ᠨᠢᠩᠴᠧᠩ ᠱᠢᠶᠠᠨ 《ᠰᠦᠯᠵᠢᠶᠡᠨ ᠳᠡᠭᠡᠷᠡᠬᠢ + ᠪᠤᠳᠠᠳᠤ ᠴᠤᠬᠴᠠ》 ᠵᠢ ᠤᠶᠠᠯᠳᠤᠭᠤᠯᠤᠨ ᠨᠢᠩᠴᠸᠩ ᠠᠯᠮᠤᠷᠠᠳ᠎ᠤᠨ ᠪᠤᠷᠤᠯᠠᠭᠤᠯᠭ᠎ᠠ ᠵᠢᠨ ᠵᠠᠮ᠎ᠢ ᠦᠷᠭᠡᠳᠭᠡᠵᠦ ᠪᠤᠢ
2025-02-12 15:07:30
ᠵᠣᠬᠢᠶᠠᠭ᠍ᠴᠢ᠄
ᠸᠠᠩ ᠲᠠᠨ᠎ᠠ
ᠣᠩᠱᠢᠭ᠍ᠰᠠᠨ ᠣᠳᠠᠭ᠎ᠠ᠄
★★★☆☆

ᠤᠢᠷ᠎ᠠ ᠵᠢᠨ ᠡᠳᠦᠷ᠂ ᠤᠯᠠᠭᠠᠨᠬᠠᠳᠠ ᠎ᠶ᠋ᠢᠨ ᠢᠦᠶ ᠷᠦᠨ ᠲᠠᠷᠢᠶᠠᠯᠠᠩ᠎ᠤᠨ ᠪᠦᠲᠦᠭᠡᠭ᠌ᠳᠡᠬᠦᠨ᠎ᠢ ᠪᠥᠭᠡᠮ᠎ᠢᠶᠠᠷ ᠪᠤᠷᠤᠯᠠᠭᠤᠯᠬᠤ ᠵᠠᠬ᠎ᠠ ᠳᠡᠯᠭᠡᠭᠦᠷ ᠲᠤ᠌《ᠨᠢᠩᠴᠧᠩ ᠠᠯᠮᠤᠷᠠᠳ᠎ᠢ ᠠᠮᠳᠠᠯᠠᠬᠤᠢ· ᠵᠢᠮᠢᠰ ᠤ᠋ᠨ ᠦᠨᠦᠷ ᠲᠠᠢ ᠠᠮᠢᠳᠤᠷᠠᠯ》 ᠭᠡᠬᠦ ᠭᠤᠤᠯ ᠰᠡᠳᠦᠪᠲᠤ ᠨᠢᠩᠴᠧᠩ ᠠᠯᠮᠤᠷᠠᠳ ᠢ᠋ ᠲᠠᠨᠢᠯᠴᠠᠭᠤᠯᠵᠤ ᠪᠣᠷᠣᠯᠠᠭᠤᠯᠬᠤ ᠠᠵᠢᠯᠯᠠᠭ᠎ᠠ ᠶᠠᠪᠤᠭᠳᠠᠵᠤ ᠪᠤᠢ᠃ 《ᠨᠢᠩᠴᠧᠩ ᠠᠯᠮᠤᠷᠠᠳ ᠬᠦᠴᠢᠯᠯᠢᠭ ᠪᠦᠭᠡᠳ ᠱᠢᠬᠢᠷᠯᠢᠭ᠂ ᠤᠰᠤᠯᠢᠬ ᠠᠮᠳᠠᠳᠠᠢ᠂ ᠥᠩᠭᠡᠷᠡᠭ᠌ᠰᠡᠨ᠎ᠳᠤ ᠵᠢᠩᠬᠢᠨᠢ ᠨᠢᠩᠴᠧᠩ ᠠᠯᠮᠤᠷᠠᠳ ᠠᠪᠬᠤ ᠪᠠᠷ ᠬᠡᠳᠦᠨ ᠠᠷᠪᠠᠨ ᠺᠢᠯᠣᠮᠧᠲᠷ ᠎ᠤᠨ ᠵᠠᠢᠳᠠᠢ ᠨᠢᠩᠴᠧᠩ᠎ᠳᠤ ᠬᠦᠷᠴᠦ ᠲᠡᠭᠦᠵᠦ ᠪᠠᠢᠵᠠᠢ᠂ ᠤᠳᠤ ᠱᠢᠭᠤᠳ ᠪᠣᠷᠣᠯᠠᠭᠤᠯᠬᠤ ᠭᠠᠵᠠᠷ᠎ᠲᠠᠢ ᠪᠣᠯᠤᠭᠰᠠᠨ ᠡᠴᠡ ᠭᠡᠷ᠎ᠤᠨ ᠵᠢᠡᠨ ᠬᠠᠪᠢ ᠡᠴᠡ ᠨᠢᠩᠴᠧᠩ ᠠᠯᠮᠤᠷᠠᠳ᠎ᠢ ᠬᠤᠳᠠᠯᠳᠤᠨ ᠠᠪᠴᠤ᠌ ᠲᠡᠢᠯᠬᠦ ᠪᠤᠯᠵᠠᠢ》 ᠬᠡᠵᠤ ᠤᠯᠠᠭᠠᠨᠬᠠᠳᠠ ᠬᠣᠲᠠ᠎ᠶ᠋ᠢᠨ ᠠᠷᠠᠳ ᠾᠸ ᠱᠢᠦ ᠴᠢᠨ ᠬᠡᠯᠡᠨ᠎ᠠ᠃

