ)

ᠪᠠᠶᠠᠨᠨᠠᠭᠤᠷ ᠬᠤᠲᠠ᠎ᠶ᠋ᠢᠨ ᠮᠣᠩᠭᠤᠯ ᠡᠮᠨᠡᠯᠭᠡ᠎ᠶ᠋ᠢᠨ ᠬᠤᠷᠢᠶᠠᠨ᠎ᠤ ᠳᠣᠲᠣᠷ ᠡᠮᠨᠡᠯᠭᠡ᠎ᠶ᠋ᠢᠨ ᠰᠠᠯᠠᠭᠠᠨ᠎ᠤ ᠡᠷᠬᠢᠯᠡᠭ᠌ᠴᠢ ᠭᠡᠷᠡᠯᠪᠠᠭᠠᠲᠤᠷ ᠡᠮᠴᠢ ᠤᠳᠠᠯ ᠦᠭᠡᠢ ᠡᠪᠡᠤᠨᠴᠢᠳᠡᠨ᠎ᠳᠤ ᠰᠤᠳᠠᠯ ᠪᠠᠷᠢᠵᠤ ᠥᠭ᠌ᠭᠦᠨ ᠤᠳᠠᠯ ᠦᠭᠡᠢ ᠺᠣᠮᠫᠢᠦ᠋ᠲ᠋ᠧᠷ ᠳᠡᠭᠡᠷ᠎ᠡ᠎ᠪᠠᠨ ᠠᠵᠢᠯ᠎ᠢᠶᠠᠨ ᠭᠦᠢᠴᠡᠳᠭᠡᠵᠦ᠍ ᠲᠣᠯᠣᠭᠠᠢ ᠥᠨᠳᠡᠢᠯ ᠦᠭᠡᠢ ᠶᠠᠭᠠᠷᠠᠨ᠎ᠠ᠃ ᠵᠢᠷᠤᠭ ᠪᠤᠯ ᠭᠡᠷᠡᠯᠪᠠᠭᠠᠲᠤᠷ ᠡᠮᠴᠢ ᠰᠤᠳᠠᠯ ᠪᠠᠷᠢᠵᠦ᠍ ᠪᠠᠢᠭ᠎ᠠ᠎ᠨᠢ᠃ (ᠲᠡᠭᠦᠰᠪᠢᠯᠢᠭ ᠰᠡᠭᠦᠳᠡᠷᠯᠡᠪᠡ)

ᠲᠥᠩᠯᠢᠶᠤᠤ ᠬᠤᠲᠠ᠎ᠶ᠋ᠢᠨ ᠮᠤᠩᠭᠤᠯ ᠳᠤᠮᠳᠠᠳᠤ ᠰᠤᠷᠭᠠᠭᠤᠯᠢ ᠳᠡᠭᠦᠰᠭᠦ ᠠᠩᠬᠢ᠎ᠠᠴᠠ ᠪᠤᠰᠤᠳ᠎ᠢ ᠱᠢᠨ᠎ᠡ ᠬᠤᠭᠤᠴᠠᠭᠠᠨ᠎ᠤ ᠰᠤᠷᠭᠠᠭᠤᠯᠢ ᠡᠬᠢᠯᠡᠬᠦ᠌᠎ᠶ᠋ᠢ ᠬᠤᠢᠱᠢᠯᠡᠭᠤᠯᠤᠬ᠍ᠰᠠᠨ ᠴᠥ᠍ ᠰᠥᠯᠵᠢᠶᠠᠨ ᠳᠡᠭᠡᠷ᠎ᠡ ᠬᠢᠴᠢᠶᠠᠯ ᠤᠷᠤᠬᠤ᠎ᠶ᠋ᠢ ᠪᠠᠷᠢᠮᠳᠠᠯᠠᠨ ᠰᠤᠷᠤᠬ᠍ᠴᠢᠳ᠎ᠤᠨ ᠬᠢᠴᠢᠶᠡᠯ ᠰᠤᠷᠤᠯᠴᠠᠯᠭ᠎ᠠ᠎ᠶ᠋ᠢ ᠬᠠᠷᠱᠢᠯᠠᠭ᠍ᠰᠠᠨ ᠥᠭᠡᠢ᠃ ᠵᠢᠷᠤᠬ ᠪᠤᠯ ᠲᠤᠰ ᠰᠤᠷᠭᠠᠭᠤᠯᠢ᠎ᠶ᠋ᠢᠨ ᠠᠯᠳᠠᠷᠳᠤ ᠪᠠᠭ᠍ᠰᠢ ᠭᠡᠷ᠎ᠲᠡᠭᠡᠨ ᠰᠥᠯᠵᠢᠶᠠᠨ ᠳᠡᠭᠡᠷ᠎ᠡ ᠬᠢᠴᠢᠶᠠᠯ ᠤᠷᠤᠵᠤ ᠪᠠᠢᠭ᠎ᠠ᠎ᠨᠢ᠃ (ᠪᠤᠤ ᠴᠢᠩ ᠱᠧᠩ ᠰᠡᠭᠦᠳᠡᠷᠯᠡᠪᠡ)

ᠴᠠᠬᠠᠷ ᠪᠠᠷᠠᠭᠤᠨ ᠭᠠᠷᠤᠨ ᠡᠮᠦᠨᠠᠲᠤ ᠬᠤᠱᠢᠭᠤᠨ᠎ᠤ ᠮᠸᠢ ᠬᠦᠢ ᠶᠢᠩ ᠪᠠᠯᠭᠠᠰᠤᠨ᠎ᠤ ᠫᠠᠨᠭ᠌ ᠵᠢᠶᠠ ᠲᠤᠰᠭᠤᠨ᠎ᠤ ᠠᠷᠠᠳ ᠵᠢᠶᠠ ᠵᠠᠨ ᠶᠤᠸᠠᠨ᠎ᠤ ᠨᠢᠳᠤᠨᠤᠨ᠎ᠤ ᠤᠷᠤᠯᠭ᠎ᠠ᠎ᠨᠢ 10 ᠲᠦᠮᠡ ᠭᠠᠷᠤᠢ ᠲᠦᠭᠦᠷᠢᠭ᠎ᠲᠤ ᠬᠦᠷᠴᠤ᠌᠂ ᠶᠠᠳᠠᠭᠤ ᠡᠷᠤᠬᠡ ᠪᠠᠢᠭ᠍ᠰᠠᠨ᠎ᠠᠴᠠ᠎ᠪᠠᠨ ᠪᠠᠶᠠᠨ ᠡᠷᠤᠬᠡ ᠪᠤᠯᠵᠤ᠂ ᠡᠨᠡ ᠵᠢᠯ 3.5 ᠲᠦᠮᠡᠨ ᠲᠦᠭᠦᠷᠢᠭ ᠵᠠᠷᠤᠴᠠᠭᠤᠯᠤᠨ ᠱᠢᠨ᠎ᠠ ᠲᠷᠠᠺᠲ᠋ᠤᠷ ᠬᠤᠳᠠᠯᠳᠤᠨ ᠠᠪᠤᠭ᠍ᠰᠠᠨ ᠪᠠᠢᠨ᠎ᠠ᠃ (ᠬᠠᠢ ᠵᠢᠶᠦ᠋ᠨ ᠰᠡᠭᠦᠳᠡᠷᠯᠡᠪᠡ)

