ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ ᠤ᠋ ᠵᠢᠷᠦᠬᠡᠨ ᠪᠠᠯᠭᠠᠰᠤᠨ ᠤ᠋ ᠤᠯᠠᠭᠠᠨᠲᠤᠭ ᠲᠣᠰᠭᠣᠨ ᠤ᠋ ᠲᠡᠵᠢᠭᠡᠪᠦᠷᠢ ᠵᠢᠨ ᠲᠠᠯᠠᠪᠠᠶ ᠵᠢ ᠭᠠᠳᠠᠭᠰᠢ ᠲᠦᠷᠢᠶᠠᠰᠤᠯᠡᠬᠦ ᠲᠥᠷᠥᠯ ᠵᠦᠶ᠋ᠯ ᠲᠦᠷᠦᠭᠦᠭᠡᠨ ᠥᠪᠥᠷ ᠮᠣᠩᠭᠣᠯ ᠤ᠋ᠨ ᠮᠠᠯᠵᠢᠬᠤ ᠲᠠᠷᠢᠶᠠᠯᠠᠬᠤ ᠣᠷᠣᠨ ᠤ᠋ ᠥᠮᠴᠢᠯᠡᠬᠦ᠌ ᠡᠷᠬᠡ ᠵᠢᠨ ᠰᠤᠯᠢᠯᠴᠠᠭᠠᠨ ᠤ᠋ ᠦᠶ᠋ᠯᠡᠴᠢᠯᠡᠭᠡᠨ ᠦ ᠲᠠᠪᠴᠠᠩ ᠲᠡᠭᠡᠷ᠎ᠠ ᠵᠢᠯ ᠪᠦᠷᠢ 3 ᠲᠦᠮᠡᠨ ᠲᠥᠭᠥᠷᠢᠭ ᠤ᠋ᠨ ᠦᠨ᠎ᠡ ᠬᠠᠩᠰᠢ ᠪᠡᠷ ᠤᠷᠤᠭ᠍ᠰᠢᠲᠠᠶ ᠠᠷᠠᠯᠵᠢᠶ᠎ᠠ ᠪᠦᠲᠦᠪᠡ᠂ ᠲᠤᠰ ᠠᠷᠠᠯᠵᠢᠶ᠎ᠠ ᠪᠦᠲᠦᠭᠰᠡᠨᠨᠢ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ ᠤ᠋ ᠬᠥᠳᠡᠭᠡ ᠲᠣᠰᠭᠣᠨ ᠤ᠋ ᠥᠮᠴᠢᠯᠡᠬᠦ᠌ ᠡᠷᠬᠡ ᠵᠢᠨ ᠰᠤᠯᠢᠯᠴᠠᠭᠠᠨ ᠤ᠋ ᠲᠥᠪ ᠤ᠋ᠨ ᠬᠥᠳᠡᠭᠡ ᠲᠣᠰᠭᠣᠨ ᠤ᠋ ᠬᠠᠮᠲᠤ ᠵᠢᠨ ᠡᠵᠡᠩᠨᠡᠯᠲᠡ ᠵᠢᠨ ᠴᠢᠨᠠᠷᠲᠠᠶ ᠡᠳ᠋ ᠬᠥᠷᠥᠩᠭᠡ ᠵᠢᠨ ᠰᠤᠯᠢᠯᠴᠠᠭᠠᠨ ᠤ᠋ ᠬᠤᠭᠤᠰᠤᠨ ᠢ᠋ ᠨᠦᠬᠦᠪᠦᠷᠢᠯᠡᠭᠰᠡᠨ ᠵᠢᠡᠷ ᠪᠠᠷᠠᠬᠤ ᠥᠬᠡᠶ᠂ ᠪᠠᠰᠠ ᠤᠯᠠᠭᠠᠨᠲᠤᠭ ᠲᠣᠰᠭᠣᠨ ᠤ᠋ ᠬᠠᠮᠲᠤ ᠵᠢᠨ ᠠᠵᠤ ᠠᠬᠤᠶ ᠵᠢᠨ ᠬᠥᠭ᠌ᠵᠢᠯᠲᠡᠳᠦ ᠱᠢᠨ᠎ᠡ ᠠᠮᠢᠵᠢᠷᠠᠯ ᠤ᠋ᠨ ᠬᠦᠴᠦᠨ ᠨᠡᠮᠡᠷᠢᠯᠡᠭ᠌ᠰᠡᠨ ᠪᠠᠢᠨ᠎ᠠ᠃
《ᠲᠠᠪᠴᠠᠩ ᠳᠡᠭᠡᠷ᠎ᠡ ᠢᠯᠡ ᠪᠡᠷ ᠰᠤᠯᠢᠯᠴᠠᠬᠤ ᠨᠢ ᠬᠠᠰᠢᠯᠠ ᠤᠨᠳᠤᠤ᠂ ᠡᠢᠮᠦ᠍ ᠤᠷᠤᠭ᠍ᠰᠢᠲᠠᠶ ᠪᠦᠭᠡᠳ ᠠᠮᠵᠢᠯᠲᠠᠲᠠᠶ ᠲᠦᠷᠢᠶᠡᠰᠦᠯᠡᠭᠦᠯᠦᠨᠡ ᠭᠡᠵᠤ ᠰᠠᠨᠠᠭᠠᠨ ᠳ᠋ᠤ ᠦᠭᠡᠢ ᠪᠠᠢᠭᠰᠠᠨ᠂ ᠲᠦᠷᠢᠶᠡᠰᠦᠨ ᠮᠥᠩᠭᠥ᠌ ᠨᠢ ᠴᠤ᠌ ᠤᠤᠯ ᠤ᠋ᠨ ᠬᠢ ᠡᠴᠡ ᠪᠡᠨ ᠪᠠᠭ᠎ᠠ ᠪᠤᠰᠤ ᠨᠡᠮᠡᠭ᠌ᠳᠡᠪᠡ》 ᠭᠡᠵᠤ ᠤᠯᠠᠭᠠᠨᠲᠤᠭ ᠲᠣᠰᠭᠣᠨ ᠤ᠋ ᠠᠷᠠᠳ ᠲᠣᠰᠭᠣᠨ ᠤ᠋ ᠬᠠᠮᠲᠤ ᠵᠢᠨ ᠲᠡᠵᠢᠭᠡᠪᠦᠷᠢ ᠵᠢᠨ ᠲᠠᠯᠠᠪᠠᠢ ᠶ᠋ᠢ ᠢᠯᠡ ᠪᠡᠷ ᠲᠦᠷᠢᠶᠡᠰᠦᠯᠠᠵᠦ ᠭᠠᠷᠭᠠᠭᠰᠠᠨ ᠢ᠋ ᠰᠣᠨᠣᠰᠤᠭᠠᠳ ᠲᠤᠢᠯ ᠤ᠋ᠨ ᠰᠡᠳᠭᠢᠯ ᠬᠠᠨᠤᠮᠵᠢᠲᠠᠢ ᠪᠠᠢᠪᠠ᠃
ᠪᠥᠬᠥ᠌ ᠤᠯᠤᠰ ᠤ᠋ᠨ ᠬᠥᠳᠡᠭᠡ ᠲᠣᠰᠭᠣᠨ ᠤ᠋ ᠥᠮᠴᠢᠯᠡᠬᠦ᠌ ᠡᠷᠬᠡ ᠶ᠋ᠢ ᠭᠦᠢᠯᠭᠡᠭᠡᠬᠦ ᠶ᠋ᠢ ᠵᠢᠷᠤᠮᠵᠢᠭᠤᠯᠬᠤ ᠱᠢᠶᠠᠨ ᠤ᠋ ᠱᠠᠲᠤᠨ ᠤ᠋ ᠲᠤᠷᠱᠢᠯᠲᠠ ᠵᠢᠨ ᠴᠡᠭ ᠪᠣᠯᠤᠭ᠍ᠰᠠᠨ ᠤ᠋ ᠬᠤᠪᠢ ᠳ᠋ᠤ᠂ ᠬᠥᠳᠡᠭᠡ ᠲᠣᠰᠭᠣᠨ ᠤ᠋ ᠭᠠᠵᠠᠷ ᠱᠢᠷᠣᠶ ᠵᠢᠨ ᠲᠦᠷᠢᠮ ᠤ᠋ᠨ ᠥᠭᠡᠷᠡᠴᠢᠯᠡᠯᠲᠡ ᠶ᠋ᠢ ᠤᠯᠠᠮ ᠭᠦᠨᠵᠡᠭᠡᠢᠷᠡᠭᠦᠯᠵᠦ᠍᠂ ᠮᠠᠯᠵᠢᠬᠤ ᠲᠠᠷᠢᠶᠠᠯᠠᠬᠤ ᠣᠷᠣᠨ ᠤ᠋ ᠡᠬᠢ ᠪᠠᠶᠠᠯᠢᠭ ᠢ᠋ ᠠᠰᠢᠭᠯᠠᠯᠲᠠ ᠳ᠋ᠤ ᠤᠷᠤᠭᠤᠯᠬᠤ ᠵᠢᠨ ᠲᠥᠯᠥᠭᠡ᠂ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤ ᠤᠯᠤᠰ ᠤ᠋ᠨ ᠥᠮᠴᠢᠯᠡᠯᠲᠦ ᠠᠵᠤ ᠠᠬᠤᠢᠯᠠᠯ ᠤ᠋ᠨ ᠲᠠᠪᠴᠠᠩ ᠢ᠋ ᠢᠳᠡᠪᠬᠢᠲᠡᠶ ᠰᠦᠪᠡᠭ᠌ᠴᠢᠯᠡᠨ ᠬᠡᠷᠡᠭ᠌ᠯᠡᠵᠦ᠍ ᠬᠥᠳᠡᠭᠡ ᠲᠣᠰᠭᠣᠨ ᠤ᠋ ᠥᠮᠴᠢᠯᠡᠬᠦ᠌ ᠡᠷᠬᠡ ᠵᠢᠨ ᠰᠤᠯᠢᠯᠴᠠᠭ᠎ᠠ ᠶ᠋ᠢ ᠵᠢᠷᠤᠮᠵᠢᠭᠤᠯᠬᠤ ᠪᠠᠢᠭᠤᠯᠤᠯᠲᠠ ᠶ᠋ᠢ ᠠᠬᠢᠭᠤᠯᠵᠤ ᠪᠠᠢᠨ᠎ᠠ᠃ ᠨᠢᠳᠤᠨᠤᠨ ᠤ᠋ 10 ᠰᠠᠷ᠎ᠠ ᠳ᠋ᠤ᠂ ᠥᠪᠥᠷ ᠮᠣᠩᠭᠣᠯ ᠤ᠋ᠨ ᠥᠮᠴᠢᠯᠡᠬᠦ᠌ ᠡᠷᠬᠡ ᠵᠢᠨ ᠰᠤᠯᠢᠯᠴᠠᠭᠠᠨ ᠤ᠋ ᠲᠥᠪ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ ᠤ᠋ ᠬᠥᠳᠡᠭᠡ ᠲᠣᠰᠭᠣᠨ ᠤ᠋ ᠥᠮᠴᠢᠯᠡᠬᠦ᠌ ᠡᠷᠬᠡ ᠵᠢᠨ ᠰᠤᠯᠢᠯᠴᠠᠭᠠᠨ ᠤ᠋ ᠲᠥᠪ ᠤ᠋ᠨ ᠬᠢᠵᠠᠭᠠᠷᠲᠤ ᠺᠣᠮᠫᠠᠨᠢᠲᠠᠶ ᠬᠠᠮᠲᠤᠷᠠᠨ ᠥᠪᠥᠷ ᠮᠣᠩᠭᠣᠯ ᠤ᠋ᠨ ᠮᠠᠯᠵᠢᠬᠤ ᠲᠠᠷᠢᠶᠠᠯᠠᠬᠤ ᠣᠷᠣᠨ ᠤ᠋ ᠥᠮᠴᠢᠯᠡᠬᠦ᠌ ᠡᠷᠬᠡ ᠵᠢᠨ ᠰᠤᠯᠢᠯᠴᠠᠭᠠᠨ ᠤ᠋ ᠦᠶ᠋ᠯᠡᠴᠢᠯᠡᠭᠡᠨᠦ ᠲᠠᠪᠴᠠᠩ ᠤ᠋ᠨ ᠬᠣᠱᠢᠭᠤ ᠱᠢᠶᠠᠨ ᠤ᠋ ᠱᠠᠲᠤᠨ ᠤ᠋ ᠦᠶ᠋ᠯᠡᠴᠢᠯᠡᠭᠡᠨᠦ ᠥᠷᠲᠡᠭᠡ ᠶ᠋ᠢ ᠪᠠᠢᠭᠤᠯᠵᠤ᠂ ᠣᠷᠣᠨ ᠨᠤᠲᠤᠭ ᠤ᠋ᠨ ᠬᠥᠳᠡᠭᠡ ᠲᠣᠰᠭᠣᠨ ᠤ᠋ ᠥᠮᠴᠢᠯᠡᠬᠦ᠌ ᠡᠷᠬᠡ ᠵᠢᠨ ᠰᠤᠯᠢᠯᠴᠠᠭᠠᠨ ᠤ᠋ ᠵᠠᠬ᠎ᠠ ᠳᠡᠯᠭᠡᠭᠦᠷ ᠢ᠋ ᠢᠳᠡᠪᠬᠢᠲᠡᠶ ᠪᠥᠲᠥᠭᠡᠨ ᠪᠠᠢᠭᠤᠯᠵᠤ᠂ ᠬᠥᠳᠡᠭᠡ ᠲᠣᠰᠭᠣᠨ ᠤ᠋ ᠬᠠᠮᠲᠤ ᠵᠢᠨ ᠡᠳ᠋ ᠬᠥᠷᠥᠩᠭᠡ ᠶ᠋ᠢ ᠵᠠᠬ᠎ᠠ ᠳᠡᠯᠭᠡᠭᠦᠷ ᠲᠤ᠌ ᠣᠷᠣᠭᠤᠯᠤᠨ ᠠᠷᠠᠯᠵᠢᠶᠠᠯᠠᠬᠤ ᠶ᠋ᠢ ᠥᠷᠭᠡᠳᠭᠡᠵᠦ᠍᠂ ᠲᠤᠬᠠᠶ ᠵᠢᠨ ᠭᠠᠵᠠᠷ ᠤ᠋ᠨ ᠬᠠᠮᠲᠤ ᠵᠢᠨ《ᠪᠠᠯᠠ ᠮᠥᠩᠭᠥ᠌ ᠡᠳ᠋ ᠬᠥᠷᠥᠩᠭᠡ ᠡᠬᠢ ᠪᠠᠶᠠᠯᠢᠭ》ᠲᠤ᠌ ᠦᠶ᠋ᠯᠡᠴᠢᠯᠡᠬᠦ᠌ ᠶ᠋ᠢ ᠢᠯᠡ ᠪᠣᠯᠭᠠᠵᠤ᠂ ᠵᠢᠷᠤᠮᠵᠢᠭᠤᠯᠤᠨ ᠬᠠᠮᠢᠶᠠᠷᠪᠠ᠃
《ᠪᠢᠳᠡ ᠡᠩ ᠲᠡᠷᠢᠭᠦᠨᠳᠦ ᠬᠢᠩᠭᠠᠨ ᠠᠢᠮᠠᠭᠲᠤ ᠬᠥᠳᠡᠭᠡ ᠲᠣᠰᠭᠣᠨ ᠤ᠋ ᠬᠠᠮᠲᠤ ᠵᠢᠨ ᠡᠵᠡᠩᠨᠡᠯᠲᠡ ᠵᠢᠨ ᠴᠢᠨᠠᠷᠲᠠᠶ ᠡᠳ᠋ ᠬᠥᠷᠥᠩᠭᠡ ᠶ᠋ᠢ ᠫᠠᠢᠰᠠ ᠡᠯᠭᠦᠨ ᠰᠤᠯᠢᠯᠴᠠᠬᠤ ᠶ᠋ᠢ ᠥᠷᠨᠢᠭᠦᠯᠵᠦ᠍ ᠂ ᠢᠯᠡ ᠪᠡᠷ ᠫᠠᠢᠰᠠ ᠡᠯᠭᠦᠬᠦ᠌᠂ ᠲᠥᠪ ᠭᠤᠤᠯᠴᠢ ᠪᠡᠷ ᠥᠷᠢᠰᠥᠯᠳᠦᠬᠦ᠌ ᠠᠷᠭ᠎ᠠ ᠬᠡᠯᠪᠡᠷᠢ ᠪᠡᠷ ᠳᠠᠮᠵᠢᠭᠤᠯᠤᠨ ᠰᠤᠯᠢᠯᠴᠠᠭᠠᠨ ᠤ᠋ ᠥᠪᠡᠷ ᠤ᠋ᠨ ᠥᠷᠲᠡᠭ ᠢ᠋ ᠪᠠᠭᠤᠷᠠᠭᠤᠯᠵᠤ᠂ ᠲᠣᠰᠭᠣᠨ ᠤ᠋ ᠬᠠᠮᠲᠤ ᠵᠢᠨ ᠡᠳ᠋ ᠬᠥᠷᠥᠩᠭᠡ ᠵᠢᠨ ᠠᠱᠢᠭ ᠣᠯᠵᠠᠪᠤᠷᠢ ᠪᠠ ᠠᠱᠢᠭ᠍ᠯᠠᠯᠲᠠ ᠵᠢᠨ ᠦᠷ᠎ᠡ ᠪᠦᠲᠦᠮᠵᠢ ᠶ᠋ᠢ ᠳᠡᠭᠡᠭ᠌ᠰᠢᠯᠡᠭᠦᠯᠤᠨ᠂ ᠲᠣᠰᠭᠣᠨ ᠤ᠋ ᠱᠠᠲᠤᠨ ᠤ᠋ ᠠᠵᠤ ᠠᠬᠤᠶ ᠵᠢᠨ ᠬᠡᠷᠡᠭ ᠶᠠᠪᠤᠳᠠᠯ ᠤ᠋ᠨ ᠱᠢᠶ᠋ᠳᠪᠦᠷᠢᠲᠦ ᠪᠣᠳᠣᠯᠭ᠎ᠠ ᠲᠣᠭ᠍ᠲᠠᠭᠠᠬᠤ ᠠᠵᠢᠯᠯᠠᠭ᠎ᠠ ᠶ᠋ᠢ ᠵᠢᠷᠤᠮᠵᠢᠭᠤᠯᠪᠠ 》 ᠭᠡᠵᠤ ᠥᠪᠡᠷᠲᠡᠭᠡᠨ ᠵᠠᠰᠠᠬᠤ ᠣᠷᠣᠨ ᠤ᠋ ᠥᠮᠴᠢᠯᠡᠬᠦ᠌ ᠡᠷᠬᠡ ᠵᠢᠨ ᠰᠣᠯᠢᠯᠴᠠᠭᠠᠨ ᠤ᠋ ᠲᠥᠪ ᠤ᠋ᠨ ᠬᠥᠳᠡᠭᠡ ᠲᠣᠰᠭᠣᠨ ᠤ᠋ ᠲᠠᠪᠴᠠᠩ ᠤ᠋ᠨ ᠬᠠᠷᠢᠭᠤᠴᠠᠯᠭᠠᠲᠠᠨ ᠭᠸ ᡁᠢ ᠬᠤᠢ ᠬᠡᠯᠡᠪᠡ᠃