ᠬᠤᠳᠠ ᠵᠢᠨ ᠠᠷᠠᠳ ᠤ᠋ᠳ ᠨᠢᠡᠭᠴᠸᠡᠭ ᠠᠯᠮᠤᠷᠠᠳ ᠢ᠋ ᠲᠡᠷᠬᠡ ᠲᠦᠬᠦᠷᠳᠡᠯ᠎ᠠ ᠲᠡᠬᠡᠬᠡᠵᠤ ᠠᠪᠠᠴᠢᠵᠤ ᠪᠠᠢᠬᠤ ᠵᠢ ᠬᠠᠷᠠᠭᠠᠳ᠂ ᠤᠯᠠᠭᠠᠨᠬᠠᠳᠠ ᠬᠤᠲᠠ᠎ᠶ᠋ᠢᠨ ᠮᠢᠨ ᠱᠦᠸᠧ ᠤᠢ ᠵᠢᠮᠢᠰ᠎ᠤᠨ ᠲᠤᠰᠭᠠᠶ ᠬᠤᠷᠱᠢᠶᠠᠨ᠎ᠤ ᠬᠡᠷᠡᠭ ᠡᠷᠬᠢᠯᠡᠭ᠌ᠴᠢᠳ᠎ᠤᠨ ᠳᠠᠷᠤᠭ᠎ᠠ ᠭᠤᠸᠠᠨ ᠶᠤᠸᠠᠢ ᠬᠠᠢ᠄《ᠪᠢᠳᠡ ᠣᠳᠣ ᠶᠠᠭ ᠨᠢᠩᠴᠧᠩ ᠠᠯᠮᠤᠷᠠᠳ᠎ᠤᠨ ᠪᠥᠬᠦ᠌ ᠤᠯᠤᠰ᠎ᠤᠨ ᠱᠢᠶᠠᠨ᠎ᠤ ᠬᠡᠪᠴᠢᠶᠡᠨ᠎ᠤ ᠣᠷᠣᠯᠠᠨ ᠪᠤᠷᠤᠯᠠᠭᠤᠯᠤᠭᠴᠢ ᠵᠢᠨ ᠡᠷᠬᠡ ᠵᠢ ᠤᠯᠬᠤ ᠪᠡᠷ ᠭᠤᠶᠤᠴᠢᠯᠠᠵᠤ ᠪᠤᠢ᠂ ᠲᠤᠬᠠᠢ ᠵᠢᠨ ᠦᠶ᠎ᠡ ᠳ᠋ᠤ ᠰᠦᠯᠵᠢᠶᠡᠨ ᠲᠠᠪᠴᠠᠩ ᠎ᠢ ᠠᠱᠢᠭ᠍ᠯᠠᠨ ᠤᠬᠠᠭᠤᠯᠵᠤ᠂ ᠠᠯᠬᠤᠮ ᠠᠯᠬᠤᠮ᠎ᠢᠶᠠᠷ ᠨᠢᠩᠴᠧᠩ ᠠᠯᠮᠤᠷᠠᠳ᠎ᠢ ᠪᠥᠬᠦ᠌ ᠤᠯᠤᠰ᠎ᠲᠤ ᠪᠤᠷᠤᠯᠠᠭᠤᠯᠤᠨ᠎ᠠ》 ᠭᠡᠵᠦ᠍ ᠢᠳᠡᠬᠡᠯ ᠲᠡᠬᠦᠯᠳᠡᠷ ᠬᠡᠯᠡᠵᠤ ᠪᠠᠢᠯ᠎ᠠ᠃

ᠨᠢᠩᠴᠧᠩ ᠱᠢᠶᠠᠨ᠎ᠤ ᠠᠭᠤᠷ ᠠᠮᠢᠰᠭᠤᠯ ᠳᠤᠯᠠᠭᠠᠨ᠂ ᠨᠠᠷᠠᠨ᠎ᠤ ᠳᠤᠰᠤᠯᠲᠠ ᠭᠦᠢᠴᠡᠳ᠂ ᠡᠳᠦᠷ ᠰᠦᠨᠢ ᠎ᠶ᠋ᠢᠨ ᠳᠤᠯᠠᠭᠠᠨ ᠎ᠤ ᠵᠥᠷᠢᠶ᠎ᠡ ᠶᠡᠭᠡ ᠪᠤᠯᠬᠤᠷ ᠵᠢᠮᠢᠰ᠎ᠤᠨ ᠠᠵᠤ ᠦᠢᠯᠡᠰ᠎ᠢ ᠬᠥᠭ᠌ᠵᠢᠭᠦᠯᠬᠦ᠌ ᠳ᠋ᠤ ᠨᠡᠡᠭ ᠳᠤᠬᠢᠷᠠᠮᠵᠢᠳᠠᠢ᠃ ᠪᠠᠢᠭᠠᠯᠢ ᠎ᠶ᠋ᠢᠨ ᠭᠠᠵᠠᠷ ᠵᠦᠢ᠎ᠶ᠋ᠢᠨ ᠣᠷᠴᠢᠨ ᠲᠣᠭᠤᠷᠢᠨ᠎ᠤ ᠳᠠᠪᠠᠭᠤᠯᠢᠭ᠎ᠲᠤ ᠲᠦᠱᠢᠭ᠌ᠯᠡᠨ᠂ ᠨᠢᠩᠴᠧᠩ ᠱᠢᠶᠠᠨ ᠵᠢᠮᠢᠰ᠎ᠤᠨ ᠠᠵᠤ ᠦᠢᠯᠡᠰ᠎ᠢ ᠶᠡᠬᠡ ᠪᠡᠷ ᠬᠥᠭ᠌ᠵᠢᠭᠦᠯᠵᠦ᠍᠂ ᠲᠦᠷᠦᠯ ᠵᠦᠢᠯ᠎ᠢ ᠲᠣᠭ᠍ᠲᠠᠭᠠᠨ ᠪᠦᠲᠦᠴᠡ᠎ᠶ᠋ᠢ ᠱᠢᠯᠢᠳᠡᠭ᠌ᠵᠢᠭᠦᠯᠬᠦ᠂ ᠵᠠᠭ᠍ᠪᠤᠷ᠎ᠢ ᠡᠭᠦᠳᠦᠨ ᠬᠠᠮᠲᠤᠷᠠᠯᠴᠠᠬᠤ᠂ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠎ᠢ ᠬᠥᠭ᠌ᠵᠢᠭᠦᠯᠦᠨ ᠱᠢᠨ᠎ᠡ᠎ᠶ᠋ᠢ ᠡᠭᠦᠳᠬᠦ᠌ ᠎ᠶ᠋ᠢ ᠠᠬᠢᠭᠤᠯᠬᠤ᠂ ᠲᠦᠷᠦᠯ ᠲᠡᠮᠳᠡᠭ᠎ᠢ ᠡᠭᠦᠳᠬᠦ᠌ ᠵᠡᠷᠭᠡ ᠠᠷᠭ᠎ᠠ ᠬᠡᠮᠵᠢᠶ᠎ᠡ ᠠᠪᠴᠤ᠌᠂ ᠤᠮᠠᠷᠠᠲᠤ᠎ᠶ᠋ᠢᠨ ᠴᠢᠨᠠᠷ ᠰᠠᠢᠲᠠᠢ ᠵᠢᠮᠢᠰ᠎ᠤᠨ ᠤᠨᠴᠠᠯᠢᠭ᠍ᠳᠤ ᠲᠠᠷᠢᠶᠠᠯᠠᠩ᠎ᠤᠨ ᠪᠦᠲᠦᠭᠡᠭ᠌ᠳᠡᠬᠦᠨ᠎ᠢ ᠭᠠᠳᠠᠭ᠍ᠰᠢ ᠭᠠᠷᠭᠠᠬᠤ ᠰᠠᠭᠤᠷᠢᠨ᠎ᠢ ᠪᠦᠬᠦ᠌ ᠬᠦᠴᠦᠨ᠎ᠢᠶᠠᠷ ᠴᠣᠭ᠍ᠴᠠᠯᠠᠵᠤ ᠪᠤᠢ᠃

ᠨᠢᠩᠴᠧᠩ ᠱᠢᠶᠠᠨ 25 ᠲᠦᠮᠡᠨ ᠮᠤ᠌ ᠠᠵᠤ ᠠᠬᠤᠶ᠎ᠶ᠋ᠢᠨ ᠣᠶ ᠲᠠᠢ᠂ ᠡᠭᠦᠨ᠎ᠳᠤ ᠵᠢᠮᠢᠰ᠎ᠤᠨ ᠮᠤᠳᠤᠨ ᠤ᠋ ᠲᠠᠯᠠᠪᠠᠶ 9.5 ᠲᠦᠮᠡᠨ ᠮᠤ᠌ ᠪᠠᠢᠵᠤ᠂ ᠵᠢᠯ᠎ᠳᠤ ᠡᠯ᠎ᠡ ᠲᠥᠷᠥᠯ᠎ᠤᠨ ᠵᠢᠮᠢᠰ ᠤ᠋ᠨ ᠭᠠᠷᠤᠯᠳᠠ 16.8 ᠲᠦᠮᠡᠨ ᠲᠣᠨ᠎ᠳᠤ ᠬᠦᠷᠴᠦ᠂ 16 ᠪᠠᠯᠭᠠᠰᠤ ᠱᠢᠶᠠᠩ ᠵᠡᠭᠡᠯᠢ ᠭᠤᠳᠤᠮᠵᠢ᠂ 205 ᠵᠠᠰᠠᠭ ᠵᠠᠬᠢᠷᠭᠠᠨ᠎ᠤ ᠲᠣᠰᠭᠤᠨ᠎ᠢ ᠬᠠᠮᠤᠷᠴᠤ᠌ ᠪᠤᠢ᠂ ᠠᠵᠢᠯ ᠡᠷᠭᠢᠯᠡᠭ᠌ᠰᠡᠳ 9.8 ᠲᠦᠮᠡᠨ ᠬᠥᠮᠦᠨ ᠪᠠᠢᠵᠤ᠂ ᠵᠢᠯ᠎ᠤᠨ ᠦᠢᠯᠡᠳᠬᠦᠨ᠎ᠤ ᠥᠷᠲᠡᠭ ᠨᠢ 8.2 ᠳ᠋ᠦᠩᠱᠢᠭᠤᠷ ᠲᠥᠭᠦᠷᠢᠭ᠎ᠲᠤ ᠬᠦᠷᠴᠡᠶ᠃ ᠨᠢᠩᠴᠧᠩ ᠱᠢᠶᠠᠨ ᠤᠷᠢᠳ ᠬᠤᠵᠢᠳ《ᠪᠥᠬᠦ᠌ ᠤᠯᠤᠰ᠎ᠤᠨ ᠠᠵᠤ ᠠᠬᠤᠶ᠎ᠶ᠋ᠢᠨ ᠣᠶ᠎ᠶ᠋ᠢᠨ ᠪᠥᠲᠥᠭᠡᠨ ᠪᠠᠢᠭᠤᠯᠤᠯᠲᠠ᠎ᠶ᠋ᠢᠨ ᠵᠢᠱ᠌ᠢᠶ᠎ᠡ ᠦᠵᠡᠭᠦᠯᠬᠦ᠌ ᠱᠢᠶᠠᠨ》᠂ 《ᠪᠥᠬᠦ᠌ ᠤᠯᠤᠰ᠎ᠤᠨ ᠠᠵᠤ ᠠᠬᠤᠶ᠎ᠶ᠋ᠢᠨ ᠣᠶ᠎ᠶ᠋ᠢᠨ ᠪᠥᠲᠥᠭᠡᠨ ᠪᠠᠢᠭᠤᠯᠤᠯᠲᠠ᠎ᠶ᠋ᠢᠨ ᠲᠡᠷᠢᠭᠦᠨ᠎ᠤ ᠱᠢᠶᠠᠨ》᠂ 《ᠮᠧᠩ ᠹᠦ᠋ ᠠᠯᠮᠤᠷᠠᠳ᠎ᠤᠨ ᠪᠠᠷᠢᠮᠵᠢᠶᠠᠵᠢᠭᠤᠯᠤᠭ᠍ᠰᠠᠨ ᠵᠢᠱ᠌ᠢᠶ᠎ᠡ ᠦᠵᠡᠭᠦᠯᠬᠦ᠌ ᠣᠷᠣᠨ》 ᠵᠡᠷᠭᠡ ᠤᠯᠤᠰ᠎ᠤᠨ ᠲᠠᠰ᠎ᠤᠨ ᠢᠷᠠᠭᠤ ᠠᠯᠳᠠᠷ᠎ᠢ ᠭᠥᠷᠳᠡᠵᠠᠢ᠃

ᠪᠦᠲᠦᠭᠡᠭᠳᠡᠭᠦᠨ ᠰᠠᠢᠨ ᠪᠤᠯᠪᠠᠴᠤ ᠪᠤᠷᠤᠯᠠᠭᠤᠯᠬᠤ ᠵᠠᠮ ᠪᠠᠢᠬᠤ ᠬᠡᠷᠡᠭᠲᠡᠢ᠃ ᠲᠡᠭᠡᠪᠡᠯ ᠨᠢᠩᠴᠧᠩ ᠠᠯᠮᠤᠷᠠᠳ᠎ᠤᠨ ᠪᠤᠷᠤᠯᠠᠭᠤᠯᠭ᠎ᠠ᠎ᠶ᠋ᠢᠨ ᠬᠡᠯᠬᠢᠶ᠎ᠡ᠎ᠶ᠋ᠢ ᠬᠡᠷᠬᠢᠨ ᠨᠡᠪᠲᠡᠷᠡᠭᠦᠯᠬᠦ᠌ ᠪᠤᠢ?

ᠪᠣᠷᠣᠯᠠᠭᠤᠯᠬᠤ ᠵᠠᠮ᠎ᠢ ᠤᠯᠠᠮ ᠨᠢᠭᠡ ᠠᠯᠬᠤᠮ ᠥᠷᠭᠡᠳᠭᠡᠵᠦ᠍᠂ ᠪᠦᠲᠦᠭᠡᠭᠳᠡᠭᠦᠨ᠎ᠤ ᠨᠡᠮᠡᠯᠲᠡ ᠥᠷᠲᠡᠭ᠎ᠢ ᠳᠡᠭᠡᠭ᠌ᠰᠢᠯᠡᠭᠦᠯᠬᠦ᠌᠎ᠶ᠋ᠢᠨ ᠲᠥᠯᠥᠭᠡ᠂ ᠨᠢᠩᠴᠧᠩ ᠱᠢᠶᠠᠨ《ᠰᠦᠯᠵᠢᠶᠡᠨ ᠳᠡᠭᠡᠷᠡᠬᠢ ᠪᠠ ᠪᠤᠳᠠᠳᠤ ᠴᠤᠬᠴᠠ》 ᠵᠢᠨ ᠪᠣᠷᠣᠯᠠᠭᠤᠯᠭ᠎ᠠ᠎ᠶ᠋ᠢᠨ ᠱᠢᠨ᠎ᠡ ᠵᠠᠭ᠍ᠪᠤᠷ᠎ᠢ ᠬᠡᠷᠡᠭᠵᠢᠭᠦᠯᠪᠡ᠃ ᠡᠭᠦᠨ᠎ᠳᠤ ᠪᠤᠳᠠᠳᠤ ᠴᠤᠬᠴᠠ ᠵᠢᠨ ᠪᠣᠷᠣᠯᠠᠭᠤᠯᠭ᠎ᠠ᠎ᠶ᠋ᠢᠨ ᠲᠤᠰᠭᠠᠶ ᠲᠣᠭᠤᠷᠢᠭ ᠪᠠᠢᠭᠤᠯᠵᠤ᠂ ᠤᠯᠠᠭᠠᠨᠬᠠᠳᠠ᠎ᠶ᠋ᠢᠨ ᠢᠦᠶ ᠷᠦᠨ ᠵᠠᠬ᠎ᠠ ᠳᠡᠯᠭᠡᠭᠦᠷ᠂ ᠸᠧᠢ ᠳ᠋ᠦᠸᠧ ᠯᠢ᠂ ᠪᠠᠢ ᠯᠢᠦ ᠵᠡᠷᠭᠡ ᠬᠤᠳᠠᠯᠳᠤᠭᠠᠨ᠎ᠤ ᠬᠠᠮ ᠳᠡᠯᠭᠡᠭᠦᠷ ᠎ᠲᠠᠢ ᠵᠣᠯᠭᠠᠭᠤᠯᠤᠨ᠂ ᠨᠢᠩᠴᠧᠩ ᠠᠯᠮᠤᠷᠠᠳ᠎ᠤᠨ ᠪᠣᠷᠣᠯᠠᠭᠤᠯᠭ᠎ᠠ᠎ᠶ᠋ᠢᠨ ᠲᠤᠰᠭᠠᠶ ᠭᠠᠵᠠᠷ ᠭᠠᠷᠭᠠᠨ᠂ ᠵᠠᠭᠤᠴᠢᠯᠠᠭᠤᠷ᠎ᠤᠨ ᠤᠬᠠᠭᠤᠯᠭ᠎ᠠ ᠪᠠ ᠰᠦᠯᠵᠢᠶᠡᠨ ᠣᠳᠣᠳ ᠤ᠋ᠨ ᠳᠡᠯᠭᠡᠭᠦᠷ ᠳᠤᠭᠤᠷᠢᠵᠤ ᠤᠬᠠᠭᠤᠯᠬᠤ ᠵᠡᠷᠭᠡ ᠠᠷᠭ᠎ᠠ ᠬᠡᠯᠪᠡᠷᠢ᠎ᠪᠠᠷ ᠳᠠᠮᠵᠢᠭᠤᠯᠤᠨ ᠬᠡᠷᠡᠭᠯᠡᠭᠴᠢ ᠪᠠ ᠰᠦᠯᠵᠢᠶᠠᠨ ᠠᠨᠳᠠ ᠵᠢᠨ ᠠᠡᠭᠬᠠᠷᠤᠯ ᠢ᠋ ᠲᠠᠳᠠᠵᠤ᠂ ᠲᠦᠷᠦᠯ ᠲᠡᠮᠳᠡᠭ᠌᠎ᠤᠨ ᠠᠯᠳᠠᠷᠱᠢᠯ᠎ᠢ ᠲᠠᠰᠤᠷᠠᠯᠲᠠ ᠥᠬᠡᠶ ᠳᠡᠭᠡᠭ᠌ᠰᠢᠯᠡᠭᠦᠯᠪᠡ; ᠰᠦᠯᠵᠢᠶᠡᠨ ᠳᠡᠭᠡᠷᠡᠬᠢ ᠪᠣᠷᠣᠯᠠᠭᠤᠯᠭ᠎ᠠ᠎ᠶ᠋ᠢᠨ ᠠᠷᠭ᠎ᠠ ᠵᠠᠮ᠎ᠢ ᠨᠡᠪᠲᠡᠷᠡᠭᠦᠯᠵᠦ᠍᠂ ᠡᠯᠧᠺᠲᠷᠣᠨ ᠬᠤᠳᠠᠯᠳᠤᠭᠠᠨ᠎ᠤ ᠶᠠᠪᠤᠳᠠᠯ᠎ᠢ ᠬᠥᠳᠡᠭᠡ ᠲᠣᠰᠭᠤᠨ᠎ᠳᠤ ᠣᠷᠣᠭᠤᠯᠬᠤ ᠶᠡᠷᠦᠩᠬᠡᠢᠯᠡᠭ᠌ᠰᠡᠨ ᠵᠢᠱ᠌ᠢᠶ᠎ᠡ ᠦᠵᠡᠭᠦᠯᠬᠦ᠌ ᠠᠵᠢᠯ᠎ᠢᠶᠠᠷ ᠰᠠᠭᠤᠷᠢ ᠪᠣᠯᠭᠠᠵᠤ᠂ ᠪᠤᠰᠢᠭᠤ ᠭᠠᠷ᠂ ᠴᠤᠤᠷᠢᠶ᠎ᠠ ᠵᠡᠷᠭᠡ ᠱᠢᠨ᠎ᠡ ᠵᠠᠭᠤᠴᠢᠯᠠᠭᠤᠷ᠎ᠤᠨ ᠲᠠᠪᠴᠠᠩ ᠤ᠋ᠨ ᠱᠢᠭᠤᠳ ᠨᠡᠪᠲᠡᠷᠡᠭᠦᠯᠭᠡ᠎ᠪᠠᠷ ᠪᠠᠷᠠᠭ᠎ᠠ ᠬᠤᠳᠠᠯᠳᠤᠵᠤ᠂ ᠰᠠᠢᠨ ᠪᠦᠲᠦᠭᠡᠭᠳᠡᠭᠦᠨ ᠢ᠋ ᠳᠤᠬᠢᠷᠠᠮᠵᠢᠳᠠᠢ ᠬᠠᠡᠭᠰᠢ ᠪᠠᠷ ᠬᠤᠳᠠᠯᠳᠤᠬᠤ ᠵᠢ ᠠᠬᠢᠭᠤᠯᠪᠠ᠃