ᠲᠥᠩᠯᠢᠶᠤᠤ ᠬᠤᠲᠠ᠎ᠶ᠋ᠢᠨ ᠤᠢ ᠱᠢᠭᠤᠢ᠎ᠶ᠋ᠢᠨ ᠱᠢᠨᠵᠢᠯᠠᠬᠦ᠌ ᠤᠬᠠᠭᠠᠨ᠎ᠤ ᠰᠤᠳᠤᠯᠭᠠᠨ᠎ᠤ ᠬᠥᠷᠢᠶᠡᠯᠡᠩ᠎ᠤᠨ ᠮᠠᠷᠭᠡᠵᠢᠯᠳᠡᠨ ᠬᠠᠨ ᠮᠢᠩ ᠬᠠᠢ ᠢᠨᠵᠧᠨᠧᠷ ᠬᠤᠷᠴᠢᠨ ᠵᠡᠭᠦᠨ ᠭᠠᠷᠤᠨ ᠳᠤᠮᠳᠠᠳᠤ ᠬᠤᠱᠢᠭᠤᠨ᠎ᠤ ᠬᠤᠧᠠᠬᠤᠱᠢᠭᠤ ᠰᠤᠮᠤ᠎ᠶ᠋ᠢᠨ ᠬᠠᠬ᠎ᠤᠨ ᠰᠥᠮ᠎ᠡ ᠭᠠᠴᠠᠭᠠᠨ᠎ᠳᠤ ᠥᠢᠵᠢᠭᠤᠯᠤᠯᠲᠠ ᠬᠢᠵᠤ ᠪᠠᠢᠭ᠎ᠠ᠎ᠨᠢ᠃ (ᠪᠤᠤ ᠴᠢᠩ ᠱᠧᠩ ᠰᠡᠭᠦᠳᠡᠷᠯᠡᠪᠡ)

ᠣᠳᠤᠬ᠎ᠤᠨ ᠡᠮᠣᠨᠠᠳᠣ ᠬᠤᠱᠢᠭᠤᠨ᠎ᠤ ᠠᠷᠠᠳ᠎ᠤᠨ ᠡᠮᠨᠡᠯᠬᠡ᠎ᠶ᠋ᠢᠨ ᠬᠤᠷᠢᠶᠠᠨ᠎ᠤ ᠨᠠᠮ᠎ᠤᠨ ᠡᠬᠦᠷ᠎ᠤᠨ ᠱᠥᠵᠢ᠂ ᠬᠤᠷᠢᠶᠠᠨ ᠲᠠᠷᠤᠭ᠎ᠠ ᠵᠥ᠍ ᠱᠢᠣᠢ ᠯᠢ ᠬᠥᠳᠡᠭᠡ ᠳᠣᠰᠭᠤᠨ᠎ᠤ ᠠᠢᠯ ᠡᠷᠣᠬᠡ᠎ᠪᠠᠷ ᠬᠥᠨᠵᠡᠬᠡᠢᠷᠠᠵᠣ᠂ ᠵᠢᠵᠢᠭ ᠡᠮ᠎ᠤᠨ ᠬᠠᠢᠷᠴᠠᠬᠤᠨ ᠡᠮ᠎ᠢ ᠶᠠᠭᠠᠬᠢᠵᠣ ᠬᠡᠷᠡᠭ᠌ᠯᠡᠬᠦ᠌᠎ᠶ᠋ᠢ ᠲᠠᠢᠯᠪᠤᠷᠢᠯᠠᠨ ᠥᠭ᠌ᠴᠥ ᠪᠠᠢᠭ᠎ᠠ᠎ᠨᠢ᠃ (ᠡᠷᠳᠡᠨᠢᠵᠢᠷᠭᠠᠯ ᠰᠡᠭᠦᠳᠡᠷᠯᠡᠪᠡ)

ᠪᠠᠭᠠᠷᠢᠨ ᠪᠠᠷᠠᠭᠤᠨ ᠬᠤᠱᠢᠭᠤᠨ᠎ᠤ ᠳ᠋ᠠᠪᠠᠨ ᠪᠠᠯᠭᠠᠰᠤᠨ᠎ᠤ ᠬᠤᠷᠴᠢᠨ ᠭᠠᠴᠠᠭ᠎ᠠ᠎ᠶ᠋ᠢᠨ ᠮᠠᠯᠴᠢᠨ ᠲᠤᠶᠠᠭ᠎ᠠ ᠮᠠᠯ ᠬᠤᠨᠢ᠎ᠪᠠᠨ ᠳᠤᠳᠤᠮᠳᠠᠵᠤ ᠶᠠᠭᠠᠷᠠᠨ᠎ᠠ᠃ (ᠸᠠᠩ ᠲᠠᠨ᠎ᠠ ᠰᠡᠬᠦᠳᠡᠷᠯᠠᠪᠠ)