ᠡᠨᠡ ᠵᠢᠯ ᠤ᠋ᠨ 9 ᠰᠠᠷ᠎ᠠ ᠳ᠋ᠤ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ ᠤ᠋ ᠬᠥᠳᠡᠭᠡ ᠲᠣᠰᠭᠣᠨ ᠤ᠋ ᠥᠮᠴᠢᠯᠡᠬᠦ᠌ ᠡᠷᠬᠡ ᠵᠢᠨ ᠰᠤᠯᠢᠯᠴᠠᠭᠠᠨ ᠤ᠋ ᠲᠥᠪ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠥᠮᠴᠢᠯᠡᠬᠦ᠌ ᠡᠷᠬᠡ ᠵᠢᠨ ᠰᠤᠯᠢᠯᠴᠠᠭᠠᠨ ᠤ᠋ ᠲᠥᠪ ᠤ᠋ᠨ ᠬᠥᠳᠡᠭᠡ ᠲᠣᠰᠭᠣᠨ ᠤ᠋ ᠥᠮᠴᠢᠯᠡᠬᠦ᠌ ᠡᠷᠬᠡ ᠵᠢᠨ ᠲᠠᠪᠴᠠᠩ᠂ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ ᠤ᠋ ᠮᠠᠯᠵᠢᠬᠤ ᠲᠠᠷᠢᠶᠠᠯᠠᠬᠤ ᠣᠷᠣᠨ ᠤ᠋ ᠬᠠᠮᠲᠤ ᠵᠢᠨ ᠠᠵᠤ ᠠᠬᠤᠶ ᠵᠢᠨ ᠦᠶ᠋ᠯᠡᠴᠢᠯᠡᠭᠡᠨᠦ ᠲᠥᠪ᠂ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ ᠤ᠋ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡ ᠪᠠ ᠲᠤᠭ᠎ᠠ ᠪᠠᠷᠢᠮᠲᠠ ᠵᠢᠨ ᠬᠠᠮᠢᠶᠠᠷᠤᠯᠲᠠ ᠵᠢᠨ ᠲᠤᠪᠴᠢᠶ᠎ᠡ ᠵᠢᠨ ᠲᠣᠮᠣ ᠳ᠋ᠠᠢᠲ᠋ᠠ ᠵᠢᠨ ᠲᠥᠪ ᠲᠣᠰ ᠲᠣᠰ ᠪᠠᠯᠠᠭᠲᠠᠢ ᠱᠢᠶᠠᠩ᠂ ᠴᠠᠷᠠᠰᠤᠨ ᠪᠠᠯᠭᠠᠰᠤ᠂ ᠭᠦᠢᠯᠡᠷ ᠪᠠᠯᠭᠠᠰᠤ᠂ ᠵᠢᠷᠦᠬᠡᠨ ᠪᠠᠯᠭᠠᠰᠤ ᠵᠡᠷᠭᠡ ᠱᠢᠶᠠᠩ ᠪᠠᠯᠭᠠᠰᠤᠨ ᠳ᠋ᠤ ᠳᠥᠷᠪᠡᠨ ᠲᠠᠯᠠᠪᠠᠶ ᠱᠢᠶᠠᠩ ᠪᠠᠯᠭᠠᠰᠤᠨ ᠤ᠋ ᠬᠥᠳᠡᠭᠡ ᠲᠣᠰᠭᠣᠨ ᠤ᠋ ᠬᠠᠮᠲᠤ ᠵᠢᠨ ᠡᠳ᠋ ᠬᠥᠷᠥᠩᠭᠡ ᠡᠬᠢ ᠪᠠᠶᠠᠯᠢᠭ ᠢ᠋ ᠠᠷᠠᠯᠵᠢᠶᠠᠯᠠᠬᠤ ᠪᠣᠯᠪᠠᠰᠤᠷᠠᠯ ᠥᠷᠨᠢᠭᠦᠯᠪᠡ᠃