ᠲᠡᠬᠡᠷ᠎ᠠ ᠬᠤᠷᠤᠭ᠎ᠠ ᠪᠠᠯᠭᠠᠰᠤᠨ᠎ᠤ᠋ ᠨᠠᠷᠠᠰᠤᠳᠠᠢ ᠲᠣᠰᠭᠣᠨ᠎ᠤ᠋ ᠠᠯᠮᠤᠷᠠᠳ᠎ᠤ᠋ᠨ ᠲᠤᠰᠭᠠᠢ ᠬᠤᠷᠰᠢᠶᠠᠨ᠎ᠤ ᠡᠨᠡ ᠵᠢᠯ᠎ᠤᠨ 《ᠰᠠᠨ ᠯᠢᠩ ᠱᠠᠨ》 ᠲᠡᠮᠳᠡᠭ᠌ᠲᠦ ᠠᠯᠮᠤᠷᠠᠳ᠎ᠤ᠋ᠨ ᠶᠡᠷᠦᠩᠬᠡᠢ ᠭᠠᠷᠤᠯᠲᠠ ᠨᠢ ᠨᠢᠳᠤᠨᠤᠨ᠎ᠤ᠋ ᠬᠢ᠎ᠡᠴᠡ 10% ᠣᠷᠴᠢᠮ ᠨᠡᠮᠡᠭ᠌ᠳᠡᠵᠡᠢ᠃ ᠬᠤᠷᠱᠢᠶᠠᠨ᠎ᠤ ᠬᠡᠷᠡᠭ ᠡᠷᠬᠢᠯᠡᠭ᠌ᠴᠢᠳ᠎ᠤᠨ ᠳᠠᠷᠤᠭ᠎ᠠ ᠯᠢᠦ ᠶᠦᠨ ᠱᠢᠶᠠᠩ ᠪᠣᠷᠣᠯᠠᠭᠤᠯᠬᠤ ᠵᠠᠮ᠎ᠤᠨ ᠲᠥᠯᠥᠭᠡ ᠶᠡᠷᠦ᠍ ᠡᠴᠡ ᠰᠠᠨᠠᠭᠠᠱᠢᠷᠠᠵᠤ ᠥᠩᠭᠡᠷᠡᠭ᠌ᠰᠡᠨ ᠦᠭᠡᠢ᠃ ᠲᠡᠷᠡ᠄《ᠰᠦᠯᠵᠢᠶᠡᠨ ᠳᠡᠭᠡᠷᠡᠬᠢ ᠪᠣᠷᠣᠯᠠᠭᠤᠯᠭ᠎ᠠ᠎ᠶ᠋ᠢᠨ ᠵᠠᠮ᠎ᠢ ᠨᠡᠭᠡᠭᠡᠭ᠌ᠰᠡᠨ ᠡᠴᠡ ᠨᠠᠭᠠᠰᠢ ᠨᠢᠭᠡ ᠪᠦᠯᠦᠭ ᠰᠦᠯᠵᠢᠶᠡᠨ ᠤᠳᠤᠨ᠂ ᠡᠯᠧᠺᠲᠷᠣᠨ ᠬᠤᠳᠠᠯᠳᠤᠭᠠᠨ᠎ᠤ ᠴᠢᠳᠠᠪᠤᠷᠢᠳᠠᠨ ᠵᠢᠮᠢᠰ᠎ᠤᠨ ᠬᠦᠷᠢᠶᠡᠯᠡᠩ᠎ᠤᠨ ᠲᠠᠷᠢᠮᠠᠯ᠎ᠤᠨ ᠣᠷᠴᠢᠨ ᠲᠣᠭᠤᠷᠢᠨ ᠪᠠ ᠠᠯᠮᠤᠷᠠᠳ ᠲᠡᠬᠦᠬᠦ ᠶᠠᠪᠤᠴᠠ ᠵᠢ ᠴᠠᠭ ᠲᠤᠬᠠᠶ᠎ᠳᠤᠨᠢ ᠱᠢᠭᠤᠳ ᠨᠡᠪᠲᠡᠷᠡᠭᠦᠯᠬᠦ᠌ ᠪᠡᠷ ᠳᠠᠮᠵᠢᠭᠤᠯᠤᠨ᠂ ᠶᠡᠭᠡ ᠬᠡᠮᠵᠢᠶᠡᠨ᠎ᠤ ᠬᠡᠷᠡᠭ᠌ᠯᠡᠭ᠌ᠴᠢᠳ ᠪᠠ ᠰᠦᠯᠵᠢᠶᠠᠨ ᠠᠨᠳᠠ ᠵᠢ ᠲᠠᠲᠠᠵᠤ᠂ ᠵᠢᠮᠢᠰ᠎ᠤᠨ ᠬᠦᠷᠢᠶᠡᠯᠡᠩ᠎ᠤᠨ ᠠᠯᠮᠤᠷᠠᠳ᠎ᠤᠨ ᠶᠡᠬᠡᠩᠬᠢ ᠬᠡᠰᠡᠭ᠎ᠢ ᠨᠢᠭᠡᠨᠲᠡ ᠵᠠᠬᠢᠶᠠᠯᠠᠴᠢᠬᠠᠵᠠᠢ᠃ ᠡᠢᠮᠦ ᠪᠣᠷᠣᠯᠠᠭᠤᠯᠬᠤ ᠠᠷᠭ᠎ᠠ ᠮᠠᠶᠢᠭ᠎ᠨᠢ ᠠᠯᠮᠤᠷᠠᠳ᠎ᠤᠨ ᠦᠨ᠎ᠡ᠎ᠶ᠋ᠢ ᠳᠡᠭᠡᠭ᠌ᠰᠢᠯᠡᠭᠦᠯᠦᠭ᠌ᠰᠡᠨ᠎ᠢᠶᠠᠷ ᠪᠠᠷᠠᠬᠤ ᠥᠬᠡᠶ᠂ ᠭᠠᠵᠠᠷ ᠣᠷᠣᠨ᠎ᠤ ᠬᠢᠵᠠᠭᠠᠷᠯᠠᠯ᠎ᠢ ᠡᠪᠳᠡᠵᠦ᠍᠂ ᠨᠠᠩ ᠣᠯᠠᠨ ᠬᠥᠮᠦᠨ᠎ᠳᠤ ᠨᠢᠩᠴᠧᠩ ᠠᠯᠮᠤᠷᠠᠳ᠎ᠢ ᠠᠮᠲᠠᠯᠠᠭᠤᠯᠵᠠᠢ》 ᠬᠡᠵᠤ ᠬᠡᠯᠡᠨ᠎ᠠ᠃

ᠰᠦᠯᠵᠢᠶᠡᠨ ᠳᠡᠭᠡᠷᠡᠬᠢ ᠪᠠ ᠪᠤᠳᠠᠳᠤ ᠴᠤᠬᠴᠠ ᠵᠢᠨ ᠪᠤᠷᠤᠯᠠᠭᠤᠯᠭ᠎ᠠ ᠵᠢ ᠤᠶᠠᠯᠳᠤᠭᠤᠯᠵᠤ᠂ ᠨᠢᠡᠭᠴᠸᠡᠭ ᠠᠯᠮᠤᠷᠠᠳ᠎ᠤ᠋ᠨ ᠨᠡᠷ᠎ᠡ ᠭᠠᠷᠴᠠᠢ᠃ ᠡᠳᠦᠭᠡ ᠨᠢᠩᠴᠧᠩ ᠱᠢᠶᠠᠨ᠎ᠤ 6 ᠱᠢᠶᠠᠩ ᠪᠠᠯᠭᠠᠰᠤᠨ᠎ᠤ 12 ᠬᠤᠷᠱᠢᠶ᠎ᠠ ᠪᠠ ᠵᠢᠮᠢᠰ ᠤ᠋ᠨ ᠳᠤᠮᠤ ᠡᠷᠦᠬᠡ ᠵᠢᠨ ᠠᠯᠮᠤᠷᠠᠳ ᠤᠯᠠᠭᠠᠨᠬᠠᠳᠠ ᠬᠤᠲᠠ᠎ᠶ᠋ᠢᠨ ᠡᠯ᠎ᠡ ᠲᠣᠮᠣ ᠬᠤᠳᠠᠯᠳᠤᠭᠠᠨ᠎ᠤ ᠳᠡᠯᠭᠡᠭᠦᠷ᠎ᠲᠤ ᠤᠷᠤᠭᠠᠳ᠂ 10.15 ᠲᠣᠨ ᠪᠣᠷᠣᠯᠠᠭᠤᠯᠪᠠ᠃ ᠲᠡᠬᠡᠷ᠎ᠠ ᠬᠤᠷᠤᠭ᠎ᠠ᠂ ᠱᠢᠶᠣᠤ ᠴᠧᠩᠽᠢ᠂ ᠤᠬᠤᠷᠢ᠂ ᠪᠠᠶᠠᠰᠭᠤᠯᠠᠩ᠎ᠤᠨ ᠠᠢᠯ ᠵᠡᠷᠭᠡ 4 ᠱᠢᠶᠠᠩ ᠪᠠᠯᠭᠠᠰᠤ ᠨᠢᠭᠡᠨᠲᠡ 30 ᠰᠦᠯᠵᠢᠶᠡᠨ ᠤᠳᠤᠨ ᠲᠠᠢ ᠭᠡᠷ᠎ᠡ ᠲᠣᠭ᠍ᠲᠠᠵᠤ᠂ 62 ᠲᠠᠷᠢᠶᠠᠴᠢᠳ᠎ᠢ ᠪᠣᠯᠪᠠᠰᠤᠷᠠᠭᠤᠯᠵᠤ᠂ ᠰᠦᠯᠵᠢᠶᠡᠨ ᠳᠡᠭᠡᠷ᠎ᠡ 350 ᠲᠣᠨ ᠠᠯᠮᠤᠷᠠᠳ ᠪᠣᠷᠣᠯᠠᠭᠤᠯᠵᠤ᠂ ᠪᠣᠷᠣᠯᠠᠭᠤᠯᠭ᠎ᠠ᠎ᠶ᠋ᠢᠨ ᠬᠡᠮᠵᠢᠶ᠎ᠡ ᠨᠢ 370 ᠲᠦᠮᠡᠨ ᠲᠥᠭᠦᠷᠢᠭ᠎ᠲᠤ ᠬᠦᠷᠪᠡ᠃

《ᠪᠢᠳᠡ ᠨᠢᠩᠴᠧᠩ ᠠᠯᠮᠤᠷᠠᠳ᠎ᠤᠨ ᠳᠠᠷᠢᠬᠤ ᠬᠡᠪᠴᠢᠶ᠎ᠡ᠎ᠶ᠋ᠢ ᠦᠷᠭᠦᠯᠵᠢᠯᠡᠨ ᠥᠷᠭᠡᠳᠭᠡᠵᠦ᠍᠂ ᠶᠠᠰᠤ ᠴᠢᠨᠠᠷ᠎ᠢ ᠳᠡᠭᠡᠭ᠌ᠰᠢᠯᠡᠭᠦᠯᠦᠨ ᠦᠷ᠎ᠡ ᠠᠱᠢᠭ᠎ᠢ ᠨᠡᠮᠡᠭ᠌ᠳᠡᠭᠦᠯᠬᠦ᠌᠎ᠶ᠋ᠢᠨ ᠬᠠᠮᠲᠤ᠌᠂ ᠪᠦᠲᠦᠭᠡᠭᠳᠡᠭᠦᠨ᠎ᠤ ᠪᠣᠷᠣᠯᠠᠭᠤᠯᠭ᠎ᠠ᠎ᠶ᠋ᠢᠨ ᠠᠷᠭ᠎ᠠ ᠵᠠᠮ᠎ᠢ ᠥᠷᠭᠡᠳᠭᠡᠵᠦ᠍᠂  ᠵᠢᠮᠢᠰ ᠎ᠤᠨ ᠠᠵᠤ ᠦᠶ᠋ᠯᠡᠰ᠎ᠤᠨ ᠴᠢᠨᠠᠷ ᠰᠠᠢᠲᠠᠶ ᠬᠥᠭ᠌ᠵᠢᠯᠲᠡ᠎ᠶ᠋ᠢ ᠠᠬᠢᠭᠤᠯᠤᠨ᠎ᠠ》 ᠬᠡᠵᠤ ᠨᠢᠩᠴᠧᠩ ᠱᠢᠶᠠᠨ᠎ᠤ ᠣᠢ ᠱᠢᠭᠤᠢ ᠪᠠ ᠨᠤᠲᠤᠭ ᠪᠡᠯᠴᠢᠭᠡᠷ᠎ᠤᠨ ᠲᠣᠪᠴᠢᠶᠠᠨ᠎ᠤ ᠳᠡᠳ᠋ ᠳᠠᠷᠤᠭ᠎ᠠ ᠨᠢᠦ ᠸᠧᠨ ᠴᠢᠤᠸᠠᠨ ᠢᠯᠡᠷᠬᠡᠢᠯᠡᠵᠡᠢ᠃

ᠤᠯᠠᠮᠵᠢᠯᠠᠯᠲᠤ ᠵᠠᠬ᠎ᠠ ᠳᠡᠯᠭᠡᠭᠦᠷ᠎ᠤᠨ ᠲᠣᠭ᠍ᠲᠠᠭᠤᠨ ᠪᠣᠷᠣᠯᠠᠭᠤᠯᠭ᠎ᠠ ᠡᠴᠡ ᠰᠦᠯᠵᠢᠶᠡᠨ ᠳᠡᠭᠡᠷᠡᠬᠢ ᠡᠯᠧᠺᠲᠷᠣᠨ ᠬᠤᠳᠠᠯᠳᠤᠭᠠᠨ᠎ᠤ ᠲᠠᠪᠴᠠᠩ ᠬᠦᠷᠳᠡᠯ᠎ᠠ᠂ ᠨᠢᠩᠴᠧᠩ ᠠᠯᠮᠤᠷᠠᠳ᠎ᠤᠨ ᠪᠣᠷᠣᠯᠠᠭᠤᠯᠬᠤ ᠵᠠᠮ ᠤᠯᠠᠮ ᠥᠷᠭᠡᠵᠢᠨ᠂ ᠡᠯ᠎ᠡ ᠭᠠᠵᠠᠷ᠎ᠤᠨ ᠬᠡᠷᠡᠭ᠌ᠯᠡᠭ᠌ᠴᠢᠳ᠎ᠤᠨ ᠬᠦᠷᠢᠶᠡᠯᠡᠯ᠎ᠢ ᠣᠯᠵᠤ᠂ ᠪᠥᠬᠦ᠌ ᠤᠯᠤᠰ᠎ᠤᠨ ᠡᠯ᠎ᠡ ᠭᠠᠵᠠᠷ᠎ᠲᠤ ᠲᠠᠰᠤᠷᠠᠯᠲᠠ ᠥᠬᠡᠶ ᠪᠣᠷᠣᠯᠠᠭᠤᠯᠤᠭᠳᠠᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号