《ᠡᠨᠡ ᠤᠳᠠᠭᠠᠨ ᠤ᠋ ᠪᠣᠯᠪᠠᠰᠤᠷᠠᠯ ᠵᠢᠡᠷ ᠳᠡᠮᠵᠢᠨ᠂ ᠮᠠᠨ ᠤ᠋ ᠲᠣᠰᠭᠣᠨ ᠤ᠋ ᠬᠠᠮᠲᠤ ᠵᠢᠨ ᠡᠳ᠋ ᠬᠥᠷᠥᠩᠭᠡ ᠡᠬᠢ ᠪᠠᠶᠠᠯᠢᠭ ᠤ᠋ᠨ ᠰᠤᠯᠢᠯᠴᠠᠭᠠᠨ ᠤ᠋ ᠬᠠᠮᠢᠶ᠎ᠠ ᠪᠥᠬᠥᠶ ᠠᠵᠢᠯᠲᠠᠨ᠂ ᠭᠠᠴᠠᠭ᠎ᠠ ᠲᠣᠰᠭᠣᠨ ᠤ᠋ ᠬᠣᠶᠠᠷ ᠵᠥᠪᠯᠡᠯ᠂ ᠬᠢᠨᠠᠯᠲᠠ ᠲᠠᠯᠪᠢᠭ᠍ᠴᠢ ᠵᠢᠨ ᠺᠤᠮᠢᠰ᠂ ᠲᠠᠩᠰᠠ ᠮᠡᠳᠡᠭᠦᠯᠦᠭ᠌ᠴᠢ ᠂ ᠬᠣᠷᠱᠢᠶᠠ᠂ ᠲᠠᠷᠢᠮᠠᠯ ᠤ᠋ᠨ ᠲᠣᠮᠣ ᠡᠷᠦᠬᠡ ᠵᠡᠷᠭᠡᠨᠢ ᠬᠥᠳᠡᠭᠡ ᠲᠣᠰᠭᠣᠨ ᠤ᠋ ᠬᠠᠮᠲᠤ ᠵᠢᠨ ᠡᠳ᠋ ᠬᠥᠷᠥᠩᠭᠡ ᠶ᠋ᠢ ᠵᠠᠬ᠎ᠠ ᠳᠡᠯᠭᠡᠭᠦᠷ ᠲᠤ᠌ ᠣᠷᠣᠭᠤᠯᠵᠤ ᠰᠤᠯᠢᠯᠴᠠᠬᠤ ᠲᠥᠷᠥ ᠵᠢᠨ ᠪᠣᠳᠣᠯᠭ᠎ᠠ᠂ ᠲᠤᠬᠠᠢᠯᠠᠭ᠍ᠰᠠᠨ ᠠᠵᠢᠯ ᠵᠢᠴᠢ ᠲᠣᠰᠭᠣᠨ ᠤ᠋ ᠱᠠᠲᠤᠨ ᠤ᠋ ᠠᠵᠤ ᠠᠬᠤᠶ ᠵᠢᠨ ᠵᠣᠬᠢᠶᠠᠨ ᠪᠠᠢᠭᠤᠯᠤᠯᠲᠠ ᠵᠢᠨ ᠬᠠᠮᠢᠶᠠᠷᠤᠯᠲᠠ ᠵᠢᠨ ᠶᠠᠪᠤᠴᠠ ᠳ᠋ᠤ ᠨᠠᠩ ᠭᠦᠨᠵᠡᠭᠡᠶ ᠲᠠᠨᠢᠯᠲᠠ ᠪᠠ ᠣᠢᠯᠠᠭᠠᠯᠲᠠᠲᠠᠶ ᠪᠣᠯᠵᠠᠶ 》 ᠭᠡᠵᠤ ᠪᠣᠯᠪᠠᠰᠤᠷᠠᠯ ᠳ᠋ᠤ ᠣᠷᠣᠯᠴᠠᠭ᠍ᠰᠠᠨ ᠴᠠᠷᠠᠰᠤᠨ ᠪᠠᠯᠭᠠᠰᠤᠨ ᠤ᠋ ᠴᠠᠷᠠᠰᠤᠨ ᠭᠠᠴᠠᠭᠠᠨ ᠤ᠋ ᠱᠦᠵᠢ ᠳ᠋ᠦᠩ ᠯᠢ ᠮᠢᠩ ᠤᠯᠤᠯᠲᠠ ᠪᠡᠨ ᠬᠤᠪᠢᠶᠠᠯᠴᠠᠨ᠎ᠠ᠃
ᠪᠣᠯᠪᠠᠰᠤᠷᠠᠯ ᠤ᠋ᠨ ᠳᠠᠷᠠᠭ᠎ᠠ᠂ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ ᠤ᠋ ᠬᠥᠳᠡᠭᠡ ᠲᠣᠰᠭᠣᠨ ᠤ᠋ ᠥᠮᠴᠢᠯᠡᠬᠦ᠌ ᠡᠷᠬᠡ ᠵᠢᠨ ᠰᠤᠯᠢᠯᠴᠠᠭᠠᠨ ᠤ᠋ ᠲᠥᠪ ᠡᠴᠡ ᠤᠢ᠍ᠢᠯᠠᠭᠠᠭ᠍ᠰᠠᠠᠵᠢᠡᠷ᠂ ᠵᠢᠷᠦᠬᠡᠨ ᠪᠠᠯᠭᠠᠰᠤ ᠵᠢᠨ ᠤᠯᠠᠭᠠᠨᠲᠤᠭ ᠲᠣᠰᠭᠣᠨ ᠤ᠋ ᠭᠤᠷᠪᠠᠳᠤᠭᠠᠷ ᠳᠤᠭᠤᠢᠯᠠᠩ ᠤ᠋ᠨ ᠬᠤᠳᠠ ᠲᠣᠭᠣᠷᠢᠭ᠍ᠰᠠᠨ ᠪᠠᠷᠠᠭᠤᠨ ᠵᠠᠮ ᠤ᠋ᠨ 300 ᠮᠸᠲᠷ ᠤ᠋ᠨ ᠵᠠᠢ ᠲᠠᠢ ᠲᠡᠵᠢᠭᠡᠪᠦᠷᠢ ᠵᠢᠨ ᠲᠠᠯᠠᠪᠠᠢ ᠨᠢᠭᠡᠨᠲᠡ ᠲᠦᠷᠢᠶᠡᠰᠦᠯᠡᠬᠦ᠌ ᠬᠠᠮᠤᠭᠤᠨ ᠰᠡᠭᠦᠯᠴᠢ ᠵᠢᠨ ᠬᠤᠭᠤᠴᠠᠭᠠᠨ ᠳ᠋ᠤ ᠣᠷᠣᠵᠤ᠂ ᠠᠵᠢᠯᠲᠠᠳ ᠲᠣᠰᠭᠣᠨ ᠤ᠋ ᠠᠷᠠᠳ ᠤ᠋ᠨ ᠵᠥᠪᠯᠡᠯ ᠤ᠋ᠨ ᠬᠠᠷᠢᠭᠤᠴᠠᠯᠭᠠᠲᠠᠨᠲᠠᠶ ᠰᠠᠨᠠᠭᠠᠴᠢᠯᠠᠭᠠᠠᠴᠠᠪᠠᠨ ᠬᠠᠷᠢᠯᠴᠠᠨ᠂ ᠬᠥᠳᠡᠭᠡ ᠲᠣᠰᠭᠣᠨ ᠤ᠋ ᠥᠮᠴᠢᠯᠡᠬᠦ᠌ ᠡᠷᠬᠡ ᠵᠢᠨ ᠰᠤᠯᠢᠯᠴᠠᠭᠠᠨ ᠤ᠋ ᠲᠠᠪᠴᠠᠩ ᠵᠢᠡᠷ ᠲᠠᠮᠵᠢᠨ ᠢᠯᠡ ᠪᠡᠷ ᠲᠦᠷᠢᠶᠡᠰᠦᠯᠡᠬᠦ᠌ ᠮᠡᠳᠡᠭᠡ ᠵᠠᠩᠭᠢ ᠨᠡᠢᠲᠡᠯᠡᠵᠦ᠍᠂ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ ᠤ᠋ ᠬᠥᠳᠡᠭᠡ ᠲᠣᠰᠭᠣᠨ ᠤ᠋ ᠥᠮᠴᠢᠯᠡᠬᠦ᠌ ᠡᠷᠬᠡ ᠵᠢᠨ ᠰᠤᠯᠢᠯᠴᠠᠭᠠᠨ ᠤ᠋ ᠲᠥᠪ ᠡᠴᠡ ᠰᠤᠯᠢᠯᠴᠠᠬᠤ ᠶ᠋ᠢ ᠵᠣᠬᠢᠶᠠᠨ ᠪᠠᠢᠭᠤᠯᠬᠤ ᠰᠠᠨᠠᠭᠤᠯᠭ᠎ᠠ ᠳᠤᠷᠠᠳᠴᠠᠢ᠃
《ᠤᠯᠠᠭᠠᠨᠲᠤᠭ ᠲᠣᠰᠭᠣᠨ ᠤ᠋ ᠠᠷᠠᠳ ᠤ᠋ᠨ ᠵᠥᠪᠯᠡᠯ ᠢᠳᠡᠪᠬᠢᠲᠡᠢ ᠴᠤᠤᠷᠢᠶᠠᠲᠤᠵᠤ᠂ ᠲᠠᠯᠠᠪᠤᠷᠲᠤ ᠣᠷᠣᠵᠤ ᠰᠤᠯᠢᠯᠴᠠᠬᠤ ᠭᠠᠷᠳᠠᠮ ᠢ᠋ ᠭᠦᠢᠴᠡᠳᠭᠡᠪᠡ᠃ ᠠᠷᠠᠯᠵᠢᠶ᠎ᠠ ᠪᠦᠲᠦᠭ᠌ᠰᠡᠨᠦ ᠳᠠᠷᠠᠭ᠎ᠠ᠂ ᠪᠢᠳᠡ ᠲᠦᠷᠢᠶᠡᠰᠦᠯᠡᠭ᠌ᠴᠢ ᠲᠠᠯ᠎ᠠ ᠵᠢᠨ ᠬᠢᠷᠢ ᠬᠡᠮ ᠢ᠋ ᠬᠢᠨᠠᠨ ᠬᠠᠷᠭᠤᠭᠤᠯᠵᠤ᠂ ᠠᠷᠠᠯᠵᠢᠶᠠᠨ ᠤ᠋ ᠭᠡᠷ᠎ᠡ ᠲᠣᠭ᠍ᠲᠠᠭᠠᠬᠤ ᠪᠥᠭᠡᠳ ᠬᠢᠨᠠᠨ ᠬᠠᠷᠭᠤᠭᠤᠯᠵᠤ ᠠᠷᠠᠯᠵᠢᠶᠠᠨ ᠤ᠋ ᠬᠣᠶᠠᠷ ᠲᠠᠯ᠎ᠠ ᠵᠢᠨ ᠲᠤᠬᠠᠶ ᠵᠢᠨ ᠲᠠᠯᠠᠪᠤᠷᠲᠤ ᠭᠡᠷ᠎ᠡ ᠲᠣᠭ᠍ᠲᠠᠬᠤ ᠶ᠋ᠢ ᠠᠬᠢᠭᠤᠯᠤᠨ᠎ᠠ᠃ ᠡᠨᠡ ᠤᠳᠠᠭᠠᠨ ᠤ᠋ ᠬᠥᠳᠡᠭᠡ ᠲᠣᠰᠭᠣᠨ ᠤ᠋ ᠬᠠᠮᠲᠤ ᠵᠢᠨ ᠡᠵᠡᠩᠨᠡᠯᠲᠡ ᠵᠢᠨ ᠴᠢᠨᠠᠷᠲᠠᠶ ᠡᠳ᠋ ᠬᠥᠷᠥᠩᠭᠡ ᠵᠢᠨ ᠠᠮᠵᠢᠯᠲᠠᠲᠠᠶ ᠰᠤᠯᠢᠯᠴᠠᠭᠠᠨᠢ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ ᠤ᠋ ᠬᠠᠮᠲᠤ ᠵᠢᠨ ᠡᠵᠡᠩᠨᠡᠯᠲᠡ ᠵᠢᠨ ᠴᠢᠨᠠᠷᠲᠠᠶ ᠡᠳ᠋ ᠬᠥᠷᠥᠩᠭᠡ ᠵᠢᠨ ᠵᠠᠬ᠎ᠠ ᠳᠡᠯᠭᠡᠭᠦᠷ ᠲᠤ᠌ ᠤᠷᠤᠬᠤ ᠳ᠋ᠤ ᠰᠠᠢᠨ ᠡᠬᠢᠯᠡᠯᠲᠡ ᠶ᠋ᠢ ᠨᠡᠭᠡᠭᠡᠭᠰᠡᠨ ᠵᠢᠡᠷ ᠪᠠᠷᠠᠬᠤ ᠦᠭᠡᠢ ᠮᠥᠨ ᠴᠤ᠌ ᠲᠣᠰ ᠬᠣᠱᠢᠭᠤᠨ ᠤ᠋ ᠪᠤᠰᠤᠳ ᠲᠠᠷᠢᠶᠠᠯᠠᠩ ᠮᠠᠯ ᠠᠵᠤ ᠠᠬᠤᠶ ᠵᠢᠨ ᠲᠥᠷᠥᠯ ᠤ᠋ᠨ ᠥᠮᠴᠢᠯᠡᠬᠦ᠌ ᠡᠷᠬᠡ ᠵᠢᠨ〈ᠲᠠᠪᠴᠠᠩ〉ᠳ᠋ᠤ ᠤᠷᠤᠬᠤ ᠶ᠋ᠢ ᠵᠢᠷᠤᠮᠵᠢᠭᠤᠯᠬᠤ ᠳ᠋ᠤ ᠬᠠᠭᠤᠯᠪᠤᠷᠢᠯᠠᠵᠤ ᠪᠣᠯᠬᠤ᠂ ᠳᠡᠯᠭᠡᠷᠡᠭᠦᠯᠵᠦ᠍ ᠪᠣᠯᠬᠤ ᠥᠯᠢᠭᠡᠷ ᠵᠠᠬᠪᠤᠷ ᠬᠠᠩᠭᠠᠭ᠍ᠰᠠᠨ ᠪᠠᠢᠨ᠎ᠠ》 ᠭᠡᠵᠤ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ ᠤ᠋ ᠵᠢᠷᠦᠬᠡᠨ ᠡᠵᠡᠩᠨᠡᠯᠲᠡ ᠬᠠᠮᠢᠶᠠᠷᠤᠯᠲᠠ ᠵᠢᠨ ᠥᠷᠲᠡᠭᠡᠨ᠎ᠦ ᠳᠠᠷᠤᠭ᠎ᠠ ᠴᠧᠨ ᠱᠢᠤᠢ ᠬᠡᠯᠡᠨ᠎ᠡ᠃
《ᠡᠢᠮᠦᠷᠬᠦᠦ ᠢᠯᠡ᠂ ᠵᠠᠬ᠎ᠠ ᠳᠡᠯᠭᠡᠭᠦᠷᠴᠢᠯᠡᠭ᠌ᠰᠡᠨ᠂ ᠵᠢᠷᠤᠮᠵᠢᠭ᠍ᠰᠠᠨ ᠬᠥᠳᠡᠭᠡ ᠲᠣᠰᠭᠣᠨ ᠤ᠋ ᠬᠠᠮᠲᠤ ᠵᠢᠨ ᠥᠮᠴᠢᠯᠡᠯ ᠤ᠋ᠨ ᠡᠷᠬᠡ ᠵᠢᠨ ᠰᠤᠯᠢᠯᠴᠠᠭ᠎ᠠ ᠪᠡᠷ ᠳᠠᠮᠵᠢᠭᠤᠯᠤᠨ᠂ ᠬᠥᠳᠡᠭᠡ ᠲᠣᠰᠭᠣᠨ ᠤ᠋〈ᠪᠠᠯᠠ ᠮᠥᠩᠭᠥ᠌ ᠡᠳ᠋ ᠬᠥᠷᠥᠩᠭᠡ ᠡᠬᠢ ᠪᠠᠶᠠᠯᠢᠭ〉ᠤ᠋ᠨ ᠰᠤᠯᠢᠯᠴᠠᠭᠠᠨ ᠤ᠋ ᠶᠠᠪᠤᠴᠠᠳᠠᠬᠢ ᠬᠥᠳᠡᠯᠦᠩᠭᠦᠶ ᠬᠤᠪᠢᠷᠠᠯᠲᠠ ᠶ᠋ᠢ ᠬᠠᠮᠢᠶᠠᠷᠤᠨ ᠡᠵᠡᠮᠳᠡᠵᠦ᠍᠂ ᠬᠥᠳᠡᠭᠡ ᠲᠣᠰᠭᠣᠨ ᠤ᠋〈ᠪᠠᠯᠠ ᠮᠥᠩᠭᠥ᠌ ᠡᠳ᠋ ᠬᠥᠷᠥᠩᠭᠡ ᠡᠬᠢ ᠪᠠᠶᠠᠯᠢᠭ〉 ᠤ᠋ᠨ ᠡᠬᠢ ᠡᠭᠦᠰᠦᠯ ᠡᠴᠡ ᠦᠵᠦᠭᠦᠷᠯᠢᠭ ᠬᠦᠷᠲᠡᠯᠡᠬᠢ ᠪᠢᠲᠡᠭᠦᠮᠵᠢᠯᠡᠭ᠌ᠰᠡᠨ ᠬᠢᠨᠠᠯᠲᠠ ᠬᠠᠮᠢᠶᠠᠷᠤᠯᠲᠠ ᠶ᠋ᠢ ᠪᠡᠶᠡᠯᠡᠭᠦᠯᠵᠦ᠍᠂ ᠡᠳ᠋ ᠬᠥᠷᠥᠩᠭᠡ ᠡᠬᠢ ᠪᠠᠶᠠᠯᠢᠭ ᠤ᠋ᠨ ᠠᠯᠳᠠᠭ᠍ᠳᠠᠬᠤ ᠥᠬᠡᠶ ᠪᠠᠢᠬᠤ ᠶ᠋ᠢ ᠦᠨᠡᠨ ᠬᠦ᠌ ᠪᠠᠲᠤᠯᠠᠬᠤ ᠵᠢᠨ ᠬᠠᠮᠲᠤ ᠥᠪᠥᠷ ᠮᠣᠩᠭᠣᠯ ᠤ᠋ᠨ ᠥᠮᠴᠢᠯᠡᠯ ᠤ᠋ᠨ ᠡᠷᠬᠡ ᠵᠢᠨ ᠰᠤᠯᠢᠯᠴᠠᠭᠠᠨ ᠤ᠋ ᠲᠥᠪ ᠭᠡᠬᠦ᠌ ᠪᠥᠬᠥ᠌ ᠤᠯᠤᠰᠲᠤ ᠬᠠᠨᠳᠤᠭᠤᠯᠤᠭ᠍ᠰᠠᠨ ᠪᠥᠬᠥ᠌ ᠡᠯᠧᠮᠧᠨ᠋ᠲ ᠤ᠋ᠨ ᠰᠤᠯᠢᠯᠴᠠᠭᠠᠨ ᠤ᠋ ᠲᠠᠪᠴᠠᠩ ᠵᠢᠡᠷ ᠳᠠᠮᠵᠢᠭᠤᠯᠤᠨ᠂ ᠲᠦᠷᠢᠮ ᠤ᠋ᠨ ᠬᠣᠭᠣᠰᠣᠨ ᠡᠷᠭᠢᠯᠲᠡ᠂ ᠭᠡᠷ᠎ᠡ ᠵᠢᠨ ᠬᠠᠮᠢᠶᠠᠷᠤᠯᠲᠠ ᠠᠯᠳᠠᠭ᠍ᠳᠠᠬᠤ᠂ ᠡᠯᠧᠮᠧᠨ᠋ᠲ ᠤ᠋ᠨ ᠡᠷᠭᠢᠯᠲᠡ ᠤᠳᠠᠭᠠᠱᠢᠷᠠᠬᠤ ᠵᠡᠷᠭᠡ ᠠᠰᠠᠭᠤᠳᠠᠯ ᠢ᠋ ᠪᠦᠲᠦᠮᠵᠢᠲᠡᠶ ᠱᠢᠶ᠋ᠳᠪᠦᠷᠢᠯᠡᠵᠦ᠍᠂ ᠲᠣᠰᠭᠣᠨ ᠤ᠋ ᠬᠠᠮᠲᠤ ᠵᠢᠨ ᠡᠳ᠋ ᠬᠥᠷᠥᠩᠭᠡ ᠵᠢᠨ ᠥᠷᠲᠡᠭ ᠢ᠋ ᠪᠠᠲᠤᠯᠠᠵᠤ ᠥᠷᠲᠡᠭ ᠢ᠋ ᠨᠡᠮᠡᠭ᠌ᠳᠡᠭᠦᠯᠬᠦ᠌ ᠶ᠋ᠢ ᠠᠬᠢᠭᠤᠯᠤᠭ᠍ᠰᠠᠨ ᠪᠠᠢᠨ᠎ᠠ᠃》 ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ ᠤ᠋ ᠬᠥᠳᠡᠭᠡ ᠲᠣᠰᠭᠣᠨ ᠤ᠋ ᠥᠮᠴᠢᠯᠡᠬᠦ᠌ ᠡᠷᠬᠡ ᠵᠢᠨ ᠰᠤᠯᠢᠯᠴᠠᠭᠠᠨ ᠤ᠋ ᠲᠥᠪ ᠤ᠋ᠨ ᠶᠡᠷᠦᠩᠬᠡᠶ ᠳᠠᠭᠠᠭᠠᠮᠠᠯ ᠵᠠᠩ ᠶᠣᠣ ᠢᠯᠡᠷᠭᠡᠢᠯᠡᠬᠦ ᠳ᠋ᠡᠭᠡᠨ᠂ ᠣᠳᠣᠬᠠᠨ ᠳ᠋ᠤ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ ᠤ᠋ ᠡᠯ᠎ᠡ ᠲᠣᠰᠭᠣᠨ ᠪᠠ ᠨᠡᠢᠭᠡᠮ ᠲᠣᠭᠣᠷᠢᠭ ᠤ᠋ᠨ ᠰᠤᠯᠠ ᠲᠠᠯᠪᠢᠭ᠍ᠳᠠᠵᠤ ᠪᠠᠢᠭ᠎ᠠ ᠵᠢᠴᠢ ᠬᠤᠭᠤᠴᠠᠭᠠᠨᠢ ᠲᠤᠯᠤᠭ᠍ᠰᠠᠨ ᠡᠳ᠋ ᠬᠥᠷᠥᠩᠭᠡ᠂ ᠡᠬᠢ ᠪᠠᠶᠠᠯᠢᠭ ᠢ᠋ ᠶᠠᠭ ᠵᠠᠯᠭᠠᠭ᠎ᠠ ᠪᠡᠷ ᠠᠵᠢᠯᠯᠠᠬᠤ ᠥᠷᠲᠡᠭᠡ ᠪᠡᠷ ᠳᠠᠮᠵᠢᠭᠤᠯᠤᠨ ᠠᠷᠠᠯᠵᠢᠶᠠᠴᠢᠨ ᠤᠷᠢᠵᠤ ᠪᠠᠢᠨ᠎ᠠ᠂ ᠡᠭᠦᠨᠳᠦ ᠤᠳᠠᠯ ᠥᠬᠡᠶ ᠰᠦᠯᠵᠢᠶᠡᠨᠳᠦ ᠭᠠᠷᠬᠤ ᠭᠡᠵᠦ᠍ ᠪᠠᠢᠭ᠎ᠠ ᠴᠠᠷᠠᠰᠤᠨ ᠪᠠᠯᠭᠠᠰᠤᠨ ᠤ᠋ ᠱᠠᠭᠠᠷᠭᠠᠨ ᠭᠠᠴᠠᠭᠠᠨ ᠤ᠋ ᠵᠥᠪᠯᠡᠯ ᠤ᠋ᠨ ᠮᠥᠬᠥᠯᠢᠭ ᠪᠣᠯᠪᠠᠰᠤᠷᠠᠭᠤᠯᠬᠤ ᠦᠶ᠋ᠯᠡᠳᠪᠦᠷᠢ᠂ ᠡᠭᠦᠳᠡᠨ ᠬᠡᠷ ᠵᠢᠡᠨ ᠲᠦᠷᠢᠶᠡᠰᠦᠯᠡᠭᠦᠯᠬᠦ᠌ ᠵᠡᠷᠭᠡ ᠲᠥᠷᠥᠯ ᠵᠦᠶ᠋ᠯ ᠪᠠᠭ᠍ᠲᠠᠵᠤ᠂ ᠰᠤᠯᠢᠯᠴᠠᠭᠠᠨ ᠤ᠋ ᠲᠠᠪᠴᠠᠩᠨᠢ ᠬᠥᠳᠡᠭᠡ ᠲᠣᠰᠭᠣᠨ ᠤ᠋ ᠦᠶ᠋ᠯᠡᠳᠪᠦᠷᠢᠯᠡᠯ ᠤ᠋ᠨ ᠡᠯᠧᠮᠧᠨ᠋ᠲ ᠤ᠋ᠨ ᠵᠦᠶ ᠵᠣᠬᠢᠰᠲᠠᠶ ᠱᠢᠯᠵᠢᠯᠲᠡ ᠶ᠋ᠢ ᠦᠷᠭᠦᠯᠵᠢᠯᠡᠨ ᠳᠠᠢᠴᠢᠯᠠᠬᠤ ᠪᠣᠯᠤᠨ᠎ᠠ ᠭᠡᠪᠠ᠃